ᠠᠳᠤᠭᠤᠨᠴᠢᠯᠠᠭᠤ ᠰᠦᠮ᠎ᠡ
ᠨᠡᠶᠢᠲᠡᠯᠡᠭᠰᠡᠨ ᠴᠠᠭ᠄
2019-09-09
     ᠲᠤᠰ ᠰᠦᠮ᠎ᠡ ᠶᠢ ᠠᠳᠤᠭᠤ ᠰᠢᠭ᠋ ᠬᠦᠰᠢᠶ᠎ᠡ ᠴᠢᠯᠠᠭᠤ ᠲᠠᠢ ᠲᠤᠪᠤᠷᠬᠠᠭ ᠭᠠᠵᠠᠷ ᠪᠠᠶᠢᠭᠤᠯᠤᠭᠰᠡᠨ ᠪᠤᠯᠬᠤᠷ ᠭᠠᠵᠠᠷ ᠤᠨ ᠬᠢᠨᠢ ᠰᠢᠨᠵᠢ ᠪᠠᠶᠢᠲᠡᠯ ᠢᠶᠠᠷ ᠠᠳᠤᠭᠤᠨᠴᠢᠯᠠᠭᠤ ᠰᠦᠮ᠎ᠡ ᠭᠡᠵᠦ ᠨᠡᠷᠡᠯᠡᠭᠰᠡᠨ ᠪᠠᠶᠢᠨ᠎ᠡ᠃ ᠡᠨᠡ ᠰᠦᠮ᠎ᠡ ᠶᠢ ᠲᠤᠮᠳᠠᠲᠦ ᠢᠷᠭᠡᠨ ᠤᠯᠤᠰ ᠤᠨ ᠶᠢᠰᠦᠳᠤᠭᠡᠷ ᠤᠨ ︵1920 ᠤᠨ︶ ᠳᠤ ᠮᠤᠤᠮᠢᠩᠭᠠᠨ ᠬᠤᠰᠢᠭᠤᠨ ᠤ ᠠᠷᠪᠠᠳᠤᠭᠠᠷ ᠦᠶ᠎ᠡ ᠶᠢᠨ ᠵᠠᠰᠠᠭ ᠴᠢᠮᠡᠳᠷᠢᠨᠴᠢᠨᠬᠤᠷᠸ᠎ᠠ ᠶᠢᠨ ᠦᠶ᠎ᠡ ᠳᠤ ᠪᠠᠶᠢᠭᠤᠯᠵᠠᠢ᠃ ᠢᠯᠡᠷᠭᠡᠶᠢᠯᠡᠯ ᠤᠨ ᠨᠡᠷ᠎ᠡ ᠪᠠᠶᠢᠬᠰᠡᠨ ᠡᠰᠡᠬᠦ  ᠶᠢ ᠮᠡᠲᠡᠬᠦ ᠦᠭᠡᠢ᠃ ᠲᠤᠰ ᠰᠦᠮ᠎ᠡ ᠪᠤᠯ ᠲᠠᠷᠤᠢ ᠰᠢᠷᠠᠴᠢᠯᠠᠭᠤᠨ ᠰᠦᠮ᠎ᠡ ᠶᠢᠨ ᠬᠠᠷᠢᠶᠠᠲᠦ ᠰᠦᠮ᠎ᠡ ᠪᠤᠯᠤᠨ᠎ᠡ᠃ ᠲᠤᠰ ᠰᠦᠮ᠎ᠡ ᠮᠤᠩᠭᠤᠯ ᠨᠤᠮ ᠤᠨ ᠤᠩᠰᠢᠯᠭ᠎ᠠ ᠲᠠᠢ᠂ ᠰᠦᠮ᠎ᠡ ᠶᠢᠨ ᠵᠠᠭᠦᠨᠲᠠᠢ ᠨᠢ ᠪᠠᠶᠢᠭ᠎ᠠ ᠨᠤᠮᠲᠦ ᠤᠪᠤᠭ᠎ᠠ ᠶᠢ ᠲᠠᠬᠢᠳᠠᠭ ᠪᠠᠶᠢᠵᠠᠢ᠃ ᠵᠠᠰᠠᠭ ᠵᠠᠬᠢᠷᠭᠠᠨ ᠤ ᠲᠡᠯ᠎ᠡ ᠪᠠᠷ ᠵᠡᠭᠦᠨ ᠰᠤᠮᠤᠨ ᠳᠤ ᠬᠠᠮᠢᠶᠠᠷᠤᠭᠳᠠᠵᠦ ᠪᠠᠶᠢᠪᠡ᠃ ᠬᠤᠪᠢᠯᠭᠠᠨ ᠯᠠᠮᠠ ᠲᠠᠢ᠂ ᠰᠡᠭᠦᠯ ᠤᠨ ᠬᠤᠪᠢᠯᠭᠠᠨ ᠨᠢ ᠵᠠᠮᠢᠶᠠᠨᠬᠤᠷᠯᠦ ᠶᠢᠨ ᠬᠦᠦ ᠪᠠᠶᠢᠵᠦ᠂ 1940 ᠤᠨ ᠤ ᠦᠶ᠎ᠡ ᠪᠠᠷ ᠵᠠᠯᠠᠭᠤ ᠨᠠᠰᠤᠨ ᠳᠠᠭᠠᠨ ᠡᠪᠡᠳᠴᠢᠨ ᠢᠶᠠᠷ ᠨᠠᠰᠦ ᠪᠠᠷᠠᠬᠰᠡᠨ ᠪᠠᠶᠢᠨ᠎ᠡ᠃ ᠲᠤᠰ ᠰᠦᠮ᠎ᠡ ᠪᠤᠯ ᠪᠠᠭ᠎ᠠ ᠰᠢᠭ᠋ ᠰᠦᠮ᠎ᠡ ᠪᠤᠯᠬᠤᠷ ᠨᠢᠭᠡ ᠯᠠ ᠲᠤᠭᠠᠩ ᠲᠠᠢ᠂ ᠬᠡᠲᠦᠭᠡᠨ ᠬᠦᠷᠢᠶ᠎ᠡ ᠪᠠᠶᠢᠰᠢᠩ ᠲᠠᠢ ᠪᠠᠶᠢᠵᠠᠢ᠃ 1947 ᠤᠨ ᠳᠤ ᠷᠢᠨᠴᠢᠨᠳᠠᠯᠠᠢ ︵ᠵᠢᠭᠡ ᠬᠦᠦ ᠵᠢᠷᠤᠮᠲᠦ ᠪᠠᠨ ᠵᠠᠰᠠᠭ ᠵᠠᠯᠭᠠᠮᠵᠢᠯᠠᠭᠤᠯᠵᠦ ᠰᠠᠭᠤᠯᠭᠠᠬᠤ ᠳᠠᠭᠠᠨ︶ ᠮᠤᠤᠮᠢᠩᠭᠠᠨ ᠬᠤᠰᠢᠭᠤᠨ ᠤ ᠵᠠᠰᠠᠭ ᠤᠨ ᠤᠷᠳᠤᠨ ᠢ ᠪᠠᠶᠢᠭᠤᠯᠬᠤ ᠳᠤ ᠲᠤᠰ ᠰᠦᠮ᠎ᠡ ᠶᠢ ᠲᠤᠰᠬᠠᠶᠢᠯᠠᠨ ᠪᠠᠭᠤᠯᠭᠠᠵᠦ ᠮᠤᠳᠤ ᠶᠢ ᠨᠢ ᠬᠡᠷᠡᠭᠯᠡᠪᠡ᠃ ᠰᠦᠮ᠎ᠡ  ᠶᠢᠨ ᠲᠤᠳᠤᠷᠡᠬᠢ ᠪᠤᠷᠬᠠᠨ ᠪᠡ ᠰᠢᠲᠦᠯᠭᠡᠨ ᠤ ᠡᠳ᠋ᠯᠡᠭᠦᠨ ᠬᠡᠷᠡᠭᠰᠡᠯ ᠢ ᠨᠢ ᠴᠦᠮ ᠰᠢᠷᠠᠴᠢᠯᠠᠭᠤᠨ ᠰᠦᠮ᠎ᠡ ᠳᠤ ᠲᠤᠰᠢᠶᠠᠵᠠᠢ᠃ ᠲᠤᠰ ᠰᠦᠮ᠎ᠡ ᠮᠦᠨ ᠢᠩᠬᠢᠭᠡᠳ ᠶᠠᠭᠤ ᠴᠦ ᠦᠭᠡᠢ ᠪᠤᠯᠵᠦ᠂ ᠬᠤᠴᠤᠷᠤᠭᠰᠡᠨ ᠪᠠᠭᠤᠷᠢ ᠨᠢ ᠤᠳᠤ ᠪᠠᠶᠠᠨᠵᠢᠷᠦᠭᠡ ᠰᠤᠮᠤᠨ ᠤ ᠮᠠᠨᠳᠠᠯ ᠭᠠᠴᠠᠭᠠᠨ ᠳᠤ ᠪᠠᠶᠢᠨ᠎ᠡ᠃
 
ᠢᠷᠡᠯᠲᠡ᠄ ᠲᠠᠷᠬᠠᠨ ᠮᠤᠤᠮᠢᠩᠭᠠᠨ ᠤ ᠵᠠᠰᠠᠭ ᠤᠨ ᠤᠷᠳᠤᠨ ᠤ ᠮᠤᠩᠭᠤᠯ ᠰᠦᠯᠵᠢᠶ᠎ᠡ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号