| ᠲᠠᠷᠭᠤᠨ ᠤᠪᠤᠭ᠎ᠠ ᠭᠡᠵᠦ ᠪᠠᠳᠤᠬᠠᠭᠠᠯᠭ᠎ᠠ ᠶᠢᠨ ᠵᠡᠭᠦᠨ ᠡᠮᠦᠨ᠎ᠡ᠂ ᠬᠤᠩᠭᠤᠷ ᠲᠡᠯ᠎ᠡ ᠤᠰᠤᠨ ᠴᠦᠭᠦᠷᠦᠮ ᠤᠨ | ᠪᠠᠷᠠᠭᠤᠨ ᠡᠮᠦᠨ᠎ᠡ ᠪᠠᠶᠢᠬᠤ ᠤᠪᠤᠭ᠎ᠠ ᠶᠢ ᠬᠡᠯᠡᠨ᠎ᠡ᠃ | ᠠᠷᠦ ᠲᠤᠯᠤᠭᠠᠨ ᠤᠳᠤᠭ ᠬᠠᠯᠬ᠎ᠠ ᠶᠢᠨ ᠷᠠᠬᠤᠯᠠᠢ ᠶᠢᠨ ᠤᠤᠭᠠᠨ ᠬᠦᠪᠡᠭᠦᠨ ᠪᠤᠨᠳᠠᠷ ᠲᠦᠰᠢᠶᠠᠲᠦ ᠬᠠᠭᠠᠨ | ᠲᠠᠢ ᠦᠯᠦ ᠵᠤᠬᠢᠴᠠᠯᠳᠤᠨ ᠵᠠᠷ ᠵᠡᠪᠰᠡᠭ ᠬᠦᠲᠡᠯᠭᠡᠮᠡᠷ ᠪᠤᠯᠤᠭᠰᠡᠨ ᠤ ᠲᠠᠷᠠᠭ᠎ᠠ᠂ ᠲᠡᠭᠦᠦ ᠪᠠᠮᠪᠤᠰᠢᠳᠢ᠂ ᠵᠠᠮᠰᠦ᠂ ᠡᠷᠢᠨᠴᠢᠨ | ᠪᠤᠯᠤᠨ ᠠᠴᠢ ᠬᠦᠪᠡᠭᠦᠨ ᠭᠤᠮᠪᠤ ᠲᠠᠢ ᠬᠠᠮᠲᠦ ᠮᠢᠩᠭᠠᠭᠠᠳ ᠡᠷᠦᠭᠡ ᠪᠠᠨ ᠲᠠᠭᠠᠭᠤᠯᠤᠨ ᠡᠶᠡᠪᠡᠷ ᠵᠠᠰᠬᠴᠢ ᠶᠢᠨ | ᠠᠷᠪᠠᠳᠤᠭᠠᠷ ᠤᠨ ︵1653 ᠤᠨ︶ ᠤ ᠬᠤᠶᠠᠳᠤᠭᠠᠷ ᠰᠡᠷ᠎ᠡ ᠳᠤ᠂ ᠴᠢᠩ ᠤᠯᠤᠰ ᠤᠨ ᠵᠠᠰᠠᠭ ᠤᠨ ᠭᠠᠵᠠᠷ ᠢ ᠲᠠᠭᠠᠷᠡ | ᠢᠷᠡᠪᠡ᠃ ᠮᠦᠨ ᠵᠢᠯ ᠤᠨ ᠭᠤᠷᠪᠠᠳᠤᠭᠠᠷ ᠰᠡᠷ᠎ᠡ ᠳᠤ᠂ ᠴᠢᠩ ᠤᠯᠤᠰ ᠤᠨ ᠵᠠᠰᠠᠭ ᠤᠨ ᠭᠠᠵᠠᠷ ᠠᠴᠠ ᠪᠤᠨᠳᠠᠷ ᠢ ᠵᠠᠰᠠᠭ | ᠬᠤᠰᠢᠭᠤ ᠲᠠᠷᠬᠠᠨ ᠴᠢᠨ ᠸᠠᠩ ᠡᠷᠭᠦᠮᠵᠢᠯᠡᠵᠦ᠂ ᠲᠡᠭᠦᠨ ᠤ ᠠᠶᠢᠮᠠᠭ ᠢ ᠲᠠᠷᠭᠤᠨ ᠭᠤᠤᠯ ᠤᠷᠴᠢᠮ ᠮᠠᠯ ᠮᠠᠯᠵᠢᠳᠤᠭᠠᠢ | ᠬᠡᠮᠡᠨ ᠱᠠᠩᠨᠠᠭᠠᠳ᠂ ᠦᠪᠦᠷ ᠵᠠᠰᠠᠭ ᠤᠨ ᠤᠯᠠᠨ ᠠᠶᠢᠮᠠᠭ ᠲᠠᠢ ᠵᠡᠷᠭᠡᠴᠡᠭᠦᠯᠦᠨ᠂ ᠬᠠᠯᠬ᠎ᠠ ᠪᠠᠷᠠᠭᠤᠨ ᠭᠠᠷᠤᠨ ᠠᠶᠢᠮᠠᠭ | ᠭᠡᠵᠦ ᠨᠡᠷᠡᠯᠡᠪᠡ᠃ | ᠪᠤᠨᠳᠠᠷ ᠲᠠᠷᠬᠠᠨ ᠴᠢᠨ ᠸᠠᠩ ᠲᠠᠷᠭᠤᠨ ᠭᠤᠤᠯ ᠢᠶᠠᠷ ᠲᠦᠪ ᠪᠤᠯᠭᠠᠨ ᠨᠤᠳᠤᠬᠰᠢᠬᠤ ᠳᠤ ᠪᠠᠨ᠂ ᠲᠠᠷᠭᠤᠨ | ᠭᠤᠤᠯ ᠤᠨ ᠡᠮᠦᠨ᠎ᠡ ᠲᠡᠭᠡᠷ᠎ᠡ ᠤᠪᠤᠭ᠎ᠠ ᠪᠤᠰᠬᠠᠨ ᠲᠠᠷᠭᠤᠨ ᠤᠪᠤᠭ᠎ᠠ ᠬᠡᠮᠡᠨ ᠨᠡᠷᠡᠯᠡᠵᠦ᠂ ᠵᠠᠰᠠᠭ ᠨᠤᠶᠠᠨ ᠤ ᠭᠡᠷ | ᠡᠷᠦᠭᠡ ᠶᠢᠨ ᠤᠪᠤᠭ᠎ᠠ ᠪᠤᠯᠭᠠᠨ ᠲᠤᠬᠳᠠᠮᠠᠯ ᠪᠢᠰᠢ ᠬᠤᠭᠤᠴᠠᠭ᠎ᠠ ᠪᠠᠷ ᠰᠠᠩ ᠰᠠᠷᠵᠢᠮ ᠡᠷᠭᠦᠵᠦ ᠲᠠᠭᠠᠳᠬᠠᠨ ᠲᠠᠬᠢᠵᠦ᠂ | ᠰᠡᠭᠦᠯᠡᠷ ᠨᠢ ᠬᠤᠰᠢᠭᠤ ᠵᠠᠰᠠᠭ ᠨᠢ ᠦᠯᠵᠠᠶᠢᠳᠤᠬᠤᠢ ᠳᠤ ᠨᠡᠭᠦᠲᠡᠯᠯᠡᠨ ᠰᠠᠭᠤᠷᠢᠰᠢᠬᠰᠡᠨ ᠠᠴᠠ ᠬᠤᠶᠢᠰᠢ᠂ ᠲᠠᠷᠭᠤᠨ | ᠤᠪᠤᠭ᠎ᠠ ᠶᠢᠨ ᠲᠠᠬᠢᠯᠭ᠎ᠠ ᠲᠠᠰᠤᠷᠡᠵᠦ᠂ ᠲᠡᠦᠭᠡ ᠶᠢᠨ ᠬᠡᠷᠡᠴᠢ ᠪᠤᠯᠤᠨ ᠤᠳᠤ ᠪᠤᠯᠳᠠᠯ᠎ᠡ ᠤᠷᠤᠨ ᠳᠤ ᠪᠠᠨ ᠤᠪᠤᠶᠢᠵᠦ | ᠪᠠᠶᠢᠨ᠎ᠡ᠃ |