ᠬᠠᠰᠡᠷ ᠤᠨ ᠲᠠᠬᠢᠯᠭ᠎ᠠ ᠵᠢᠴᠢ ᠲᠤᠯᠤᠳᠤᠭᠠᠷ ᠬᠤᠭᠤᠴᠠᠭᠠᠨ ᠤ ᠬᠠᠰᠡᠷ ᠤᠨ ᠲᠠᠬᠢᠯᠭ᠎ᠠ ᠶᠢᠨ ᠰᠤᠶᠤᠯ ᠤᠷᠠᠯᠢᠭ ᠤᠨ ᠨᠠᠶᠢᠷ ᠲᠠᠷᠬᠠᠨ ᠮᠤᠤᠮᠢᠩᠭᠠᠨ ᠬᠤᠯᠪᠤᠭᠠᠲᠦ ᠬᠤᠰᠢᠭᠤᠨ ᠤ ᠮᠢᠩᠭᠠᠨ ᠪᠠᠯᠭᠠᠰᠤᠨ ᠳᠤ ᠶᠠᠪᠤᠬᠳᠠᠭᠰᠡᠨ
ᠨᠡᠶᠢᠲᠡᠯᠡᠭᠰᠡᠨ ᠴᠠᠭ᠄
2019-09-03
     ᠪᠢᠯᠢᠭ ᠤᠨ ᠤᠯᠠᠷᠢᠯ ᠤᠨ 7 ᠰᠡᠷ᠎ᠡ ᠶᠢᠨ 27 ᠤ ᠡᠳᠤᠷ ︵8 ᠰᠡᠷ᠎ᠡ ᠶᠢᠨ 27 ᠳᠤ︶ ᠬᠠᠰᠠᠷ ᠪᠤᠬᠲᠡ ᠶᠢᠨ ᠨᠠᠮᠤᠷ ᠤᠨ ᠤᠯᠠᠷᠢᠯ ᠤᠨ ᠲᠠᠬᠢᠯᠭ᠎ᠠ ᠵᠢᠴᠢ ᠲᠤᠯᠤᠳᠤᠭᠠᠷ ᠬᠤᠭᠤᠴᠠᠭᠠᠨ ᠤ ᠬᠠᠰᠡᠷ ᠤᠨ ᠲᠠᠬᠢᠯᠭ᠎ᠠ ᠶᠢᠨ ᠰᠤᠶᠤᠯ ᠤᠷᠠᠯᠢᠭ ᠤᠨ ᠨᠠᠶᠢᠷ ᠲᠠᠷᠬᠠᠨ ᠮᠤᠤᠮᠢᠩᠭᠠᠨ ᠬᠤᠯᠪᠤᠭᠠᠲᠦ ᠬᠤᠰᠢᠭᠤᠨ ᠤ ᠮᠢᠩᠭᠠᠨ ᠪᠠᠯᠭᠠᠰᠤᠨ ᠳᠤ ᠦᠪᠡᠲᠡᠭᠰᠢ ᠶᠡᠭᠡ ᠪᠠᠷ ᠶᠠᠪᠤᠬᠳᠠᠭᠰᠡᠨ ᠪᠠᠶᠢᠨ᠎ᠡ᠃    

     ᠮᠤᠩᠭᠤᠯ ᠲᠤᠭᠤᠷᠭᠠᠲᠡᠨ ᠤ ᠲᠡᠭᠡᠳᠤᠰ᠂ ᠨᠢᠭᠡᠨ ᠦᠶ᠎ᠡ ᠶᠢᠨ ᠪᠠᠭᠠᠳᠤᠷᠯᠢᠭ ᠬᠦᠪᠡᠭᠦᠨ ᠬᠠᠰᠡᠷ ᠪᠤᠯ ᠡᠵᠡᠨ

ᠪᠤᠬᠲᠡ ᠴᠢᠩᠭᠢᠰ ᠬᠠᠭᠠᠨ ᠤ ᠬᠤᠶᠠᠳᠤᠭᠠᠷ ᠲᠡᠭᠦᠦ ᠨᠢ ᠪᠤᠯᠬᠤ ᠶᠤᠮ᠃ ᠵᠦᠴᠢ ᠬᠠᠰᠠᠷ ᠬᠠᠷᠠᠬᠠᠨ ᠪᠠᠭ᠎ᠠ ᠠᠴᠠ ᠪᠠᠨ

ᠢᠲᠡᠷ ᠴᠢᠬᠢᠷᠠᠭ ᠪᠦᠭᠡᠳ ᠬᠠᠷᠪᠤᠵᠦ ᠨᠠᠮᠨᠠᠬᠤ ᠳᠠᠭᠠᠨ ᠬᠠᠪᠤᠲᠠᠢ ᠪᠠᠶᠢᠳᠠᠭ ᠠᠴᠠ ᠲᠡᠭᠦᠨ ᠢ ᠬᠠᠪᠤᠲᠦ ᠬᠠᠰᠠᠷ ᠭᠡᠵᠦ

ᠬᠦᠨᠳᠦᠳᠭᠡᠨ ᠲᠠᠭᠤᠳᠠᠳᠠᠭ᠃ ᠬᠠᠪᠤᠲᠦ ᠬᠠᠰᠠᠷ 1164 ᠤᠨ ᠳᠤ ᠮᠠᠨᠳᠤᠯᠡᠵᠦ᠂ ᠲᠠᠮᠤᠵᠢᠨ ᠮᠤᠩᠭᠤᠯ ᠤᠨ ᠶᠡᠭᠡ

ᠬᠠᠭᠠᠨᠲᠦ ᠤᠯᠤᠰ ᠢ ᠪᠠᠶᠢᠭᠤᠯᠵᠦ᠂ ᠶᠡᠭᠡ ᠦᠢᠯᠡᠰ ᠢ ᠪᠦᠲᠦᠭᠡᠬᠦ ᠦᠶ᠎ᠡ ᠳᠤ᠂ ᠲᠡᠷᠡ ︽ᠴᠡᠭᠡᠨ ᠬᠠᠳᠠ︾᠂ ︽ᠴᠡᠭᠡᠯ ᠤᠨ

ᠤᠰᠤ︾ ᠮᠡᠲᠦ ᠪᠠᠲᠦ ᠪᠠᠬᠢ ᠲᠦᠰᠢᠭ ᠪᠤᠯᠵᠦ᠂ ᠪᠠᠭᠠᠳᠤᠷᠯᠢᠭ ᠢᠶᠠᠷ ᠬᠤᠰᠢᠭᠤᠷᠡᠨ ᠪᠠᠯᠠᠷᠠᠰᠢ ᠦᠭᠡᠢ ᠭᠠᠪᠢᠶ᠎ᠡ ᠵᠢᠳᠭᠦᠯ

 ᠢ ᠲᠡᠦᠭᠡᠨ ᠳᠤ ᠪᠢᠴᠢᠭᠯᠡᠭᠰᠡᠨ ᠨᠢ ᠦᠨᠡᠨᠲᠠᠢ᠃

     ᠲᠠᠷᠬᠠᠨ ᠮᠤᠤᠮᠢᠩᠭᠠᠨ ᠬᠤᠯᠪᠤᠭᠠᠲᠦ ᠬᠤᠰᠢᠭᠤᠨ ᠤ ᠮᠢᠩᠭᠠᠨ ᠪᠠᠯᠭᠠᠰᠤᠨ ᠳᠤ ᠬᠠᠪᠤᠲᠦ ᠬᠠᠰᠠᠷ ᠤᠨ

ᠲᠠᠶᠢᠯᠭ᠎ᠠ ᠶᠢᠨ ᠦᠷᠭᠦᠭᠡ ᠪᠠᠶᠢᠵᠦ᠂ ᠪᠢᠯᠢᠭ ᠤᠨ ᠤᠯᠠᠷᠢᠯ ᠤᠨ 2 ᠰᠡᠷ᠎ᠡ ᠶᠢᠨ 27 ᠤ ᠡᠳᠤᠷ᠂ 5 ᠰᠡᠷ᠎ᠡ ᠶᠢᠨ 27

 ᠤ ᠡᠳᠤᠷ᠂ 7 ᠰᠡᠷ᠎ᠡ ᠶᠢᠨ 27 ᠤ ᠡᠳᠤᠷ᠂ 10 ᠰᠡᠷ᠎ᠡ ᠶᠢᠨ 27 ᠤ ᠡᠳᠤᠷ ᠪᠤᠯᠤᠨ ᠪᠢᠲᠡᠭᠦᠨ ᠤ ᠲᠠᠬᠢᠯᠭ᠎ᠠ ᠬᠡᠭᠦ

ᠮᠡᠲᠦ ᠪᠠᠷ ᠵᠢᠯ ᠤᠨ ᠲᠠᠪᠤ ᠤᠳᠠᠭ᠎ᠠ ᠲᠠᠬᠢᠯᠭ᠎ᠠ ᠶᠢᠨ ᠶᠤᠰᠤᠯᠡᠯ ᠢ ᠦᠷᠨᠢᠭᠦᠯᠲᠡᠭ ᠤᠯᠠᠮᠵᠢᠯᠠᠯ ᠲᠠᠢ ᠶᠤᠮ᠃ ᠡᠶᠢᠮᠦ

 ᠠᠴᠠ ᠮᠤᠤᠮᠢᠩᠭᠠᠨᠴᠤᠳ ᠤᠨ ᠦᠶ᠎ᠡ ᠤᠯᠠᠷᠢᠨ ᠲᠠᠬᠢᠵᠦ ᠰᠢᠳᠦᠵᠦ ᠢᠷᠡᠭᠰᠡᠨ ᠬᠠᠪᠤᠲᠦ ᠬᠠᠰᠠᠷ ᠤᠨ ᠲᠠᠶᠢᠯᠭ᠎ᠠ ᠨᠢ

ᠲᠡᠦᠭᠡ ᠰᠤᠶᠤᠯ ᠤᠨ ᠬᠤᠪᠤᠷ ᠨᠠᠨᠳᠢᠨ ᠦᠪ ᠬᠦᠷᠦᠩᠭᠡ ᠪᠤᠯᠬᠤ ᠪᠦᠭᠡᠳ ᠮᠤᠩᠭᠤᠯ ᠤᠨ ᠲᠡᠦᠭᠡ ᠶᠢᠨ ᠰᠤᠳᠤᠯᠭᠠᠨ

 ᠳᠤ ᠴᠦ ᠦᠨ᠎ᠡ ᠴᠠᠨ᠎ᠡ ᠲᠠᠢ ᠠᠮᠢᠳᠤᠯᠢᠭ ᠮᠠᠲ᠋ᠧᠷᠢᠶᠡᠯ ᠪᠤᠯᠤᠭᠰᠡᠭᠠᠷ ᠶᠤᠮ᠃

     

      ᠤᠳᠠᠭ᠎ᠠ ᠪᠤᠯᠭᠠᠨ ᠤ ᠲᠠᠬᠢᠯᠭ᠎ᠠ ᠳᠤ ᠬᠤᠯᠠ ᠤᠶᠢᠷ᠎ᠡ ᠶᠢᠨ ᠮᠠᠯᠴᠢᠨ ᠠᠷᠡᠳ ᠵᠢᠴᠢ ᠭᠠᠳᠠᠨ᠎ᠡ ᠲᠤᠳᠤᠨ᠎ᠡ

 ᠠᠴᠠ ᠬᠦᠷᠦᠯᠴᠠᠨ ᠢᠷᠡᠭᠰᠡᠨ ᠬᠠᠰᠠᠷ ᠤᠨ ᠬᠤᠶᠢᠴᠢᠰ ᠠᠶᠢᠮᠠᠭ ᠪᠦᠯᠦᠭ ᠤᠨ ᠲᠤᠭ ᠢᠶᠠᠨ ᠮᠠᠨᠳᠤᠭᠤᠯᠵᠦ᠂ ᠮᠤᠩᠭᠤᠯ

ᠭᠤᠶᠤᠯᠠᠯ ᠢᠶᠠᠷ ᠢᠶᠠᠨ ᠲᠦᠪ ᠵᠠᠰᠠᠵᠦ᠂ ᠲᠠᠬᠢᠯᠭ᠎ᠠ ᠶᠢᠨ ᠤᠷᠳᠤᠨ ᠤ ᠡᠮᠦᠨ᠎ᠡ ᠴᠤᠬᠯᠠᠷᠡᠨ᠂ ᠲᠠᠬᠢᠯᠭ᠎ᠠ ᠶᠢᠨ ᠶᠤᠰᠤ ᠪᠠᠨ

ᠬᠦᠢᠴᠡᠳᠭᠡᠨ᠂ ᠲᠦᠮᠡᠨ ᠢᠷᠭᠡᠳ ᠲᠦᠪᠰᠢᠨ ᠠᠮᠤᠭᠤᠯᠠᠩ᠂ ᠬᠤᠷ᠎ᠡ ᠪᠤᠷᠤᠭᠠᠨ ᠡᠯᠪᠡᠭᠲᠠᠢ᠂ ᠠᠳᠤᠭᠤ ᠮᠠᠯ ᠲᠠᠷᠭᠤ

ᠰᠠᠶᠢᠳᠠᠢ᠂ ᠠᠯᠢᠪᠡ ᠪᠦᠬᠦᠨ ᠤᠷᠤᠭᠰᠢᠲᠠᠢ ᠪᠤᠯᠬᠤ ᠪᠠᠨ ᠴᠢᠩ ᠦᠨᠡᠨᠴᠢ ᠪᠠᠷ ᠵᠠᠯᠪᠠᠷᠢᠨ ᠲᠠᠭᠠᠳᠬᠠᠵᠦ ᠪᠠᠶᠢᠳᠠᠭ᠃

     ᠲᠤᠰ ᠤᠳᠠᠭᠠᠨ ᠤ ᠨᠠᠮᠤᠷ ᠤᠨ ᠲᠠᠬᠢᠯᠭ᠎ᠠ ᠨᠢ ᠤᠪᠤᠭᠠᠨ ᠤ ᠲᠠᠬᠢᠯᠭ᠎ᠠ᠂ ᠰᠦᠯᠲᠡ ᠶᠢᠨ ᠲᠠᠬᠢᠯᠭ᠎ᠠ᠂ ᠬᠠᠰᠠᠷ

 ᠤᠨ ᠲᠠᠬᠢᠯᠭ᠎ᠠ ᠬᠡᠮᠡᠨ ᠭᠤᠷᠪᠠᠨ ᠠᠯᠬᠤᠮ ᠢᠶᠠᠷ ᠶᠠᠪᠤᠬᠳᠠᠵᠦ᠂ ᠲᠠᠬᠢᠯᠭ᠎ᠠ ᠶᠢᠨ ᠶᠤᠰᠤᠯᠠᠯ ᠤᠨ ᠲᠠᠷᠠᠭ᠎ᠠ ᠮᠢᠩᠭᠠᠨ

ᠪᠠᠯᠭᠠᠰᠤᠨ ᠤ ᠨᠠᠭᠠᠳᠤᠮ ᠤᠨ ᠲᠠᠯᠠᠪᠦᠷ ᠲᠤ ᠰᠤᠶᠤᠯ ᠤᠷᠠᠯᠢᠭ ᠤᠨ ᠨᠠᠶᠢᠷ ᠡᠬᠢᠯᠡᠵᠦ᠂ ᠡᠷ᠎ᠡ ᠶᠢᠨ ᠭᠤᠷᠪᠠᠨ ᠨᠠᠭᠠᠳᠤᠮ᠂

ᠬᠦᠬᠢᠭᠦᠯᠦᠨ ᠰᠠᠶᠢᠰᠢᠶᠠᠬᠤ ᠬᠤᠷᠡᠯ᠂ ᠤᠷᠠᠨ ᠰᠠᠶᠢᠬᠠᠨ ᠤ ᠲᠤᠬᠯᠠᠯᠲᠡ ᠨᠢ ᠬᠦᠭᠵᠢᠶᠠᠨᠲᠠᠢ ᠰᠠᠶᠢᠬᠠᠨ ᠶᠠᠪᠤᠬᠳᠠᠨ᠂

ᠬᠤᠯᠠ ᠤᠶᠢᠷ᠎ᠡ ᠠᠴᠠ ᠬᠦᠷᠦᠯᠴᠠᠨ ᠢᠷᠡᠭᠰᠡᠨ ᠬᠤᠷᠠᠭᠰᠡᠨ ᠤᠯᠠᠨ ᠤ ᠪᠠᠭ᠋ᠠᠷᠬᠠᠯ ᠰᠤᠨᠢᠷᠬᠠᠯ ᠢ ᠲᠠᠳᠠᠵᠦ᠂ ᠪᠠᠶᠠᠨ

ᠨᠠᠮᠤᠷ ᠤᠨ ᠡᠬᠢᠨ ᠰᠡᠷ᠎ᠡ ᠶᠢᠨ ᠵᠢᠷᠭᠠᠬᠤ ᠨᠠᠷᠡᠨ ᠤ ᠠᠯᠳᠠᠨ ᠲᠤᠶᠠᠭ᠎ᠠ ᠪᠠᠷ᠂ ᠬᠠᠰᠡᠷ ᠤᠨ ᠲᠠᠬᠢᠯᠭ᠎ᠠ ᠶᠢᠨ ᠰᠤᠶᠤᠯ

ᠤᠷᠠᠯᠢᠭ ᠤᠨ ᠨᠠᠶᠢᠷ ᠠᠮᠵᠢᠯᠲᠡ ᠲᠠᠢ ᠦᠨᠳᠦᠷᠯᠡᠭᠰᠡᠨ ᠪᠠᠶᠢᠨ᠎ᠡ᠃

   

   

                         

                                      ᠨᠠᠶᠢᠷᠠᠭᠤᠯᠤᠭᠴᠢ᠄ ᠴᠠᠶᠢᠯᠭᠠᠨ

                                      ᠬᠦᠢᠴᠡᠳᠭᠡᠭᠴᠢ ᠬᠢᠨᠠᠬᠴᠢ᠄ ᠸᠠᠩ ᠸᠧᠨ ᠶᠢᠩ

                                      ᠶᠡᠷᠦᠩᠭᠡᠢ ᠬᠢᠨᠠᠬᠴᠢ᠄ ᠵᠠᠩ ᠬᠦᠢ ᠵᠧᠨ

                              ︽ᠪᠠᠭᠠᠳᠤᠷᠯᠢᠭ ᠲᠠᠷᠬᠠᠨ ᠮᠤᠤᠮᠢᠩᠭᠠᠨ︾ ᠵᠢᠷᠬᠢᠶ᠎ᠡ ᠠᠴᠠ ᠪᠠᠭᠤᠯᠭᠠᠪᠡ

 
ᠢᠷᠡᠯᠲᠡ᠄ ᠲᠠᠷᠬᠠᠨ ᠮᠤᠤᠮᠢᠩᠭᠠᠨ ᠤ ᠵᠠᠰᠠᠭ ᠤᠨ ᠤᠷᠳᠤᠨ ᠤ ᠮᠤᠩᠭᠤᠯ ᠰᠦᠯᠵᠢᠶ᠎ᠡ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号