ᠪᠠᠲᠤᠬᠠᠭᠠᠯᠭ᠎ᠠ ᠶᠢᠨ ᠶᠢᠰᠦᠨ ᠯᠣᠣ ᠶᠢᠨ ᠠᠮᠠ
ᠨᠡᠶᠢᠲᠡᠯᠡᠭᠰᠡᠨ ᠴᠠᠭ᠄
2020/9/7
     ᠣᠳᠣ ᠶᠢᠨ ᠪᠠᠲᠤᠬᠠᠭᠠᠯᠭ᠎ᠠ ᠨᠢ ᠤᠷᠢᠳᠤ ᠳᠠᠭᠠᠨ ᠵᠠᠰᠠᠭ ᠬᠤᠱᠣᠶ ᠳᠠᠷᠬᠠᠨ ᠴᠢᠨ ᠸᠠᠩ ᠪᠤᠨᠳᠠᠷ ᠤᠨ ᠡᠪᠦᠯᠵᠢᠶ᠎ᠡ ᠪᠠᠶᠢᠵᠤ᠂ ᠠᠶᠢᠪᠠᠭ᠎ᠠ ᠭᠤᠤᠯ᠂ ᠲᠠᠷᠭᠤᠨ ᠭᠤᠣᠯ ᠤᠨ ᠠᠭᠤᠯᠵᠠᠷ ᠤᠨ ᠬᠤᠶᠢᠲᠤ ᠳᠠᠨᠵᠢᠨ ᠳᠡᠭᠡᠷ᠎ᠡ ᠪᠠᠶᠢᠷᠢᠯᠠᠵᠤ᠂ ᠥᠯᠵᠡᠶᠢᠲᠤᠬᠤᠢ ᠭᠡᠳᠡᠭ ᠨᠡᠷ᠎ᠡ ᠲᠠᠢ ᠪᠠᠶᠢᠪᠠ᠃      ᠪᠠᠲᠤᠬᠠᠭᠠᠯᠭ᠎ᠠ ᠨᠢ ᠠᠭᠤᠯᠠ ᠪᠠᠷ ᠬᠦᠷᠢᠶᠡᠯᠡᠭᠳᠡᠨ᠂ ᠤᠰᠤ ᠪᠠᠷ ᠪᠦᠰᠡᠯᠡᠭᠳᠡᠵᠦ ᠲᠣᠭᠤᠷᠢᠭᠠᠳ ᠶᠢᠰᠦᠨ ᠠᠮᠠ ᠪᠠᠶᠢᠳᠠᠭ ᠠᠴᠠ ᠶᠢᠰᠦᠨ ᠯᠣᠣ ᠶᠢᠨ ᠠᠮᠠ ᠭᠡᠳᠡᠭ᠃      ᠵᠡᠭᠦᠨ ᠡᠮᠦᠨ᠎ᠡ ᠪᠠᠶᠢᠭ᠎ᠠ ᠪᠠᠶᠠᠨᠵᠢᠷᠦ᠋ᠬᠡ ᠠᠭᠤᠯᠠ ᠶᠢᠨ ᠡᠮᠦᠨ᠎ᠡ ᠵᠣ ᠪᠠᠷ ᠳᠠᠷᠬᠠᠨ ᠴᠢᠨ ᠸᠠᠩ ᠤᠨ ᠦᠬᠡᠷ ᠤᠨ ᠰᠦᠷᠦᠭ ᠥᠷᠯᠥᠭᠡ ᠪᠡᠯᠴᠢᠭᠡᠷᠯᠡᠨ ᠭᠠᠷᠴᠤ ᠦᠳᠡᠰᠢ ᠴᠤᠪᠤᠨ ᠢᠷᠡᠳᠡᠭ ᠠᠴᠠ ᠡᠨᠡᠬᠦ ᠠᠮᠠ ᠶᠢ ᠦᠬᠡᠷ ᠤᠨ ᠠᠮᠠ ᠭᠡᠳᠡᠭ᠃      ᠴᠠᠭᠠᠨ ᠬᠤᠰᠢᠭᠤ ︵ᠬᠡᠤᠬᠡᠨ ᠠᠭᠤᠯᠠ︶ ᠶᠢᠨ ᠵᠡᠭᠦᠨᠳᠡᠭᠦᠷ ᠨᠡᠯᠥᠶᠢᠭᠰᠡᠨ ᠶᠡᠭᠡ ᠳᠠᠷᠠᠰᠤᠲᠤ ᠬᠤᠭᠤᠯᠠᠶ ᠦᠵᠡᠭᠳᠡᠳᠡᠭ ᠪᠠᠶᠢᠭᠰᠠᠨ ᠠᠴᠠ ᠳᠠᠷᠠᠰᠤᠨ ᠤ ᠠᠮᠠ ᠭᠡᠵᠦ ᠨᠡᠷᠡᠯᠡᠵᠡᠶ᠃      ᠪᠠᠷᠠᠭᠤᠨ ᠡᠮᠦᠨᠡᠬᠢ ᠨᠠᠷᠢᠨ ᠵᠢᠯᠠᠭ᠎ᠠ ᠪᠠᠷ ᠶᠠᠪᠤᠪᠠᠯ ᠳᠠᠷᠬᠠᠨ ᠴᠢᠨ ᠸᠠᠩ ᠤᠨ ᠳᠣᠣᠷᠠᠬᠢ ᠵᠠᠶᠢᠰᠠᠩ ᠨᠣᠶᠠᠨ ᠤ ᠡᠪᠦᠯᠵᠢᠶ᠎ᠡ ᠳᠤ ᠬᠦᠷᠲᠡᠭ ᠠᠴᠠ ᠵᠠᠶᠢᠰᠠᠩ ᠤᠨ ᠠᠮᠠ ᠭᠡᠵᠦ ᠨᠡᠷᠡᠯᠡᠵᠡᠢ᠃      ᠪᠠᠷᠠᠭᠤᠨ ᠲᠠᠯ᠎ᠠ ᠳᠤᠨᠢ ᠠᠶᠢᠪᠠᠭ᠎ᠠ ᠭᠤᠣᠯ ᠤᠷᠤᠰᠴᠤ ᠢᠷᠡᠭᠰᠡᠨ ᠭᠦᠨ ᠬᠠᠪᠴᠢᠯ ᠤᠨ ᠡᠮᠦᠨ᠎ᠡ ᠠᠭᠤᠯᠠ ᠶᠢ ᠨᠢ ᠪᠤᠬᠠᠨ ᠬᠠᠷ᠎ᠠ ᠭᠡᠵᠦ᠂ ᠬᠤᠶᠢᠲᠤ ᠠᠭᠤᠯᠠᠨ ᠳᠤ ᠨᠢ ᠨᠢᠭᠡ ᠰᠠᠨᠵᠢ ᠲᠠᠢ ᠬᠠᠳᠠ ᠪᠠᠶᠢᠳᠠᠭ ᠠᠴᠠ ᠰᠠᠨᠵᠢᠲᠦ ᠬᠠᠲᠠ ᠭᠡᠵᠦ ᠨᠡᠷᠡᠯᠡᠵᠦ᠂ ᠡᠨᠡᠬᠦ ᠭᠦᠨᠬᠠᠪᠴᠢᠯ ᠢ ᠰᠠᠨᠵᠢᠲᠦ ᠬᠠᠷ᠎ᠠ ᠶᠢᠨ ᠠᠮᠠ ᠭᠡᠵᠦ ᠨᠡᠷᠡᠯᠡᠵᠡᠢ᠃      ᠪᠠᠷᠠᠭᠤᠨ ᠬᠤᠶᠢᠨ᠎ᠠ ᠠᠴᠠ ᠣᠷᠣᠵᠣ ᠢᠷᠡᠭᠰᠡᠨ ᠨᠢᠭᠡ ᠵᠢᠯᠠᠭ᠎ᠠ ᠪᠠᠶᠢᠳᠠᠭ᠃ ᠡᠨᠡ ᠵᠢᠯᠠᠭ᠎ᠠ ᠶᠢᠨ ᠵᠡᠭᠦᠨ ᠠᠭᠤᠯᠠᠨ ᠤ ᠡᠩᠭᠡᠷ ᠲᠤ ᠭᠧᠮᠫᠢ ᠶᠢᠨ ᠰᠦᠮ᠎ᠡ ᠭᠡᠳᠡᠭ ᠪᠢᠴᠢᠬᠠᠨ ᠰᠦᠮ᠎ᠡ ᠶᠢ ᠭᠤᠷᠪᠠ ᠤᠳᠠᠭ᠎ᠠ ᠪᠠᠷᠢᠭᠠᠳ ᠪᠦᠲᠦᠭᠡᠭᠰᠡᠨ ᠥᠬᠡᠶ᠃ ᠠᠩᠬ᠎ᠠ ᠤᠳᠠᠭ᠎ᠠ ᠪᠠᠷᠢᠭᠠᠳ ᠪᠠᠶᠢᠲᠠᠯ᠎ᠠ ᠬᠡᠷᠡᠮ ᠨᠢ ᠨᠤᠷᠠᠴᠢᠬᠠᠪᠠ᠃ ᠬᠤᠶᠠᠳᠠᠬᠢ ᠤᠳᠠᠭ᠎ᠠ ᠪᠠᠷᠢᠭᠠᠳ ᠪᠠᠷᠠᠲᠠᠯ᠎ᠠ ᠠᠲᠠᠷ ᠳᠡᠭᠡᠪᠦᠷ ᠨᠢ ᠴᠣᠭᠴᠢᠨ ᠳᠤᠭᠠᠩ ᠪᠠᠷᠢᠭᠰᠠᠨ ᠭᠠᠵᠠᠷ ᠰᠢᠯᠵᠢᠵᠦ ᠢᠷᠡᠭᠰᠡᠨ ᠠᠴᠠ ᠮᠥᠨ ᠣᠷᠣᠨ ᠳᠡᠭᠡᠷ᠎ᠡ ᠨᠢ ᠰᠦᠮ᠎ᠡ ᠪᠠᠷᠢᠵᠠᠶ᠃ ᠲᠡᠭᠡᠭᠡᠳ ᠡᠨᠡᠬᠦ ᠵᠢᠯᠠᠭ᠎ᠠ ᠶᠢ ᠭᠧᠮᠫᠢ ᠶᠢᠨ ᠠᠮᠠ ᠭᠡᠵᠦ ᠨᠡᠷᠡᠯᠡᠵᠡᠢ᠃      ᠬᠤᠶᠢᠨ᠎ᠠ ᠠᠴᠠ ᠣᠷᠣᠵᠤ ᠢᠷᠡᠭᠰᠡᠨ ᠶᠡᠭᠡ ᠬᠥᠨᠳᠡᠶ ᠪᠠᠷ ᠬᠠᠷᠠᠪᠠᠯ ᠮᠠᠯᠠᠭᠠᠢ ᠰᠢᠭ᠋ ᠱᠣᠪᠣᠭᠤᠷ ᠣᠷᠣᠢ ᠲᠠᠢ ᠥᠷᠭᠡᠨ ᠲᠣᠪᠤ ᠬᠠᠷᠠᠭᠳᠠᠳᠠᠭ ᠠᠴᠠ ᠮᠠᠯᠠᠭᠠᠢ ᠶᠢᠨ ᠬᠥᠲᠥᠯ ᠤᠨ ᠠᠮᠠ ᠭᠡᠵᠦ ᠨᠡᠷᠡᠯᠡᠵᠡᠢ᠃      ᠵᠡᠭᠦᠨ ᠬᠤᠶᠢᠲᠤᠬᠢ ᠪᠠᠷᠲᠠᠭ᠎ᠠ ᠶᠡᠬᠡᠲᠡᠶ ᠠᠭᠤᠯᠠ ᠶᠢᠨ ᠬᠠᠪᠴᠢᠯ ᠢᠶᠠᠷ ᠮᠠᠯ ᠰᠦᠷᠦᠭ ᠪᠡᠯᠴᠢᠬᠦ ᠳᠤ ᠢᠮᠠᠭᠠᠳ ᠨᠢ ᠳᠠᠩᠳᠠ ᠬᠠᠰᠢᠭᠳᠠᠨ ᠲᠠᠰᠤᠷᠠᠵᠤ ᠬᠤᠴᠣᠷᠳᠠᠭ ᠠᠴᠠ ᠢᠮᠠᠭ᠎ᠠ ᠬᠠᠪᠴᠢᠳᠠᠭ ᠠᠮᠠ ᠭᠡᠵᠦ ᠨᠡᠷᠡᠯᠡᠵᠡᠢ᠃      ᠵᠡᠭᠦᠨ ᠬᠤᠶᠢᠲᠤ ᠲᠠᠯ᠎ᠠ ᠪᠠᠷ ᠢᠶᠠᠨ ᠡᠯᠡᠰᠦ ᠰᠢᠷᠣᠶ ᠵᠤᠵᠠᠭᠠᠨ ᠬᠦᠮᠦᠨ ᠠᠮᠢᠳᠠᠨ ᠶᠠᠪᠤᠬᠤ ᠲᠤ ᠬᠦᠴᠢᠷᠲᠡᠶ ᠪᠠᠶᠢᠳᠠᠭ ᠠᠴᠠ ᠡᠯᠡᠰᠦᠨ ᠠᠮᠠ ᠭᠡᠵᠦ ᠨᠡᠷᠡᠯᠡᠵᠡᠢ᠃      ᠪᠠᠲᠤᠬᠠᠭᠠᠯᠭ᠎ᠠ ᠶᠢᠨ ᠵᠡᠭᠦᠨ ᠲᠠᠯ᠎ᠠ ᠳᠤ ᠠᠶᠢᠪᠠᠭ᠎ᠠ ᠭᠤᠣᠯ ᠤᠨ ᠵᠡᠭᠦᠨ ᠬᠥᠪᠡᠭᠡᠨ ᠳᠡᠭᠡᠷ᠎ᠡ ᠮᠠᠶᠢᠮᠠᠶᠢᠴᠢᠨ ᠬᠥᠮᠦᠨ ᠰᠠᠭᠤᠳᠠᠭ ᠠᠴᠠ ᠭᠤᠷᠪᠠᠨ ᠮᠠᠶᠢᠮᠠᠢ ᠭᠡᠵᠦ ᠨᠡᠷᠡᠯᠡᠨ᠂ ᠵᠡᠭᠦᠨ ᠲᠠᠯ᠎ᠠ ᠠᠴᠠ ᠣᠷᠣᠵᠤ ᠢᠷᠡᠭᠰᠡᠨ ᠨᠢᠭᠡ ᠠᠮᠠ ᠪᠠᠶᠢᠳᠠᠭ ᠢ ᠨᠢ ᠮᠥᠩᠭᠦᠨ ᠠᠮᠠ ᠭᠡᠵᠦ ᠨᠡᠷᠡᠯᠡᠵᠡᠢ᠃
 
ᠢᠷᠡᠯᠲᠡ᠄ ᠳᠠᠷᠬᠠᠨ ᠮᠤᠤᠮᠢᠩᠭᠠᠨ ᠬᠤᠯᠪᠤᠭᠠᠳᠤ ᠬᠤᠰᠢᠭᠤᠨ ᠤ ᠵᠠᠰᠠᠭ ᠤᠨ ᠤᠷᠳᠤᠨ ᠤ ᠮᠤᠩᠭᠤᠯ ᠰᠥᠯᠵᠢᠶ᠎ᠠ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号