ᠪᠦᠬᠦᠯᠢ ᠬᠤᠨᠢᠨ ᠰᠢᠭᠦᠰᠦ ᠶᠢᠨ ᠢᠷᠦᠭᠡᠯ
ᠨᠡᠶᠢᠲᠡᠯᠡᠭᠰᠡᠨ ᠴᠠᠭ᠄
2019-11-29
     ᠤᠮ ᠰᠠᠶᠢᠨ ᠠᠮᠤᠭᠤᠯᠠᠩ ᠪᠤᠯᠳᠤᠭᠠᠢ      ᠤᠮ ᠽᠠᠨᠳᠠᠨ ᠰᠢᠷᠡᠭᠡᠨ ᠲᠡᠭᠡᠷ᠎ᠡ ᠴᠢᠨᠢ      ᠤᠭᠤᠴᠡ ᠶᠤ᠋ ᠪᠠᠨ ᠲᠠᠯᠪᠢᠶ᠎ᠡ      ᠤᠷᠤᠭ ᠲᠦᠷᠦᠯ ᠤᠨ ᠠᠬ᠎ᠠ ᠲᠡᠭᠦᠦ ᠳᠡᠭᠡᠨ      ᠰᠢᠭᠦᠰᠦ ᠶᠠᠭᠤ ᠪᠠᠨ ᠠᠶᠢᠯᠠᠳᠬᠠᠶ᠎ᠡ      ᠽᠠᠨᠳᠠᠨ ᠮᠤᠳᠤᠨ ᠰᠢᠷᠡᠭᠡᠨ ᠲᠡᠭᠡᠷ᠎ᠡ ᠪᠠᠨ      ᠰᠠᠷᠬᠤᠳ ᠶᠤ᠋ ᠪᠠᠨ ᠰᠦᠩᠨᠡᠶ᠎ᠡ      ᠰᠠᠶᠢᠬᠠᠨ ᠲᠦᠷᠦᠯ ᠤᠨ ᠠᠬ᠎ᠠ ᠲᠡᠭᠦᠦ ᠳᠡᠭᠡᠨ      ᠰᠦᠩ ᠤᠨ ᠲᠡᠭᠡᠵᠢ ᠪᠠᠨ ᠠᠶᠢᠯᠠᠳᠬᠠᠶ᠎ᠡ      ᠪᠤᠶᠠᠨᠲᠦ ᠮᠤᠩᠭᠤᠯ ᠤᠨ ᠵᠠᠩᠰᠢᠯ ᠢᠶᠠᠷ      ᠪᠤᠭᠤᠷᠤᠯ ᠲᠡᠭᠡᠳᠤᠰ ᠤᠨ ᠵᠤᠷᠰᠢᠯ ᠢᠶᠠᠷ      ᠪᠡᠯᠡᠭ ᠤᠨ ᠲᠡᠷᠢᠭᠦᠨ ᠳᠤ ᠶᠠᠪᠤᠳᠠᠭ      ᠪᠦᠬᠦᠯᠢ ᠨᠢᠭᠡᠨ ᠰᠢᠭᠦᠰᠦ ᠪᠢᠯᠡ᠃      ᠬᠤᠯᠤᠭᠠᠨ᠎ᠡ ᠵᠢᠯ ᠤᠨ ᠬᠤᠷᠠᠭ᠎ᠠ      ᠦᠭᠡᠷ ᠵᠢᠯ ᠤᠨ ᠦᠰᠪᠦᠷᠢ      ᠪᠠᠷᠰ ᠵᠢᠯ ᠳᠤ ᠪᠦᠳᠦᠭᠦᠷᠡᠭᠰᠡᠨ      ᠪᠡᠯᠭᠡᠲᠦ ᠨᠠᠶᠢᠷ ᠤᠨ ᠲᠡᠷᠢᠭᠦᠨ ᠲᠡᠭᠡᠵᠢ ᠪᠢᠯᠡ᠃      ᠲᠦᠮᠡᠨ ᠬᠤᠨᠢᠨ ᠤ ᠲᠦᠷᠦᠭᠦᠦ      ᠮᠢᠩᠭᠠᠨ ᠬᠤᠨᠢᠨ ᠤ ᠮᠠᠩᠯᠠᠢ      ᠠᠷᠦ ᠬᠠᠩᠭᠠᠢ ᠳᠤ ᠬᠤᠷᠠᠭᠠᠯᠠᠬᠰᠡᠨ      ᠠᠳᠠᠷ ᠭᠠᠵᠠᠷ ᠢᠳᠡᠰᠢᠯᠡᠭᠰᠡᠨ      ᠬᠠᠨ ᠠᠭᠤᠯᠠ ᠶᠢᠨ ᠪᠡᠯᠴᠢᠭᠡᠷ ᠲᠠᠢ      ᠬᠠᠷᠠᠵᠡ ᠪᠤᠯᠠᠭ ᠤᠨ ᠤᠮᠲᠡ ᠲᠠᠢ      ᠬᠢᠯᠭᠠᠨ᠎ᠡ ᠪᠤᠭ ᠤᠨ ᠢᠳᠡᠰᠢ ᠲᠠᠢ      ᠬᠠᠩᠭᠠᠢ ᠭᠤᠪᠢ ᠨᠤᠳᠤᠭ ᠲᠠᠢ      ᠲᠠᠷᠬᠠᠨ ᠤ ᠨᠤᠳᠤᠭ ᠤᠨ      ᠲᠠᠷᠭᠤᠨ ᠰᠦᠷᠦᠭ ᠤᠨ ᠬᠤᠨᠢ ᠶᠤᠮᠰᠠᠨ᠃      ᠡᠪᠡᠰᠦᠨ ᠤ ᠰᠤᠷ ᠢ ᠢᠲᠡᠵᠦ      ᠤᠰᠤᠨ ᠤ ᠲᠤᠩᠭᠠᠯᠠᠭ ᠢ ᠤᠤᠭᠤᠵᠦ      ᠡᠵᠡᠨ ᠬᠦᠮᠦᠨ ᠳᠡᠭᠡᠨ ᠡᠭᠡᠯᠢᠲᠠᠢ      ᠢᠵᠢᠯᠢ ᠰᠦᠷᠦᠭ ᠲᠡᠭᠡᠨ ᠦᠭᠡᠲᠠ ᠲᠠᠢ      ᠬᠤᠷᠠᠭᠠᠯᠵᠢᠨ ᠰᠠᠶᠢᠬᠠᠨ ᠲᠠᠭᠤ ᠲᠠᠢ      ᠬᠤᠩᠭᠤᠷ ᠰᠠᠶᠢᠬᠠᠨ ᠵᠢᠰᠦ ᠲᠠᠢ      ᠬᠤᠨᠢᠨ ᠤ ᠲᠡᠷᠢᠭᠦᠨ ᠳᠤ ᠶᠠᠪᠤᠳᠠᠭ      ᠬᠤᠳᠠᠨ ᠤ ᠵᠠᠬ᠎ᠠ ᠳᠤ ᠬᠡᠪᠳᠡᠳᠡᠭ      ᠲᠡᠪᠡᠯ ᠬᠢᠪᠡᠯ ᠠᠷᠡᠰᠦ ᠨᠢ ᠰᠠᠶᠢᠬᠠᠨ      ᠲᠡᠭᠡᠪᠦᠷ ᠬᠢᠪᠡᠯ ᠤᠩᠭᠠᠰᠦ ᠨᠢ ᠰᠠᠶᠢᠬᠠᠨ      ᠪᠤᠷᠬᠠᠨ ᠰᠢᠳᠦᠭᠡᠨ ᠢ ᠲᠠᠬᠢᠳᠠᠭ      ᠪᠤᠶᠠᠨ ᠶᠡᠭᠡᠲᠠᠢ ᠰᠢᠭᠦᠰᠦ      ᠪᠤᠬᠲᠡ ᠮᠡᠷᠭᠡᠳ ᠢ ᠲᠠᠶᠢᠯᠠᠳᠠᠭ      ᠪᠦᠬᠦᠯᠢ ᠨᠢᠭᠡᠨ ᠰᠢᠭᠦᠰᠦ      ᠪᠤᠰᠤᠳ ᠤᠯᠠᠨ ᠢ ᠲᠠᠶᠢᠯᠠᠳᠠᠭ      ᠪᠤᠯᠤᠭᠰᠡᠨ ᠨᠢᠭᠡᠨ ᠰᠢᠭᠦᠰᠦ      ᠲᠦᠷᠦ ᠶᠢᠨ ᠲᠠᠶᠢᠯᠠᠯᠭ᠎ᠠ ᠳᠤ ᠶᠠᠪᠤᠳᠠᠭ      ᠲᠡᠷᠢᠭᠦᠨ ᠬᠦᠨᠲᠦᠲᠦ ᠰᠢᠭᠦᠰᠦ      ᠲᠡᠭᠡᠲᠦ ᠮᠡᠷᠭᠡᠳ ᠢ ᠲᠠᠶᠢᠯᠠᠳᠠᠭ      ᠲᠤᠭᠤᠢ ᠰᠡᠭᠦᠯ ᠲᠠᠢ ᠰᠢᠭᠦᠰᠦ      ᠲᠦᠷᠦᠯ ᠰᠠᠳᠤᠨ ᠢᠶᠠᠨ ᠲᠠᠶᠢᠯᠠᠳᠠᠭ      ᠲᠠᠷᠭᠤᠨ ᠬᠤᠨᠢᠨ ᠤ ᠰᠢᠭᠦᠰᠦ      ᠠᠯᠢᠪᠡ ᠲᠠᠶᠢᠯᠠᠯᠭ᠎ᠠ ᠳᠤ ᠶᠠᠪᠤᠳᠠᠭ      ᠠᠯᠳᠠᠷ ᠨᠡᠷ᠎ᠡ ᠲᠠᠢ ᠰᠢᠭᠦᠰᠦ ᠪᠢᠯᠡ᠃      ᠲᠤᠷᠠᠨ ᠬᠤᠶᠠᠷ ᠨᠢᠳᠤ ᠲᠠᠢ      ᠲᠤᠩ ᠴᠠᠭᠠᠨ ᠰᠢᠲᠦ ᠲᠠᠢ      ᠦᠨᠦᠷᠴᠢ ᠰᠠᠶᠢᠬᠠᠨ ᠬᠠᠮᠠᠷ ᠲᠠᠢ      ᠤᠷᠠᠨ ᠰᠠᠶᠢᠬᠠᠨ ᠲᠠᠩᠨᠠᠢ ᠲᠠᠢ      ᠰᠡᠷᠪᠡᠶᠢᠭᠰᠡᠨ ᠬᠤᠶᠠᠷ ᠡᠪᠡᠷ ᠲᠠᠢ      ᠰᠡᠷᠲᠡᠶᠢᠭᠰᠡᠨ ᠬᠤᠶᠠᠷ ᠴᠢᠬᠢ ᠲᠠᠢ      ᠬᠠᠨ᠎ᠡ ᠶᠢᠨ ᠴᠢᠨᠡᠭᠡ ᠪᠡᠶ᠎ᠡ ᠲᠠᠢ      ᠬᠠᠪᠬᠠᠰ ᠤᠨ ᠴᠢᠨᠡᠭᠡ ᠰᠡᠭᠦᠯ ᠲᠠᠢ      ᠠᠷᠴᠡ ᠲᠦᠷᠪᠠᠨ ᠲᠤᠭᠤᠷᠠᠢ ᠲᠠᠢ      ᠤᠬᠤᠷ ᠵᠢᠷᠭᠤᠭᠠᠨ ᠬᠦᠵᠦᠭᠦᠦ ᠲᠠᠢ      ᠠᠷᠪᠠᠨ ᠬᠤᠶᠠᠷ ᠰᠡᠭᠡᠷ ᠲᠠᠢ      ᠬᠤᠷᠢᠨ ᠵᠢᠷᠭᠤᠭᠠᠨ ᠬᠠᠪᠢᠷᠭ᠎ᠠ ᠲᠠᠢ      ᠬᠤᠳᠤᠭᠤᠷ ᠨᠠᠢᠮᠠᠨ ᠨᠢᠷᠤᠭᠤ ᠲᠠᠢ      ᠰᠦᠪᠡᠭᠡ ᠭᠤᠷᠪᠠᠨ ᠬᠠᠪᠢᠷᠭ᠎ᠠ ᠲᠠᠢ      ᠲᠠᠯᠦ ᠲᠦᠷᠪᠠᠨ ᠦᠨᠳᠦᠷ ᠲᠠᠢ      ᠰᠡᠭᠦᠵᠢ ᠱᠠᠭᠠᠨᠲᠦ ᠴᠢᠮᠦᠭᠡ ᠲᠠᠢ      ᠬᠠᠷᠢᠲᠦ ᠪᠤᠬᠳᠤᠭᠤᠰᠦ ᠲᠤᠭᠤᠷᠠᠢ ᠲᠠᠢ      ᠠᠮᠳᠠᠳᠦ ᠢᠲᠡᠭᠡᠨ ᠤ ᠲᠡᠭᠡᠵᠢ ᠶᠢ      ᠵᠠᠭᠠᠨ ᠤ ᠶᠠᠰᠤᠨ ᠫᠢᠯᠠᠨ ᠳᠤ ᠬᠢᠵᠦ      ᠽᠠᠨᠳᠠᠨ ᠮᠤᠳᠤᠨ ᠲᠠᠪᠠᠭ ᠲᠤ ᠰᠠᠪᠠᠯᠡᠵᠦ      ᠬᠠᠭᠠᠨ ᠬᠦᠮᠦᠨ ᠳᠤ ᠲᠠᠯᠪᠢᠵᠦ      ᠬᠠᠷᠠᠴᠦ ᠬᠦᠮᠦᠨ ᠢᠶᠠᠷ ᠬᠦᠨᠲᠡᠭᠦᠯᠵᠦ      ᠬᠤᠷᠴᠡ ᠬᠢᠳᠤᠭ᠎ᠠ ᠪᠠᠷ ᠵᠦᠰᠦᠭᠦᠯᠵᠦ      ᠬᠠᠵᠠᠭᠤ ᠪᠤᠯᠭᠠᠨ ᠳᠤ ᠲᠦᠭᠡᠭᠡᠵᠦ      ᠬᠠᠮᠲᠦ ᠳᠠᠶᠠᠭᠠᠷ ᠢᠶᠠᠨ ᠵᠤᠭᠤᠬᠯᠠᠳᠠᠭ ᠪᠤᠯᠬᠤᠷ      ᠤᠳᠤᠮᠲᠦ ᠮᠤᠩᠭᠤᠯ ᠤᠨ ᠵᠠᠩᠰᠢᠯ ᠢᠶᠠᠷ      ᠤᠭᠤᠴᠡ ᠰᠢᠭᠦᠰᠦ ᠪᠠᠨ ᠲᠠᠯᠪᠢᠵᠦ      ᠤᠷᠢᠲᠦ ᠶᠢᠨ ᠢᠷᠦᠭᠡᠯ ᠤᠨ ᠤᠴᠠᠷᠠᠯ ᠢᠶᠠᠷ      ᠠᠭᠤᠯᠵᠠᠨ ᠰᠠᠭᠤᠭᠰᠡᠨ ᠢᠶᠠᠷ ᠢᠶᠠᠨ ᠨᠠᠶᠢᠷᠯᠠᠵᠠᠭᠠᠶ᠎ᠡ︕      ᠬᠠᠯᠠᠭᠤᠨ ᠬᠤᠰᠢᠭᠤᠳᠤ ᠬᠤᠨᠢᠨ ᠰᠢᠭᠦᠰᠦ ᠶᠢᠨ ᠢᠶᠠᠨ      ᠬᠠᠮᠤᠭ ᠲᠡᠭᠡᠵᠢ ᠶᠢ ᠨᠢ ᠵᠤᠭᠤᠬᠯᠠᠭᠤᠯᠤᠶ᠎ᠡ      ᠬᠠᠭᠠᠨᠲᠦ ᠢᠷᠭᠡᠳ ᠪᠦᠭᠦᠳᠡᠭᠡᠷ ᠢᠶᠠᠨ      ᠬᠠᠮᠲᠦ ᠳᠠᠶᠠᠭᠠᠷ ᠢᠶᠠᠷ ᠢᠶᠠᠨ ᠨᠠᠶᠢᠷᠯᠠᠵᠠᠭᠠᠶ᠎ᠡ︕      ᠵᠠ︕ ᠰᠡᠭᠦᠯ ᠱᠠᠭᠠᠨᠲᠦ ᠶᠢ ᠨᠢ ᠠᠪᠤᠭᠠᠳ      ᠰᠦᠯᠲᠡ ᠳᠡᠭᠡᠨ ᠲᠠᠬᠢᠴᠢᠬ᠎ᠠ      ᠰᠢᠭᠦᠰᠦ ᠶᠢᠨ ᠲᠡᠭᠡᠵᠢ ᠶᠢ ᠪᠠᠨ ᠠᠪᠤᠭᠠᠳ      ᠭᠠᠯ ᠳᠠᠭᠠᠨ ᠡᠷᠭᠦᠴᠢᠭᠡ      ᠠᠮᠪᠠᠨ ᠢᠷᠭᠡ ᠶᠢᠨ ᠰᠢᠭᠦᠰᠦ ᠶᠢ ᠪᠠᠨ      ᠠᠶᠠᠳᠠᠢ ᠰᠠᠶᠢᠬᠠᠨ ᠵᠤᠭᠤᠬᠯᠠᠭᠠᠷᠠᠢ︕      ᠠᠷᠢᠭᠤᠨ ᠰᠠᠷᠬᠤᠳ ᠤᠨ ᠢᠶᠠᠨ ᠲᠡᠭᠡᠵᠢ ᠶᠢ      ᠪᠠᠭ᠋ᠠᠳᠠᠢ ᠰᠠᠶᠢᠬᠠᠨ ᠪᠠᠯᠭᠤᠭᠠᠷᠠᠢ ᠭᠡᠵᠦ ᠪᠢ      ᠬᠦᠭᠡ ᠮᠤᠩᠭᠤᠯ ᠤᠨ ᠵᠠᠩᠰᠢᠯ ᠢᠶᠠᠷ      ᠬᠦᠲᠡᠭᠡ ᠨᠤᠳᠤᠭ ᠤᠨ ᠵᠠᠩᠰᠢᠯ ᠢᠶᠠᠷ      ᠬᠤᠨᠢᠴᠢᠨ ᠬᠦᠮᠦᠨ ᠤ ᠲᠡᠳᠬᠠᠯ ᠢᠶᠠᠷ      ᠬᠦᠨᠲᠦᠲᠦ ᠰᠢᠭᠦᠰᠦ ᠪᠠᠨ ᠢᠷᠦᠭᠡᠶ᠎ᠡ᠃
 
ᠢᠷᠡᠯᠲᠡ᠄ ᠲᠠᠷᠬᠠᠨ ᠮᠤᠤᠮᠢᠩᠭᠠᠨ ᠤ ᠵᠠᠰᠠᠭ ᠤᠨ ᠤᠷᠳᠤᠨ ᠤ ᠮᠤᠩᠭᠤᠯ ᠰᠦᠯᠵᠢᠶ᠎ᠡ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号