ᠲᠠᠮᠡᠭᠡᠨ ᠤ ᠢᠷᠦᠭᠡᠯ
ᠨᠡᠶᠢᠲᠡᠯᠡᠭᠰᠡᠨ ᠴᠠᠭ᠄
2019-11-19
     ᠤᠮ ᠰᠠᠶᠢᠬᠠᠨ ᠠᠮᠤᠭᠤᠯᠠᠩ ᠪᠤᠯᠳᠤᠭᠠᠢ      ᠲᠡᠭᠰᠢ ᠰᠠᠶᠢᠬᠠᠨ ᠪᠤᠶᠠᠨ ᠲᠠᠢ      ᠲᠡᠭᠦᠰ ᠰᠠᠶᠢᠬᠠᠨ ᠠᠯᠳᠠᠷ ᠲᠠᠢ      ᠲᠤᠮᠤ ᠪᠦᠲᠦᠭᠦᠨ ᠪᠡᠶ᠎ᠡ ᠲᠠᠢ      ᠲᠡᠩᠭᠡᠭᠡᠨ ᠴᠢᠳᠠᠯ ᠶᠡᠭᠡ ᠲᠠᠢ      ᠠᠶᠠᠨ ᠵᠠᠮ ᠤᠨ ᠲᠡᠭᠡᠭᠡᠪᠦᠷᠢ ᠶᠢᠨ ᠤᠨᠤᠭ᠎ᠠ      ᠠᠷᠦ ᠭᠠᠵᠠᠷ ᠤᠨ ᠠᠶᠠᠨ ᠤ ᠤᠩᠭᠤᠴᠡ      ᠡᠩᠭᠡ ᠲᠦᠷᠦ ᠳᠡᠭᠡᠨ ᠴᠢᠮᠡᠭ ᠪᠤᠯᠳᠠᠭ      ᠡᠵᠡᠨ ᠬᠦᠮᠦᠨ ᠳᠡᠭᠡᠨ ᠲᠦᠰᠢᠭ ᠪᠤᠯᠳᠠᠭ      ᠠᠷᠡᠳ ᠤᠯᠠᠨ ᠤ ᠤᠨᠤᠭᠠᠷᠢ ᠶᠢᠨ ᠲᠡᠮᠡᠭᠡ      ᠠᠳᠠᠷ ᠭᠠᠵᠠᠷ ᠤᠨ ᠠᠶᠠᠨ ᠤ ᠲᠡᠮᠡᠭᠡ      ᠮᠠᠰᠢᠨ ᠲᠡᠷᠭᠡ ᠠᠴᠠ ᠬᠤᠵᠢᠬᠳᠠᠬᠤ ᠦᠭᠡᠢ      ᠮᠤᠩᠭᠤᠯ ᠤᠨ ᠰᠠᠶᠢᠬᠠᠨ ᠤᠨᠤᠭᠠᠷᠢ ᠪᠢᠯᠡ      ᠲᠡᠭᠷᠢ ᠠᠴᠠ ᠲᠡᠮᠲᠡᠭ ᠲᠠᠢ      ᠲᠡᠪ ᠲᠡᠭᠰᠢᠭᠡᠨ ᠪᠡᠶ᠎ᠡ ᠲᠠᠢ      ᠦᠰᠦᠨ ᠳᠡᠭᠡᠨ ᠦᠩᠭᠡ ᠲᠠᠢ      ᠴᠢᠬᠢᠨ ᠳᠡᠭᠡᠨ ᠴᠡᠴᠡᠭ ᠲᠠᠢ      ᠠᠷᠦ ᠶᠢᠨ ᠭᠤᠪᠢ ᠳᠤ ᠠᠯᠳᠠᠷ ᠲᠠᠢ      ᠠᠳᠠᠨ ᠲᠡᠮᠡᠭᠡ ᠮᠢᠨᠢ ᠬᠦᠭᠡᠷᠦᠭᠦᠢ ᠳ᠋ᠠ      ᠠᠷᠪᠠᠨ ᠬᠤᠶᠠᠷ ᠵᠦᠢᠯ ᠤᠨ ᠰᠢᠨᠵᠢ ᠪᠦᠷᠢᠳᠦᠭᠰᠡᠨ      ᠠᠵᠢᠨᠠᠢ ᠴᠠᠭᠠᠨ ᠲᠡᠮᠡᠭᠡ ᠬᠡᠲᠡᠭ ᠪᠤᠯ      ᠡᠷᠳᠡᠨᠢ ᠶᠢᠨ ᠪᠦᠮᠪᠦᠭᠡ ᠪᠠᠷ ᠪᠦᠭᠡᠯᠵᠢᠭᠰᠡᠨ      ᠠᠮᠠ ᠴᠠᠭᠠᠨ ᠬᠤᠯᠤᠭᠠᠨ᠎ᠡ ᠶᠢᠨ ᠴᠢᠬᠢ ᠲᠠᠢ      ᠡᠵᠡᠨ ᠲᠦᠷᠦ ᠳᠡᠭᠡᠨ ᠡᠭᠡᠯᠢᠲᠠᠢ ᠪᠠᠶᠢᠳᠠᠭ      ᠦᠨᠳᠦᠷ ᠡᠪᠡᠷᠲᠦ ᠦᠭᠡᠷ ᠤᠨ ᠬᠡᠲᠡᠰᠦ ᠲᠠᠢ      ᠬᠠᠷᠠᠩᠭᠤᠢ ᠮᠤᠳᠤᠨ ᠳᠠᠭᠠᠨ ᠲᠤᠬᠯᠠᠩᠬᠠᠨ ᠶᠠᠪᠤᠳᠠᠭ      ᠬᠠᠷ᠎ᠡ ᠡᠷᠢᠶᠡᠨ ᠪᠠᠷᠰ ᠤᠨ ᠬᠢᠮᠦᠰᠦ ᠲᠠᠢ      ᠲᠡᠯ᠎ᠡ ᠭᠠᠵᠠᠷ ᠲᠤ ᠲᠠᠬᠰᠢᠭᠤᠨ ᠪᠠᠶᠢᠳᠠᠭ      ᠠᠯᠢᠶᠠᠬᠠᠨ ᠵᠠᠩ ᠲᠠᠢ ᠲᠠᠦᠯᠠᠢ ᠶᠢᠨ ᠬᠠᠮᠠᠷ ᠲᠠᠢ      ᠴᠠᠭ ᠤᠨ ᠬᠤᠷ᠎ᠡ ᠶᠢ ᠰᠠᠭᠤᠯᠭᠠᠭᠠᠳ ᠪᠠᠶᠢᠳᠠᠭ      ᠬᠦᠴᠦᠲᠦ ᠶᠡᠭᠡ ᠯᠤᠤ ᠶᠢᠨ ᠬᠦᠵᠦᠭᠦᠦ ᠲᠠᠢ      ᠵᠠᠪᠰᠠᠷ ᠭᠠᠵᠠᠷ ᠴᠠᠭᠠᠷᠢᠬᠯᠠᠨ ᠬᠡᠪᠳᠠᠳᠡᠭ      ᠴᠠᠭᠠᠨ ᠡᠷᠢᠶᠠᠨ ᠮᠤᠭᠠᠢ ᠶᠢᠨ ᠨᠢᠳᠦ ᠲᠠᠢ      ᠬᠤᠯᠠ ᠶᠢᠨ ᠭᠠᠵᠠᠷ ᠢ ᠤᠶᠢᠷᠠᠳᠤᠭᠤᠯᠤᠭᠠᠳ ᠪᠠᠶᠢᠳᠠᠭ      ᠬᠤᠷᠴᠡ ᠲᠤᠭᠤᠷᠠᠢ ᠲᠠᠢ ᠮᠤᠷᠢᠨ ᠤ ᠲᠤᠯᠤᠭᠠᠢ ᠲᠠᠢ      ᠬᠤᠳᠠᠨ ᠲᠤᠮᠲᠡ ᠪᠠᠨ ᠮᠠᠶᠢᠯᠠᠭᠠᠳ ᠪᠠᠶᠢᠳᠠᠭ      ᠬᠡᠰᠢᠭ ᠤᠨ ᠬᠦᠷᠢᠶᠡᠲᠦ ᠬᠤᠨᠢᠨ ᠤ ᠤᠩᠭᠠᠰᠦ ᠲᠠᠢ      ᠲᠠᠩᠰᠤᠭ ᠯᠠᠮᠠ ᠳᠡᠭᠡᠨ ᠲᠠᠭᠠᠯᠠᠳᠠᠢ ᠪᠠᠶᠢᠳᠠᠭ      ᠬᠦᠴᠦᠨ ᠶᠡᠭᠡᠲᠦ ᠪᠡᠴᠢᠨ ᠤ ᠪᠦᠬᠦ ᠲᠠᠢ      ᠲᠡᠪᠤᠨ ᠵᠢᠩ ᠢᠶᠠᠨ ᠠᠯᠳᠠᠯ ᠦᠭᠡᠢ ᠲᠤᠤᠭᠠᠷᠳᠠᠭ      ᠡᠪᠡᠷ ᠬᠤᠩᠰᠢᠶᠠᠷ ᠲᠠᠢ ᠲᠠᠬᠢᠶᠠᠨ ᠤ ᠦᠷᠪᠡᠯᠭᠡ ᠲᠠᠢ      ᠬᠤᠯᠠ ᠶᠢᠨ ᠬᠦᠮᠦᠨ ᠢ ᠬᠤᠷᠭᠤᠭᠠᠭᠠᠳ ᠪᠠᠶᠢᠳᠠᠭ      ᠬᠤᠭᠤᠯᠠᠢ ᠰᠠᠶᠢᠳᠠᠢ ᠨᠤᠬᠠᠢ ᠶᠢᠨ ᠰᠤᠶᠤᠭ᠎ᠠ ᠲᠠᠢ      ᠲᠡᠯ᠎ᠡ ᠭᠠᠵᠠᠷ ᠢ ᠰᠡᠨᠳᠡᠯᠡᠩᠬᠡᠨ ᠶᠠᠪᠤᠳᠠᠭ      ᠲᠤᠯᠢᠨ ᠬᠠᠮᠠᠷᠲᠦ ᠭᠠᠭ᠋ᠠᠢ ᠶᠢᠨ ᠰᠡᠭᠦᠯ ᠲᠠᠢ      ᠠᠲᠡ ᠰᠠᠶᠢᠬᠠᠨ ᠲᠡᠮᠡᠭᠡ ᠪᠠᠨ      ᠤᠨᠤᠭᠠᠷᠢ ᠤᠨᠤᠰᠢ ᠶᠢ ᠨᠢ ᠲᠤᠬᠢᠷᠠᠭᠤᠯᠤᠨ᠎ᠡ ᠭᠡᠵᠦ      ᠠᠷᠪᠡ ᠬᠤᠨᠤᠭ ᠢᠶᠠᠷ ᠰᠦᠢᠭᠠᠳ      ᠡᠪᠡᠰᠦ ᠤᠮᠲᠡ ᠶᠢ ᠨᠢ ᠲᠤᠬᠢᠷᠠᠭᠤᠯᠤᠭᠠᠳ      ᠦᠭᠡᠭᠦᠨ ᠲᠠᠪᠠᠭ ᠢ ᠨᠢ ᠬᠠᠳᠠᠭᠠᠨ᠎ᠡ ᠭᠡᠵᠦ      ᠡᠯᠡᠰᠦ ᠲᠠᠢ ᠭᠠᠵᠠᠷ ᠤᠶᠠᠬᠰᠡᠨ ᠶᠤᠮ      ᠴᠢᠰᠦᠨ ᠲᠠᠪᠠᠭ ᠢ ᠨᠢ ᠬᠠᠳᠠᠭᠠᠨ᠎ᠡ ᠭᠡᠵᠦ      ᠰᠠᠶᠢᠷ ᠲᠠᠢ ᠭᠠᠵᠠᠷ ᠢ ᠰᠢᠯᠢᠭᠰᠡᠨ ᠶᠤᠮ      ᠡᠷᠬᠢᠯᠲᠡ ᠬᠦᠶᠦᠳᠡᠯ ᠤᠨ ᠶᠤᠰᠤ ᠪᠠᠷ      ᠠᠮᠢᠲᠦ ᠤᠶᠠᠭ᠎ᠠ ᠲᠠᠭᠠᠷᠠᠭᠤᠯᠤᠭᠰᠡᠨ ᠶᠤᠮ      ᠡᠷᠲᠡ ᠤᠷᠤᠢ ᠦᠭᠡᠢ ᠠᠵᠢᠬᠯᠠᠵᠦ ᠪᠠᠶᠢᠭᠠᠳ      ᠢᠲᠡᠰᠢ ᠤᠮᠲᠡ ᠶᠢ ᠨᠢ ᠲᠤᠬᠢᠷᠠᠭᠤᠯᠪᠡ      ᠰᠢᠷᠡᠭᠡ ᠪᠦᠬᠦ ᠨᠢ ᠰᠤᠶᠤᠯᠵᠠᠵᠦ      ᠰᠢᠷᠠᠮᠤᠨ ᠲᠠᠪᠠᠭ ᠨᠢ ᠬᠢᠯᠠᠯᠵᠠᠵᠦ      ᠰᠡᠷᠲᠡᠩ ᠬᠠᠮᠠᠷ ᠨᠢ ᠰᠡᠷᠳᠡᠯᠵᠠᠵᠦ      ᠰᠠᠯᠠᠭ᠎ᠠ ᠤᠷᠤᠭᠤᠯ ᠨᠢ ᠱᠤᠩᠪᠤᠯᠵᠠᠵᠦ      ᠰᠢᠯᠢᠨ ᠤ ᠬᠡᠵᠢᠭᠡ ᠨᠢ ᠬᠦᠪᠬᠡᠯᠵᠡᠵᠦ      ᠰᠠᠶᠢᠬᠠᠨ ᠵᠤᠬᠳᠤᠷ ᠨᠢ ᠰᠠᠬᠰᠠᠯᠵᠠᠵᠦ      ᠲᠡᠭᠰᠢ ᠰᠠᠶᠢᠬᠠᠨ ᠲᠠᠰᠢᠯᠲᠡ ᠲᠠᠢ      ᠲᠦᠷᠪᠠᠯᠵᠢᠨ ᠰᠠᠶᠢᠬᠠᠨ ᠲᠠᠪᠠᠭ ᠲᠠᠢ      ᠲᠤᠪᠤᠷᠤᠤ ᠠᠯᠠᠭ ᠨᠤᠬᠲᠦ ᠲᠠᠢ      ᠲᠡᠵᠢ ᠮᠠᠩᠨᠤᠭ ᠪᠤᠷᠠᠨᠳᠠᠭ ᠲᠠᠢ      ᠮᠦᠩᠭᠦᠨ ᠪᠤᠶᠢᠯᠠ ᠱᠢᠷᠤᠨ ᠲᠤᠪᠬᠤ ᠲᠠᠢ      ᠰᠢᠷᠢᠮᠡᠯ ᠲᠤᠱᠠ ᠰᠢᠷᠠᠮᠤᠨ ᠲᠦᠷᠦᠭᠡ ᠲᠠᠢ      ᠰᠤᠷᠤᠨ ᠭᠠᠨᠵᠤᠭ᠎ᠠ ᠲᠡᠩᠵᠢᠨ ᠲᠠᠰᠢᠭᠤᠷ ᠲᠤ ᠬᠦᠷᠲᠡᠯ᠎ᠡ      ᠴᠦᠮ ᠪᠦᠬᠦᠨ ᠢ ᠢᠷᠦᠭᠡᠮᠤᠢ︕
 
ᠢᠷᠡᠯᠲᠡ᠄ ᠲᠠᠷᠬᠠᠨ ᠮᠤᠤᠮᠢᠩᠭᠠᠨ ᠤ ᠵᠠᠰᠠᠭ ᠤᠨ ᠤᠷᠳᠤᠨ ᠤ ᠮᠤᠩᠭᠤᠯ ᠰᠦᠯᠵᠢᠶ᠎ᠡ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号