ᠡᠷᠳᠡᠨᠢ ᠤᠪᠤᠭ᠎ᠠ
ᠨᠡᠶᠢᠲᠡᠯᠡᠭᠰᠡᠨ ᠴᠠᠭ᠄
2019-12-11
      ᠡᠷᠳᠡᠨᠢ ᠤᠪᠤᠭ᠎ᠠ ᠬᠡᠲᠡᠭ ᠨᠢ ᠰᠢᠷᠡᠮᠦ᠋ᠷᠡᠨ ᠪᠠᠯᠭᠠᠰᠦᠨ ᠤ ᠡᠮᠦᠨ᠎ᠡ ᠬᠦᠲᠦᠯ ᠲᠡᠭᠡᠷ᠎ᠡ ᠪᠠᠶᠢᠬᠤ ᠤᠪᠤᠭ᠎ᠠ ᠶᠢ ᠬᠡᠯᠡᠨ᠎ᠡ᠃ ᠤᠤᠯ ᠳᠤ ᠪᠠᠨ ᠡᠨᠡ ᠤᠪᠤᠭ᠎ᠠ ᠨᠢ ᠬᠤᠳᠠᠯᠠ ᠨᠠᠶᠢᠯᠡᠭᠦᠯᠦᠭᠴᠢ ᠰᠦᠮ᠎ᠡ ᠶᠢᠨ ᠤᠪᠤᠭ᠎ᠠ ᠪᠠᠶᠢᠵᠦ᠂ ᠪᠢᠯᠢᠭ  ᠤᠨ ᠤᠯᠠᠷᠢᠯ ᠤᠨ ᠲᠠᠪᠤᠨ ᠰᠡᠷ᠎ᠡ ᠶᠢᠨ ᠠᠷᠪᠠᠨ ᠭᠤᠷᠪᠠᠨ ᠤ ᠡᠳᠤᠷ ᠲᠤ᠂ ᠵᠢᠰᠡ ᠠᠴᠠ ᠡᠷᠬᠢᠯᠡᠨ ᠲᠠᠬᠢᠵᠦ᠂ ᠬᠦᠷᠡᠩ ᠵᠢᠰᠦᠮ ᠤᠨ ᠠᠵᠢᠷᠭ᠎ᠠ ᠰᠡᠳᠡᠷᠯᠡᠨ᠎ᠡ᠃      ᠲᠤᠮᠳᠠᠲᠦ ᠢᠷᠭᠡᠨ ᠤᠯᠤᠰ ᠤᠨ ᠬᠤᠷᠢᠨ ᠶᠢᠰᠦᠳᠤᠭᠡᠷ ᠤᠨ ︵1940 ᠤᠨ︶ ᠳᠤ᠂ ᠶᠠᠫᠤᠨ ᠡᠵᠡᠷᠭᠡᠭ ᠲᠦᠷᠢᠮᠡᠭᠡᠶᠢᠲᠡᠨ ᠪᠠᠷᠠᠭᠤᠨ ᠮᠤᠩᠭᠤᠯ ᠤᠨ ᠭᠠᠵᠠᠷ ᠤᠷᠤᠨ ᠳᠤ᠂ ︽ᠮᠤᠩᠭᠤᠯ ᠬᠢᠵᠠᠭᠠᠷ ᠤᠨ ᠵᠠᠰᠠᠭ ᠤᠨ ᠤᠷᠳᠤᠨ︾ ᠢ ᠪᠠᠶᠢᠭᠤᠯᠬᠤ ᠳᠤ ᠪᠠᠨ ᠰᠢᠷᠡᠮᠦ᠋ᠷᠡᠨ ᠢ ᠲᠤᠰᠠᠭᠠᠷ ᠬᠤᠰᠢᠭᠤ ᠪᠤᠯᠭᠠᠨ ᠪᠠᠶᠢᠭᠤᠯᠵᠦ᠂ ᠰᠢᠷᠡᠭᠡᠲᠦ ᠬᠤᠰᠢᠭᠤ ᠬᠡᠮᠡᠨ ᠵᠠᠰᠠᠭ ᠵᠠᠬᠢᠷᠭᠠᠨ ᠤ ᠲᠡᠯ᠎ᠡ ᠪᠠᠷ ᠤᠯᠠᠭᠠᠨᠴᠡᠪ ᠠᠶᠢᠮᠠᠭ ᠲᠤ ᠬᠠᠷᠢᠶᠠᠯᠠᠭᠤᠯᠵᠦ᠂ ᠬᠤᠳᠠᠯᠠ ᠨᠡᠶᠢᠯᠡᠭᠦᠯᠦᠭᠴᠢ ᠰᠦᠮ᠎ᠡ  ᠶᠢᠨ ᠳ᠋ᠠ ᠯᠠᠮᠠ ᠰᠠᠮᠳᠠᠨ ᠬᠤᠰᠢᠭᠤ ᠲᠠᠷᠤᠭ᠎ᠠ ᠶᠢᠨ ᠲᠤᠰᠢᠶᠠᠯ ᠡᠭᠦᠷᠭᠡᠯᠡᠵᠦ᠂ ᠡᠷᠳᠡᠨᠢ ᠤᠪᠤᠭ᠎ᠠ ᠶᠢ ᠴᠦ ᠬᠤᠰᠢᠭᠤᠨ  ᠤ ᠤᠪᠤᠭ᠎ᠠ ᠪᠤᠯᠭᠠᠨ᠂ ᠬᠤᠰᠢᠭᠤ ᠪᠠᠷ ᠢᠶᠠᠨ ᠲᠠᠬᠢᠳᠠᠭ ᠪᠤᠯᠪᠡ᠃ ᠲᠠᠬᠢᠯᠭ᠎ᠠ ᠶᠢᠨ ᠲᠦᠷᠢᠮ ᠨᠢ ᠤᠭ ᠬᠡᠪ ᠢᠶᠠᠷ ᠢᠶᠠᠨ ᠦᠷᠭᠦᠯᠵᠢᠯᠡᠪᠡ᠃
 
ᠢᠷᠡᠯᠲᠡ᠄ ᠲᠠᠷᠬᠠᠨ ᠮᠤᠤᠮᠢᠩᠭᠠᠨ ᠤ ᠵᠠᠰᠠᠭ ᠤᠨ ᠤᠷᠳᠤᠨ ᠤ ᠮᠤᠩᠭᠤᠯ ᠰᠦᠯᠵᠢᠶ᠎ᠡ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号