ᠵᠢᠮᠢᠰᠲᠠᠢ ᠵᠢᠭᠤᠯᠴᠢᠯᠠᠯ ᠤᠨ ᠤᠷᠤᠨ
ᠨᠡᠶᠢᠲᠡᠯᠡᠭᠰᠡᠨ ᠴᠠᠭ᠄
2018-10-11
     ᠵᠢᠮᠢᠰᠲᠠᠢ ᠵᠢᠭᠤᠯᠴᠢᠯᠠᠯ ᠤᠨ ᠤᠷᠤᠨ ᠨᠢ ᠲᠠᠷᠬᠠᠨ ᠮᠤᠤᠮᠢᠩᠭᠠᠨ ᠬᠤᠯᠪᠤᠭᠠᠲᠦ ᠬᠤᠰᠢᠭᠤᠨ ᠤ ᠪᠠᠲᠤᠬᠠᠭᠠᠯᠭ᠎ᠠ ᠪᠠᠯᠭᠠᠰᠤᠨ ᠠᠴᠠ ᠪᠠᠷᠠᠭᠤᠨᠰᠢ 22 ᠺᠢᠯᠤᠮᠧᠲᠷ ᠵᠠᠶᠢᠲᠠᠢ ᠭᠠᠵᠠᠷ ᠲᠤ ᠪᠠᠶᠢᠷᠢᠯᠠᠵᠦ᠂ ᠰᠡᠭᠦᠶᠢᠨ ᠰᠦᠨᠲᠡᠷᠯᠡᠭᠰᠡᠨ ᠠᠭᠤᠯᠠᠨ ᠤᠷᠬᠢᠯ ᠢᠶᠠᠷ ᠪᠦᠷᠢᠯᠳᠤᠵᠦ᠂ ᠤᠷᠴᠢᠨ ᠲᠤᠭᠤᠷᠢᠨ ᠨᠢ ᠭᠤᠶᠢᠲᠡ ᠰᠠᠶᠢᠬᠠᠨ᠂ ᠡᠪᠡᠰᠦ ᠮᠤᠲᠦ ᠨᠢ ᠨᠤᠮᠢᠨ ᠨᠤᠭᠤᠭᠠᠨ᠂ ᠬᠠᠳᠠ ᠴᠢᠯᠠᠭᠤ ᠨᠢ ᠬᠠᠴᠢᠨ ᠵᠢᠭᠲᠡᠢ ᠪᠠᠶᠢᠵᠦ᠂ ᠲᠦᠷᠦᠯᠬᠢ ᠲᠦᠷᠰᠦ ᠪᠠᠶᠢᠲᠡᠯ ᠢᠶᠠᠷ ᠢᠶᠠᠨ ᠲᠦᠮᠡᠨ ᠤᠯᠠᠨ ᠤ ᠪᠠᠨ ᠲᠠᠭᠠᠰᠢᠶᠠᠯ ᠢ ᠤᠯᠵᠦ ᠪᠤᠢ᠃      

     

     ᠦᠷᠭᠡᠨ ᠠᠭᠤᠳᠠᠮ ᠲᠠᠷᠬᠠᠨ ᠮᠤᠤᠮᠢᠩᠭᠠᠨ ᠤ ᠲᠠᠯ᠎ᠡ ᠨᠤᠳᠤᠭ ᠲᠤ ᠬᠠᠴᠢᠨ ᠵᠢᠭᠲᠡᠢ ᠤᠷᠬᠢᠯ ᠤᠳ ᠤᠯᠠᠨ

ᠪᠠᠶᠢᠲᠠᠭ᠂ ᠵᠠᠷᠢᠮ ᠨᠢ ᠲᠡᠭᠷᠢ ᠠᠴᠠ ᠪᠠᠭᠤᠭᠰᠡᠨ ᠪᠤᠳᠢᠰᠡᠳ᠋ᠸ᠎ᠠ ᠮᠡᠲᠦ᠂ ᠵᠠᠷᠢᠮ ᠨᠢ ᠮᠠᠩᠨᠤᠭ ᠮᠤᠭᠠᠢ ᠢᠲᠡᠰᠢ ᠵᠠᠯᠬᠢᠬᠤ

ᠮᠡᠲᠦ᠂ ᠵᠠᠷᠢᠮ ᠨᠢ ᠴᠢᠯᠠᠭᠤᠨ ᠲᠡᠬᠢᠶ᠎ᠡ ᠤᠰᠤ ᠤᠤᠭᠤᠬᠤ ᠮᠡᠲᠦ᠂ ᠵᠠᠷᠢᠮ ᠨᠢ ᠶᠠᠭ ᠲᠡᠮᠡᠭᠡ᠂ ᠪᠡᠴᠢᠨ᠂ ᠠᠷᠰᠯᠠᠨ᠂

ᠶᠠᠰᠤᠲᠦ ᠮᠡᠯᠡᠭᠡᠢ᠂ ᠮᠠᠲᠠᠷ ᠵᠡᠷᠭᠡ ᠠᠮᠢᠲᠡᠨ ᠲᠠᠢ ᠠᠳᠠᠯᠢ ᠪᠠᠶᠢᠵᠦ᠂ ᠪᠠᠰᠡ ᠵᠠᠷᠢᠮ ᠨᠢ ᠴᠠᠶᠢᠵᠡ ᠰᠢᠯᠳᠤᠭᠡᠨ᠁ᠮᠠᠲᠦ

ᠲᠦᠷᠰᠦᠯᠢᠭ ᠲᠦᠷᠢ ᠪᠠᠶᠢᠲᠡᠯ ᠲᠠᠢ ᠪᠠᠶᠢᠲᠠᠭ᠃

      ᠵᠢᠮᠢᠰᠲᠠᠢ ᠠᠭᠤᠯᠡ ᠶᠢᠨ ᠬᠤᠪᠤᠷ ᠨᠠᠨᠳᠢᠨ ᠡᠷᠲᠡᠨ ᠤ ᠭᠠᠵᠠᠷ ᠤᠨ ᠭᠠᠲᠠᠷᠭᠤ ᠶᠢᠨ ᠰᠦᠷᠦᠭᠵᠢᠯ ᠨᠢ ᠭᠠᠵᠠᠷ

ᠰᠢᠨᠵᠢᠯᠡᠭᠡᠨ ᠤ ᠲᠡᠦᠭᠡᠨ ᠳᠠᠬᠢ ᠠᠮᠢᠲᠦ ᠴᠢᠯᠠᠭᠤᠵᠢᠮᠠᠯ ᠪᠤᠯᠵᠦ᠂ ᠠᠭᠤᠯᠡ ᠨᠢ ︽入︾ ᠦᠰᠦᠭ ᠤᠨ ᠬᠡᠯᠪᠡᠷᠢ ᠪᠠᠷ

ᠢᠯᠡᠷᠡᠵᠦ᠂ ᠵᠠᠭᠦᠨ ᠠᠴᠠ ᠪᠠᠷᠠᠭᠤᠨᠰᠢ ᠪᠠᠨ ᠡᠬᠡ ᠪᠠᠶᠢᠭᠠᠯᠢ ᠨᠢ ᠭᠤᠶᠢᠲᠡ ᠰᠠᠶᠢᠬᠠᠨ᠂ ᠬᠠᠲᠡ ᠴᠢᠯᠠᠭᠤ ᠨᠢ ᠬᠠᠴᠢᠨ

ᠵᠢᠭᠲᠡᠢ᠂ ᠡᠪᠡᠰᠦ ᠮᠤᠲᠦ ᠨᠤᠭᠤᠭᠠᠷᠠᠨ ᠤᠷᠭᠤᠵᠦ᠂ ᠬᠤᠸᠠᠷ ᠴᠡᠴᠡᠭ ᠰᠤᠯᠤᠩᠭᠠᠷᠠᠨ ᠲᠡᠯᠭᠡᠷᠡᠵᠦ᠂ ᠡᠷᠪᠡᠬᠡᠢ ᠰᠢᠪᠠᠭᠤ

ᠲᠠᠭᠤᠯᠠᠨ ᠪᠦᠵᠢᠭᠯᠡᠵᠦ᠂ ᠵᠤᠭᠠᠴᠠᠭᠰᠡᠳ ᠤᠨ ᠪᠠᠭᠷᠬᠠᠯ ᠢ ᠲᠡᠳᠡᠵᠦ ᠪᠤᠢ᠃ ᠵᠢᠮᠢᠰᠲᠠᠢ ᠵᠢᠭᠤᠯᠴᠢᠯᠠᠯ ᠤᠨ ᠤᠷᠤᠨ ᠪᠤᠯ

ᠲᠧᠯᠸᠢᠰ ᠵᠦᠴᠦᠭᠡ ︽ᠴᠢᠩᠭᠢᠰ ᠬᠠᠭᠠᠨ︾ ᠤ ᠭᠠᠳᠠᠷ ᠦᠵᠡᠮᠵᠢ ᠶᠢᠨ ᠭᠡᠷᠡᠯ ᠵᠢᠷᠤᠭ ᠢ ᠠᠪᠤᠭᠰᠡᠨ ᠭᠠᠵᠠᠷ ᠪᠤᠯᠤᠨ᠎ᠡ᠃

       

               

                              ᠬᠤᠪᠢᠯᠭᠠᠨ ᠰᠡᠯᠬᠢᠨ ᠠᠭᠤᠢ

                     

                                           ᠠᠯᠲᠡᠨ ᠮᠡᠯᠡᠭᠡᠢ ᠰᠡᠷᠡᠨ ᠲᠠᠬᠢᠨᠢ ᠳᠤ ᠵᠤᠯᠭᠠᠬᠤ

                                                    ᠤᠰᠤᠨ ᠬᠦᠰᠢᠭᠡᠲᠦ ᠠᠭᠤᠢ

     ᠵᠢᠮᠢᠰᠲᠠᠢ ᠠᠭᠤᠯᠡ ᠶᠢᠨ ᠵᠢᠭᠤᠯᠴᠢᠯᠠᠯ ᠤᠨ ᠤᠷᠤᠨ ᠳᠤ ᠪᠠᠶᠢᠭ᠎ᠠ ᠪᠠᠶᠠᠨᠪᠤᠭᠲᠡ ᠤᠪᠤᠭ᠎ᠠ ᠪᠤᠯ ᠲᠠᠷᠠᠬᠨ

ᠮᠤᠤᠮᠢᠩᠭᠠᠨ ᠬᠤᠰᠢᠭᠤᠨ ᠤ ᠬᠤᠰᠢᠭᠤᠨ ᠤᠪᠤᠭ᠎ᠠ ᠪᠤᠯᠤᠨ᠎ᠡ᠂ ᠳ᠋ᠢᠶᠠᠮᠧᠲᠷ ᠨᠢ 15 ᠮᠧᠲᠷ᠂ ᠦᠨᠳᠦᠷ ᠨᠢ 9 ᠮᠧᠲᠷ᠃

ᠵᠢᠯ ᠪᠦᠷᠢ ᠶᠢᠨ ᠪᠢᠯᠢᠭ ᠤᠨ ᠤᠯᠠᠷᠢᠯ ᠤᠨ ᠲᠠᠪᠤᠨ ᠰᠠᠷ᠎ᠡ ᠶᠢᠨ ᠠᠷᠪᠠᠨ ᠭᠤᠷᠪᠠᠨ ᠪᠤᠯᠤᠨ ᠲᠤᠮᠳᠠᠲᠦ ᠤᠯᠤᠰ ᠤᠨ

ᠨᠡᠭᠦᠲᠡᠯ ᠰᠤᠶᠤᠯ ᠤᠨ ᠵᠤᠭᠠᠴᠠᠯ ᠤᠨ ᠨᠠᠶᠢᠷ ᠤᠨ ᠡᠬᠢᠯᠡᠯᠲᠡ ᠶᠢᠨ ᠡᠳᠤᠷ ᠲᠤ᠂ ᠲᠠᠷᠬᠠᠨ ᠮᠤᠤᠮᠢᠩᠭᠠᠨ ᠬᠤᠰᠢᠭᠤᠨ ᠤ

ᠵᠠᠰᠠᠭ ᠤᠨ ᠤᠷᠳᠤᠨ ᠠᠴᠠ ᠦᠪᠡᠲᠡᠭᠰᠢ ᠶᠡᠭᠡ ᠤᠪᠤᠭᠠᠨ ᠲᠠᠬᠢᠯᠭ᠎ᠠ ᠶᠠᠪᠤᠭᠳᠠᠭᠤᠯᠵᠦ᠂ ᠨᠤᠮ ᠤᠩᠰᠢᠵᠦ᠂ ᠵᠤᠯᠡ

ᠠᠰᠠᠭᠠᠵᠦ᠂ ᠮᠤᠷᠢ ᠰᠡᠲᠡᠷᠯᠡᠵᠦ᠂ ᠰᠢᠭᠦᠰᠦ ᠡᠷᠭᠦᠵᠦ᠂ ᠲᠠᠬᠢᠯ ᠲᠠᠯᠪᠢᠵᠦ᠂ ᠮᠦᠩᠭᠡ ᠲᠡᠭᠷᠢ ᠪᠠᠨ ᠪᠢᠰᠢᠷᠡᠨ ᠰᠢᠲᠦᠵᠦ᠂

ᠵᠢᠯ ᠳᠡᠭᠡᠨ ᠬᠤᠷ᠎ᠡ ᠪᠤᠷᠤᠭᠠᠨ ᠲᠡᠭᠰᠢ᠂ ᠬᠤᠰᠢᠭᠤ ᠲᠠᠶᠠᠭᠠᠷ ᠦᠷᠨᠢᠨ ᠬᠦᠭᠵᠢᠬᠦ ᠶᠢ ᠲᠠᠭᠠᠳᠬᠠᠳᠠᠭ ᠰᠡᠨ᠃ 2016

ᠤᠨ ᠤ 7 ᠰᠡᠷ᠎ᠡ ᠳᠤ᠂ ᠪᠠᠶᠠᠨᠪᠤᠭᠲᠡ ᠤᠪᠤᠭ᠎ᠠ ᠨᠢ ᠤᠷᠤᠨ ᠤ ᠲᠡᠰ ᠤᠨ ᠨᠠᠷᠡᠲᠦ ᠤᠪᠤᠭ᠎ᠠ ᠪᠠᠷ ᠦᠨᠡᠯᠡᠭᠲᠡᠭᠰᠡᠨ

ᠪᠠᠶᠢᠨ᠎ᠡ᠃

     

     ᠤᠷᠴᠢᠮ ᠤᠨ ᠵᠢᠯ ᠳᠤ᠂ ᠵᠢᠮᠢᠰᠲᠠᠢ ᠠᠭᠤᠯᠡ ᠶᠢᠨ ᠵᠢᠭᠤᠯᠴᠢᠯᠠᠯ ᠤᠨ ᠤᠷᠤᠨ ᠨᠢ ᠪᠦᠬᠦ ᠲᠡᠯ᠎ᠡ ᠪᠠᠷ ᠲᠡᠰ

ᠲᠡᠪᠰᠢᠭᠦᠯᠬᠦ ᠪᠠᠨ ᠪᠡᠶᠡᠯᠡᠭᠦᠯᠵᠦ᠂ ᠮᠤᠩᠭᠤᠯ ᠰᠤᠶᠤᠯ ᠤᠨ ᠤᠨᠴᠠᠯᠢᠭ ᠢᠶᠠᠷ ᠲᠤᠪᠤᠶᠢᠮ᠎ᠡ ᠢᠲᠡᠵᠦ ᠤᠤᠭᠤᠬᠤ᠂

ᠬᠤᠨᠤᠵᠦ ᠰᠠᠭᠤᠬᠤ᠂ ᠨᠠᠶᠢᠷᠯᠠᠵᠦ ᠵᠢᠷᠭᠠᠬᠤ᠂ ᠲᠤᠭᠤᠷᠢᠵᠦ ᠵᠤᠭᠠᠴᠠᠬᠤ ᠶᠢ ᠬᠠᠮᠤᠷᠤᠭᠰᠡᠨ ᠶᠡᠷᠦᠩᠬᠡᠶᠢᠯᠡᠭᠰᠡᠨ ᠴᠢᠨᠠᠷᠲᠠᠢ

ᠵᠢᠭᠤᠯᠴᠢᠯᠠᠯ ᠤᠨ ᠤᠷᠤᠨ ᠪᠤᠯᠵᠦ ᠬᠦᠭᠵᠢᠭᠰᠡᠨ ᠪᠠᠶᠢᠨ᠎ᠡ᠃ ᠬᠤᠨᠤᠭᠯᠠᠬᠤ ᠮᠤᠩᠭᠤᠯ ᠭᠡᠷ 27᠂ ᠢᠲᠡᠭᠡᠨ ᠤᠮᠳᠠᠭᠠᠨ

 ᠤ ᠮᠤᠩᠭᠤᠯ ᠭᠡᠷ 4᠂ ᠲᠠᠶᠢᠯᠠᠯᠭ᠎ᠠ ᠶᠢᠨ ᠲᠢᠩᠭᠢᠮ 1 ᠪᠠᠶᠢᠲᠠᠭ᠃ ᠮᠤᠩᠭᠤᠯ ᠦᠨᠳᠦᠰᠦᠲᠡᠨ ᠵᠤᠮ᠎ᠡ ᠶᠢᠨ ᠨᠠᠶᠢᠷ

ᠵᠢᠭᠤᠯᠴᠢᠯᠠᠯ ᠤᠨ ᠤᠷᠤᠨ ᠤ ᠨᠢᠭᠡ ᠬᠢᠯᠡᠰ ᠴᠡᠭ ᠪᠤᠯᠵᠦ ᠪᠠᠶᠢᠳᠠᠭ᠃ ᠤᠳᠤᠬᠠᠨ ᠳᠤ᠂ ᠵᠢᠭᠤᠯᠴᠢᠯᠠᠯ ᠤᠨ ᠤᠷᠤᠨ ᠳᠤ

ᠨᠢᠭᠡ ᠤᠳᠠᠭ᠎ᠠ ᠳᠤ ᠨᠡᠶᠢᠲᠡ 500 ᠬᠦᠮᠦᠨ ᠬᠤᠭᠤᠯᠠᠯᠠᠵᠦ᠂ 60 ᠬᠦᠮᠦᠨ ᠬᠤᠨᠤᠭᠯᠠᠵᠦ ᠲᠠᠶᠢᠯᠦᠨ᠎ᠡ᠃

 
ᠢᠷᠡᠯᠲᠡ᠄ ᠲᠠᠷᠬᠠᠨ ᠮᠤᠤᠮᠢᠩᠭᠠᠨ ᠤ ᠵᠠᠰᠠᠭ ᠤᠨ ᠤᠷᠳᠤᠨ ᠤ ᠰᠦᠯᠵᠢᠶ᠎ᠡ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号