ᠪᠤᠭᠤᠷᠤᠯ ᠳᠡᠥᠬᠡ ᠰᠢᠳᠢᠯᠡᠭᠰᠡᠨ ᠪᠤᠶᠠᠨᠳᠥ ᠮᠤᠩᠭᠤᠯ ᠤᠨ ᠨᠤᠳᠤᠭ— ᠪᠠᠳᠤᠬᠠᠭᠠᠯᠭ᠎ᠠ
ᠨᠡᠶᠢᠲᠡᠯᠡᠭᠰᠡᠨ ᠴᠠᠭ᠄
2020-07-03
     ᠪᠠᠳᠤᠬᠠᠭᠠᠯᠭ᠎ᠠ ᠶᠢᠨ ᠪᠠᠶᠢᠭᠠᠯᠢ ᠶᠢᠨ ᠨᠥᠬᠦᠴᠡᠯ ᠨᠢ ᠠᠭᠤᠯᠠ ᠤᠰᠤ ᠪᠠᠷ ᠬᠥᠷᠢᠶᠡᠯᠡᠭᠳᠡᠨ᠂ ᠰᠦᠷᠯᠢᠭ ᠥᠨᠳᠥᠷ ᠬᠠᠪᠴᠢᠯ ᠪᠤᠭᠤᠮᠳᠠ ᠲᠠᠢ ᠭᠠᠵᠠᠷ ᠶᠤᠮ᠃ ᠬᠥᠮᠥᠰ ᠤᠨ ᠠᠮᠠᠨ ᠮᠠᠭᠳᠠᠭᠠᠯ ᠪᠠ ᠵᠠᠷᠢᠮ ᠳᠡᠥᠬᠡ ᠳᠡᠮᠳᠡᠭᠯᠡᠯ  ᠳᠤ ᠪᠠᠳᠤᠬᠠᠭᠠᠯᠭ᠎ᠠ ᠶᠢᠨ ᠪᠠᠶᠢᠭᠠᠯᠢ ᠶᠢᠨ ᠦᠵᠡᠮᠵᠢ ᠶᠢ ᠳᠡᠬᠢᠯ ᠤᠨ ᠤᠪᠤᠭ᠎ᠠ ᠰᠤᠪᠤᠷᠭᠠᠨ ᠰᠢᠯᠢ ᠶᠢᠨ ᠤᠪᠤᠭ᠎ᠠ ᠪᠠᠷ ᠳᠥᠰᠢᠯᠭᠡ ᠪᠤᠯᠭᠠᠨ ᠳᠡᠭᠦᠨ ᠤ ᠡᠩᠭᠡᠷ ᠬᠤᠷᠮᠤᠢ ᠶᠢᠨ ᠳᠥᠪᠰᠢᠨ ︽ᠤᠯᠪᠤᠭ︾ ᠳᠡᠭᠡᠷ᠎ᠡ ᠪᠠᠶᠢᠭᠤᠯᠤᠭᠳᠠᠵᠤ᠂ ︽ᠬᠡᠥᠬᠡᠨ ᠠᠭᠤᠯᠠ︾ ᠶᠢᠨ ᠬᠤᠷᠮᠤᠢ ᠳᠤ ᠤᠷᠤᠰᠬᠠᠯ ᠨᠡᠶᠢᠯᠡᠯᠳᠥᠭᠰᠡᠨ ᠠᠶᠢᠪᠠᠭ᠎ᠠ ᠭᠤᠤᠯ᠂ ᠳᠠᠷᠭᠤᠨ ᠭᠤᠤᠯ ᠤᠨ ᠪᠤᠯᠤᠷ ᠪᠥᠰᠡᠯᠡᠭᠦᠷ ᠪᠥᠰᠡᠯᠡᠵᠥ᠂ ᠪᠤᠬᠠᠨ ᠬᠠᠷ᠎ᠠ᠂ ᠰᠡᠨᠵᠢᠳᠥ ᠬᠠᠷ᠎ᠠ᠂ ᠪᠡᠯᠢᠩ ᠱᠤᠪᠬᠤ᠂ ᠨᠠᠷᠠᠳᠥ ᠤᠪᠤᠭ᠎ᠠ᠂ ᠶᠤᠩᠬᠤᠷ ᠤᠨ ᠴᠠᠭᠠᠨ ᠤᠪᠤᠭ᠎ᠠ᠂ ᠠᠷᠭᠠᠯᠠᠩᠳᠥ᠂ ᠴᠤᠭᠴᠠ᠂ ᠰᠢᠷᠢᠳᠥ ᠬᠠᠷ᠎ᠠ ᠤᠪᠤᠭ᠎ᠠ ᠵᠡᠷᠭᠡ ︽ᠠᠷᠰᠯᠡᠨ ᠵᠠᠭᠠᠨ︾ ᠠᠭᠤᠯᠠᠰ ᠲᠤ ᠪᠥᠰᠡᠯᠡᠭᠳᠡᠵᠥ᠂ ᠳᠡᠷᠢᠰᠤᠨ ᠠᠮᠠ᠂ ᠦᠭᠡᠷ ᠤᠨ ᠠᠮᠠ᠂ ᠡᠯᠡᠰᠤᠨ ᠠᠮᠠ᠂ ᠮᠥᠩᠭᠦᠨ ᠠᠮᠠ᠂ ᠢᠯᠠᠭ᠎ᠠ ᠬᠠᠪᠴᠢᠳᠠᠭ ᠠᠮᠠ᠂ ᠳᠠᠰᠢᠳᠤᠬᠤᠢ ᠶᠢᠨ ᠠᠮᠠ᠂ ᠭᠧᠮᠫᠢ ᠶᠢᠨ ᠠᠮᠠ᠂ ᠰᠡᠨᠵᠢᠳᠥ ᠬᠠᠷ᠎ᠠ ᠶᠢᠨ ᠠᠮᠠ᠂ ᠵᠠᠶᠢᠰᠠᠩ ᠤᠨ ᠠᠮᠠ ᠭᠡᠬᠦ ᠮᠡᠳᠥ ᠶᠢᠨ ︽ᠶᠢᠰᠤᠨ ᠯᠤᠤ︾ ᠰᠠᠬᠢᠭᠰᠠᠨ ᠵᠥᠭ ᠪᠥᠬᠦᠨ ᠳᠡᠭᠡᠨ ᠨᠡᠪᠳᠡᠷᠡᠯᠴᠡᠬᠦ ᠬᠠᠭᠠᠯᠠᠭ᠎ᠠ ᠡᠭᠦᠳᠡ ᠲᠠᠢ ᠳᠥᠷᠰᠦᠯᠡᠭᠰᠡᠨ ᠪᠥᠭᠡᠳ ᠴᠡᠷᠢᠭ ᠳᠠᠶᠢᠨ ᠤ ᠪᠠᠳᠥ ᠪᠠᠬᠢ ᠴᠠᠶᠢᠵᠠ ᠶᠤᠮ᠃      ᠮᠠᠨᠵᠤ ᠴᠢᠩ ᠤᠨ ᠪᠤᠭᠳᠠ ᠡᠷᠳᠡᠮᠳᠡᠨ ᠰᠠᠶᠢᠳ ᠨᠠᠷ ᠠᠴᠠ ᠡᠩᠭᠡ ᠠᠮᠤᠭᠤᠯᠠᠩ ᠤᠨ ᠬᠠᠷᠠᠭᠴᠢᠨ ᠬᠤᠨᠢᠨ ᠵᠢᠯ  ᠤᠨ ᠨᠠᠮᠤᠷ ᠪᠠᠳᠤᠬᠠᠭᠠᠯᠭ᠎ᠠ ᠶᠢᠨ ᠠᠭᠤᠯᠠ ᠤᠰᠤᠨ ᠤ ᠥᠩᠭᠡ ᠦᠵᠡᠮᠵᠢ ᠪᠤᠯᠤᠨ ᠪᠠᠶᠢᠭᠠᠯᠢ ᠶᠢᠨ ᠪᠠᠭ᠋ᠠᠷᠤᠮ᠎ᠠ ᠰᠠᠶᠢᠬᠠᠨ ᠭᠠᠶᠢᠬᠠᠮᠰᠢᠭᠳᠤ ᠦᠵᠡᠭᠳᠡᠯ ᠤᠳ ᠢ ᠳᠥᠷᠰᠤᠯᠡᠨ ᠮᠠᠭᠳᠠᠵᠥ ᠦᠯᠡᠳᠡᠭᠡᠭᠰᠡᠨ ᠭᠤᠷᠪᠠᠨ ᠪᠠᠳᠠᠭ ᠮᠠᠭᠳᠠᠭᠤᠯ ᠰᠢᠯᠥᠭ ᠪᠤᠢ᠃              ᠪᠠᠳᠤᠬᠠᠭᠠᠯᠭ᠎ᠠ ᠶᠢᠨ ᠮᠠᠭᠳᠠᠭᠠᠯ ᠡᠭᠴᠡ ᠬᠠᠶᠢᠷᠠᠬᠠᠨ ᠠᠭᠤᠯᠠᠷᠬᠠᠭ ᠣᠷᠬᠢᠯ ᠤᠳ ᠦᠯᠢᠶᠡᠬᠦ ᠰᠠᠯᠬᠢᠨ ᠳᠤ ᠨᠠᠶᠢᠭᠤᠭᠰᠠᠨ ᠡᠪᠡᠰᠥ ᠤᠷᠭᠤᠮᠠᠯ ᠠᠭᠤᠳᠠᠮ ᠳᠠᠯ᠎ᠠ ᠳᠤ ᠪᠤᠭᠤ ᠭᠥᠷᠥᠭᠡᠰᠥ ᠳᠡᠪᠬᠢᠬᠤᠶ᠎ᠠ ᠤᠭᠳᠠᠷᠭᠤᠢ ᠶᠢᠨ ᠭᠥᠨ ᠳᠤ ᠬᠤᠨ ᠭᠠᠯᠠᠭᠤ ᠬᠠᠯᠢᠨ ᠳᠡᠭᠦᠯᠢᠴᠥᠭᠦᠢ ᠳᠡᠷᠳᠡᠭᠡ ᠳᠤᠷ ᠥᠯᠥᠨ ᠴᠢᠨ᠋ᠸ᠎ᠠ ᠤᠭᠤᠬᠢᠯᠡᠨ ᠵᠡᠷᠯᠢᠭᠳᠡᠭᠦᠶ᠎ᠡ ᠲᠡᠮᠡᠭᠡᠨ ᠤ ᠬᠤᠩᠬᠤ ᠳᠢᠩᠬᠢᠷ ᠳᠠᠩᠭᠠᠷ ᠳᠤᠤᠭᠠᠷᠴᠤᠬᠤᠢ ᠠᠶᠢᠪᠠᠭ᠎ᠠ ᠳᠠᠷᠭᠤᠨ ᠭᠤᠤᠯ ᠤᠨ ᠤᠷᠤᠰᠬᠠᠯ ᠠᠨᠤ ᠬᠠᠷᠢᠯᠴᠠᠨ ᠰᠥᠯᠵᠢᠯᠳᠥᠵᠥ ᠬᠤᠬᠡᠨ ᠠᠭᠤᠯᠠᠨ ᠤ ᠬᠤᠷᠮᠤᠢ ᠳᠤᠷ ᠬᠤᠤᠰ ᠯᠤᠤ ᠶᠢᠨ ᠠᠮᠠᠨ ᠠᠴᠠ ᠰᠤᠪᠤᠳ ᠬᠡᠯᠬᠢᠶ᠎ᠡ ᠰᠠᠴᠤᠷᠠᠵᠤᠬᠤᠢ ᠠᠷᠢᠭᠤᠨ ᠲᠤᠩᠭᠠᠯᠠᠭ ᠤᠷᠤᠰᠬᠠᠯ ᠤᠨ ᠰᠦᠷᠳᠥ ᠳᠠᠪᠠᠯᠭᠠᠨ ᠠᠨᠤ ᠡᠷᠳᠡᠨ ᠤ ᠪᠤᠭᠤᠮᠳᠡ ᠶᠢ ᠭᠤᠷᠪᠠᠨ ᠳᠠᠯ᠎ᠠ ᠪᠠᠷ ᠪᠦᠷᠢᠶᠡᠰᠦᠯᠡᠨ ᠡᠷᠴᠢᠳᠥ ᠬᠥᠴᠥᠨ ᠢᠶᠠᠷ ᠴᠡᠯᠬᠢᠯᠡᠨ ᠤᠷᠤᠰᠤᠭᠰᠠᠭᠠᠷ ᠡᠳᠡᠭᠡᠳ ᠬᠤᠯᠠ ᠶᠢᠨ ᠳᠡᠭᠷᠢ ᠨᠠᠭᠤᠷ ᠲᠤ ᠴᠢᠳᠬᠤᠵᠤᠬᠤᠢ ᠪᠤᠯᠠᠭ ᠤᠨ ᠡᠬᠢ ᠶᠢᠰᠤᠨ ᠯᠤᠤ ᠤᠨ ᠠᠮᠠᠨ ᠳᠡᠭᠡᠷ᠎ᠡ ᠪᠤᠶᠠᠨ ᠢ ᠪᠠᠳᠠᠷᠠᠭᠤᠯᠤᠭᠴᠢ ᠰᠥᠮ᠎ᠡ ᠳᠡᠯᠡᠬᠡᠢ ᠳ᠋ᠡᠬᠢᠨ᠎ᠡ ᠠᠯᠳᠡᠷᠰᠢᠵᠥ ᠪᠤᠮ ᠳᠥᠮᠡᠨ ᠢᠰᠡᠭᠡᠢ ᠭᠡᠷ ᠤᠢ ᠮᠡᠳᠥ ᠵᠢᠭᠳᠡᠷᠡᠨ ᠪᠤᠰᠴᠥ ᠪᠤᠳᠡ ᠪᠤᠭ ᠤᠨ ᠮᠥᠭᠡᠷᠡᠯᠳᠥᠬᠦ ᠳᠠᠭᠤᠨ ᠳᠠᠯ᠎ᠡ ᠨᠤᠳᠤᠭ ᠲᠤ ᠬᠠᠩᠬᠢᠨᠠᠬᠤᠢ ᠳᠤᠷ ᠪᠠᠶᠢᠯᠳᠤᠭᠠᠨ ᠤ ᠠᠭᠳᠠ ᠣᠮᠤᠭ ᠰᠥᠷᠳᠡᠢ ᠪᠠᠷ ᠦᠦᠷᠰᠡᠬᠦᠶ᠎ᠡ ᠪᠤᠷᠬᠠᠨ ᠤᠨ ᠳᠡᠥᠬᠡ ᠢᠨᠤ ᠲᠥᠮᠡᠨ ᠦᠶ᠎ᠡ ᠠᠯᠳᠠᠷᠰᠢᠵᠤᠬᠤᠢ
 
ᠢᠷᠡᠯᠲᠡ᠄ ᠳᠠᠷᠬᠠᠨ ᠮᠤᠤᠮᠢᠩᠭᠠᠨ ᠬᠤᠯᠪᠤᠭᠠᠳᠤ ᠬᠤᠰᠢᠭᠤᠨ ᠤ ᠵᠠᠰᠠᠭ ᠤᠨ ᠤᠷᠳᠤᠨ ᠤ ᠮᠤᠩᠭᠤᠯ ᠰᠥᠯᠵᠢᠶ᠎ᠠ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号