ᠡᠵᠡᠨ ᠴᠢᠩᠭᠢᠰ ᠤᠨ ᠨᠡᠷ᠎ᠡ ᠬᠠᠶᠢᠷᠠᠯᠠᠭᠰᠡᠨ ᠨᠤᠳᠤᠭ ᠤ ᠲᠠᠪᠤᠨ ᠤᠪᠤᠭ᠎ᠠ — ᠶᠠᠪᠠᠭᠠᠨ ᠤᠪᠤᠭ᠎ᠠ
ᠨᠡᠶᠢᠲᠡᠯᠡᠭᠰᠡᠨ ᠴᠠᠭ᠄
2019-11-27
     ᠡᠷᠲᠡ ᠤᠷᠢᠲᠦ ᠶᠢᠨ ᠴᠠᠭ ᠲᠤ ᠡᠵᠡᠨ ᠴᠢᠩᠭᠢᠰ ᠬᠠᠭᠠᠨ ᠡᠷᠡᠮᠡᠭᠡᠢ ᠴᠡᠷᠢᠭ ᠢᠶᠠᠨ ᠲᠠᠶᠢᠴᠢᠯᠠᠵᠦ᠂ ᠡᠷᠡᠰ ᠪᠤᠷᠤᠭᠤ ᠨᠤᠮᠲᠡᠨ ᠢ ᠡᠷᠬᠢᠰᠢ ᠦᠭᠡᠢ ᠲᠠᠷᠤᠵᠦ᠂ ᠡᠷᠳᠠᠨᠢᠲᠦ ᠮᠤᠩᠭᠤᠯ ᠤᠷᠤᠨ ᠤ ᠪᠠᠨ ᠡᠩᠬᠡ ᠶᠢᠨ ᠬᠡᠶᠢᠮᠦᠷᠢ ᠶᠢ ᠮᠠᠨᠳᠤᠭᠤᠯᠵᠦ ᠶᠠᠪᠤᠬᠰᠠᠭᠠᠷ᠂ ᠨᠢᠭᠡ ᠡᠳᠤᠷ ᠲᠦᠷᠪᠠᠨ ᠵᠦᠭ ᠪᠡᠷ᠎ᠡ ᠲᠦᠰᠦᠷ ᠦᠭᠡᠢ ᠴᠠᠯᠠᠶᠢᠬᠰᠡᠨ ᠲᠦᠳᠦᠭᠡᠷ ᠰᠠᠶᠢᠬᠠᠨ ᠤᠪᠤᠭᠠᠨ ᠤ ᠡᠩᠭᠡᠷ ᠲᠤ ᠴᠡᠷᠢᠭ ᠤᠨ ᠲᠦᠷᠦᠭᠡ ᠠᠮᠠᠷᠠᠭᠠᠵᠦ ᠬᠡᠨ᠎ᠡ᠃      ᠲᠠᠷᠠᠭ᠎ᠠ ᠦᠷᠯᠦᠭᠡ ᠨᠢ ᠪᠤᠯᠬᠤ ᠳᠤ ᠡᠵᠡᠨ ᠴᠢᠩᠭᠢᠰ ᠬᠠᠭᠠᠨ ᠤ ᠶᠡᠭᠡ ᠪᠠᠭ᠎ᠠ ᠬᠤᠶᠠᠷ ᠰᠢᠷᠭ᠎ᠠ ᠮᠤᠷᠢ ᠨᠢ ᠲᠦᠮᠡᠨ ᠠᠬᠲᠡ ᠶᠢᠨ ᠲᠤᠳᠤᠷ᠎ᠡ ᠠᠴᠠ ᠲᠤᠬᠯᠠᠵᠦ ᠬᠤᠶᠠᠭᠤᠯᠠ ᠪᠠᠨ ᠠᠯᠠᠭ᠎ᠠ ᠪᠤᠯᠴᠢᠬᠠᠭᠰᠡᠨ ᠪᠠᠶᠢᠵᠠᠢ᠃ ᠬᠠᠭᠠᠨ ᠴᠢᠩᠭᠢᠰ ᠬᠠᠵᠠᠭᠤ ᠳᠤ ᠪᠠᠶᠢᠭ᠎ᠠ ᠰᠠᠶᠢᠳ ᠲᠦᠰᠢᠮᠡᠯ ᠢᠶᠠᠨ ᠲᠠᠭᠤᠳᠠᠵᠦ᠂ ᠶᠢᠰᠦᠨ ᠶᠠᠩᠵᠦ ᠶᠢᠨ ᠬᠡᠯᠡ ᠪᠠᠷ ᠶᠢᠰᠦᠨ ᠶᠢᠰᠦ ᠨᠠᠶᠠᠨ ᠨᠢᠭᠡᠨ ᠵᠦᠢᠯ ᠤᠨ ᠤᠴᠠᠷᠡᠯ ᠲᠤᠬᠢᠶᠠᠯ ᠢ ᠠᠨᠳᠡᠯ ᠦᠭᠡᠢ ᠮᠡᠲᠡᠲᠡᠭ ᠶᠢᠰᠦᠨ ᠬᠦᠯᠲᠦ ᠡᠷᠳᠡᠨᠢ ᠶᠢᠨ ᠵᠤᠭᠤᠰᠤᠨ ᠲᠦᠯᠭᠡ ᠪᠠᠨ ᠰᠢᠪᠰᠢᠨ ᠰᠢᠪᠰᠢᠨ ᠦᠵᠡᠪᠡᠯ᠂ ᠡᠨᠡ ᠭᠠᠵᠠᠷ ᠤᠨ ᠨᠤᠳᠤᠭ ᠤᠰᠤᠨ ᠤ ᠨᠠᠪᠳᠠᠭ ᠰᠠᠪᠳᠠᠭ ᠡᠵᠡᠨ ᠴᠢᠩᠭᠢᠰ ᠤᠨ ᠶᠡᠭᠡ ᠬᠡᠶᠢᠮᠦᠷᠢ ᠳᠤ ᠰᠢᠳᠦᠵᠦ᠂ ᠡᠷᠳᠡᠨᠢᠲᠦ ᠰᠠᠶᠢᠬᠠᠨ ᠨᠤᠳᠤᠭ ᠤᠰᠤᠨ ᠤ ᠪᠠᠨ ᠡᠯ᠎ᠡ ᠨᠤᠶᠠᠯᠢᠭ ᠤᠷᠬᠢᠯ ᠤᠳ ᠲᠤ ᠡᠷᠬᠢᠮ ᠨᠡᠷ᠎ᠡ ᠭᠤᠶᠤᠬᠤ ᠪᠠᠷ ᠡᠷᠮᠡᠭ ᠬᠦᠯᠦᠭ ᠶᠡᠭᠡ ᠪᠠᠭ᠎ᠠ ᠬᠤᠶᠠᠷ ᠰᠢᠷᠭ᠎ᠠ ᠮᠤᠷᠢ ᠶᠢ ᠨᠢ ᠡᠪᠡᠰᠤᠨ ᠤ ᠰᠤᠷᠭᠤᠭ ᠤᠰᠤᠨ ᠤ ᠲᠤᠩᠭᠠᠯᠠᠭ ᠢ ᠰᠤᠨᠢᠷᠬᠠᠭᠤᠯᠵᠦ᠂ ᠡᠷᠭᠡᠯᠡᠭᠦᠯᠦᠨ ᠴᠡᠩᠭᠡᠭᠦᠯᠵᠦ ᠢᠲᠡᠭᠡᠰᠢᠭᠦᠯᠦᠨ ᠨᠠᠭᠠᠳᠤᠭᠤᠯᠤᠯ᠎ᠡ ᠬᠡᠰᠡᠨ ᠡᠲᠡᠭᠡᠳ ᠰᠤᠨᠢᠨ ᠲᠦᠯᠭᠡ ᠪᠠᠭᠤᠵᠠᠢ ᠬᠡᠨ᠎ᠡ᠃      ᠡᠵᠡᠨ ᠴᠢᠩᠭᠢᠰ ᠬᠠᠭᠠᠨ ᠡᠨᠡ ᠰᠠᠶᠢᠬᠠᠨ ᠲᠦᠯᠭᠡ ᠪᠠᠨ ᠦᠵᠡᠨ ᠦᠵᠡᠨ ᠪᠠᠶᠠᠷᠯᠠᠵᠦ᠂ ᠤᠷᠴᠢᠨ ᠲᠤᠭᠤᠷᠢᠨ ᠤ ᠭᠠᠵᠠᠷ ᠢᠶᠠᠨ ᠤᠨᠴᠠᠭᠠᠢ ᠬᠢᠨᠠᠮᠠᠭᠠᠢ ᠠᠵᠢᠬᠯᠠᠭᠠᠳ᠄ ︽ᠡᠨᠡ ᠬᠦ ᠭᠠᠵᠠᠷ ᠡᠷᠭᠡᠭ ᠬᠤᠶᠠᠷ ᠰᠢᠷᠭ᠎ᠠ ᠮᠤᠷᠢ ᠶᠢ ᠡᠷᠭᠡᠯᠡᠭᠦᠯᠦᠨ ᠰᠢᠯᠢᠷᠡᠭᠦᠯᠵᠦ ᠶᠠᠪᠤᠭᠤᠯᠤᠭᠰᠡᠨ ᠤᠴᠢᠷ ᠠᠴᠠ ︿ᠶᠠᠪᠠᠭᠠᠨ ᠤᠪᠤᠭ᠎ᠠ﹀ ᠭᠡᠵᠦ ᠨᠡᠷᠡᠯᠡᠶ᠎ᠡ︾ ᠬᠡᠵᠠᠢ᠃ ᠲᠡᠭᠡᠭᠡᠳ ᠡᠵᠡᠨ ᠴᠢᠩᠭᠢᠰ ᠬᠠᠭᠠᠨ ᠢ ᠶᠠᠪᠠᠭᠠᠯᠠᠵᠦ ᠡᠷᠡᠮᠡᠭ ᠬᠤᠶᠠᠷ ᠬᠦᠯᠦᠭ ᠢ ᠨᠢ ᠭᠠᠵᠠᠷᠰᠢᠭᠤᠯᠤᠭᠰᠡᠨ ᠡᠨᠡ ᠬᠦ ᠪᠡᠯᠭᠡ ᠲᠤᠬᠢᠶᠠᠯ ᠲᠡᠭᠦᠯᠳᠡᠷᠵᠢᠭᠰᠡᠨ ᠰᠠᠶᠢᠬᠠᠨ ᠤᠪᠤᠭ᠎ᠠ ᠶᠢ ︽ᠶᠠᠪᠠᠭᠠᠨ ᠤᠪᠤᠭ᠎ᠠ︾ ᠬᠡᠮᠡᠨ ᠨᠡᠷᠡᠯᠡᠵᠠᠢ ᠬᠡᠨ᠎ᠡ᠃      ᠡᠨᠡ ᠤᠪᠤᠭ᠎ᠠ ᠤᠳᠤ ᠲᠠᠷᠬᠠᠨ ᠮᠤᠤᠮᠢᠩᠭᠠᠨ ᠬᠤᠯᠪᠤᠭᠠᠲᠦ ᠬᠤᠰᠢᠭᠤᠨ ᠤ ᠪᠠᠳᠤᠬᠠᠭᠠᠯᠭ᠎ᠠ ᠪᠠᠯᠭᠠᠰᠤᠨ ᠠᠴᠠ ᠪᠠᠷᠠᠭᠤᠨ ᠡᠮᠦᠨ᠎ᠡ ᠭᠤᠴᠢᠭᠠᠳ ᠭᠠᠵᠠᠷ ᠤᠨ ᠠᠯᠤᠰ ᠲᠤ ᠪᠤᠢ᠃
 
ᠢᠷᠡᠯᠲᠡ᠄ ᠲᠠᠷᠬᠠᠨ ᠮᠤᠤᠮᠢᠩᠭᠠᠨ ᠤ ᠵᠠᠰᠠᠭ ᠤᠨ ᠤᠷᠳᠤᠨ ᠤ ᠮᠤᠩᠭᠤᠯ ᠰᠦᠯᠵᠢᠶ᠎ᠡ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号