ᠲᠠᠷᠬᠠᠨ ᠮᠤᠤᠮᠢᠩᠭᠠᠨ ᠤ ᠮᠤᠩᠭᠤᠯᠴᠤᠳ ᠤᠨ ᠬᠡᠪ ᠶᠤᠰᠤᠨ — ᠴᠠᠭᠠᠨ ᠰᠡᠷ᠎ᠡ ᠰᠢᠨᠡᠯᠡᠬᠦ ᠶᠤᠰᠤᠨ
ᠨᠡᠶᠢᠲᠡᠯᠡᠭᠰᠡᠨ ᠴᠠᠭ᠄
2019-12-20
     ᠮᠤᠩᠭᠤᠯᠴᠤᠳ ᠴᠠᠭᠠᠨ ᠰᠡᠷ᠎ᠡ ᠶᠢᠨ ᠰᠢᠨᠡᠯᠡᠬᠦ ᠪᠡᠯᠡᠳᠭᠡᠯ ᠢᠶᠠᠨ ᠬᠦᠭᠡᠭᠡ ᠰᠡᠷ᠎ᠡ ᠶᠢᠨ ᠬᠤᠷᠢᠨ ᠭᠤᠷᠪᠠᠨ ᠤ ᠭᠠᠯ ᠲᠠᠬᠢᠯᠭ᠎ᠠ ᠶᠢᠨ ᠲᠠᠷᠠᠭ᠎ᠠ ᠠᠴᠠ ᠡᠬᠢᠯᠡᠵᠦ᠂ ᠡᠷᠦᠭᠡ ᠪᠦᠷᠢ ᠬᠦᠮᠦᠨ ᠪᠤᠯᠭᠠᠨ ᠰᠢᠨᠡᠯᠡᠬᠦ ᠪᠡᠯᠡᠳᠭᠡᠯ ᠤᠨ ᠠᠵᠢᠯ ᠳᠤ ᠤᠷᠤᠯᠴᠠᠳᠠᠭ ᠶᠤᠮ᠃ ᠡᠭᠦᠨ ᠳᠤ ᠡᠷᠦᠭᠡ ᠪᠦᠷᠢ ᠴᠠᠭᠠᠨ ᠰᠡᠷ᠎ᠡ ᠶᠢᠨ ᠨᠠᠶᠢᠷ ᠬᠤᠷᠢᠮ ᠳᠤ ᠬᠦᠷᠦᠯᠴᠡᠭᠦᠶᠢᠴᠡ ᠠᠷᠢᠬᠢ ᠲᠡᠷᠡᠰᠦ᠂ ᠠᠯᠢᠮ᠎ᠡ ᠵᠢᠮᠢᠰ᠂ ᠡᠯᠳᠡᠪ ᠠᠮᠳᠠᠳᠦ ᠶᠢ ᠪᠡᠯᠡᠳᠭᠡᠨ᠎ᠡ᠃ ᠰᠢᠨᠡᠯᠡᠭᠴᠢᠳ ᠲᠤ ᠦᠭᠴᠦ ᠬᠦᠷᠭᠦᠶᠢᠴᠡ ᠬᠡᠰᠢᠭ  ᠤᠨ ᠪᠤᠤᠪᠦ ᠬᠠᠭᠠᠷᠢᠨ᠎ᠡ᠃ ᠶᠡᠭᠡ ᠬᠡᠮᠵᠢᠶᠡᠨ ᠤ ᠪᠤᠤᠽᠢ ᠪᠠᠩᠰᠢ ᠪᠠᠷᠢᠵᠦ ᠰᠢᠨᠡᠯᠡᠭᠴᠢᠳ ᠲᠤ ᠵᠤᠭᠤᠭ ᠪᠡᠯᠡᠳᠭᠡᠨ᠎ᠡ᠃ ᠴᠠᠭᠠᠨ ᠰᠡᠷ᠎ᠡ ᠡᠷᠦᠭᠡ ᠪᠦᠷᠢ ᠪᠤᠷᠬᠠᠨ ᠳᠠᠭᠠᠨ ᠴᠤᠩᠬᠤᠷ ᠪᠡᠯᠡᠳᠭᠡᠨ ᠪᠤᠷᠬᠠᠨ ᠤ ᠡᠮᠦᠨ᠎ᠡ ᠤᠭᠤᠴᠡ ᠪᠡ ᠪᠤᠤᠪᠤ ᠫᠢᠯᠠᠯᠠᠵᠦ ᠲᠠᠯᠪᠢᠨ᠎ᠡ᠃ ᠰᠢᠷᠡᠭᠡ ᠲᠦᠭᠦᠷᠡᠩ ᠢᠲᠡᠭᠡ ᠵᠠᠰᠠᠵᠦ᠂ ᠭᠡᠦᠭᠡᠳ ᠤᠨ ᠬᠤᠪᠢ᠂ ᠦᠬᠡᠷ ᠤᠨ ᠪᠤᠤᠪᠤ᠂ ᠬᠤᠨᠢᠨ ᠤ ᠪᠤᠤᠪᠤ ᠬᠡᠬᠦ ᠮᠡᠳᠦᠴᠢᠯᠡᠨ ᠤᠯᠠᠨ ᠶᠠᠭᠤᠮ᠎ᠡ ᠪᠡᠯᠡᠳᠭᠡᠨ᠎ᠡ᠃ ᠬᠦᠮᠦᠨ ᠪᠦᠷᠢ ᠰᠢᠨ᠎ᠡ ᠲᠡᠪᠡᠯ ᠬᠤᠪᠴᠠᠰᠦ᠂ ᠰᠢᠨ᠎ᠡ ᠡᠮᠡᠭᠡᠯ ᠬᠠᠵᠠᠭᠠᠷ ᠡᠳ᠋ᠯᠡᠯ ᠤᠨ ᠵᠦᠢᠯᠡᠰ ᠢ ᠪᠦᠷᠢᠨ ᠪᠡᠯᠡᠳᠭᠡᠨ᠎ᠡ᠃      ᠪᠢᠲᠡᠭᠦᠨ ᠤ ᠡᠳᠤᠷ ᠵᠦᠭ ᠴᠢᠭ ᠢᠶᠠᠨ ᠦᠵᠡᠵᠦ ᠲᠡᠭᠷᠢ ᠳᠤ ᠮᠦᠷᠭᠦᠭᠦ ᠪᠠᠭᠤᠴᠡ ᠴᠡᠪᠡᠷᠯᠡᠨ ᠭᠠᠯ ᠮᠠᠨᠳᠠᠯ ᠵᠠᠰᠠᠵᠦ ᠪᠡᠯᠡᠳᠭᠡᠭᠡᠳ ᠪᠢᠲᠡᠭᠦᠨ ᠤ ᠦᠲᠡᠰᠢ ᠮᠠᠯ ᠢᠶᠠᠨ ᠬᠤᠳᠠᠯᠠᠬᠰᠡᠨ ᠤ ᠲᠠᠷᠠᠭ᠎ᠠ ᠪᠦᠭᠦᠲᠡᠭᠡᠷ ᠢᠶᠠᠨ ᠴᠤᠬᠯᠠᠷᠠᠵᠦ ᠪᠦᠬᠦᠢ ᠰᠢᠭᠦᠰᠦ ᠴᠢᠨᠠᠵᠦ᠂ ᠭᠤᠷᠪᠠᠨ ᠵᠦᠢᠯ ᠤᠨ ᠬᠤᠭᠤᠯᠠ ᠪᠡᠯᠡᠳᠭᠡᠨ᠂ ᠠᠷᠢᠭᠢ ᠲᠠᠷᠠᠰᠦ ᠤᠤᠭᠤᠵᠦ ᠪᠢᠲᠡᠭᠦᠯᠡᠬᠦ  ᠶᠢᠨ ᠬᠠᠮᠲᠦ ᠠᠶᠢᠯ ᠬᠤᠲᠡᠨ ᠤ ᠡᠷᠦᠭᠡ ᠨᠦᠭᠦᠳ ᠬᠠᠷᠢᠯᠴᠠᠨ ᠬᠠᠭᠤᠴᠢᠨ ᠵᠢᠯ ᠤᠨ ᠢᠲᠡᠭᠡᠨ ᠰᠤᠯᠢᠯᠴᠠᠵᠦ᠂ ᠬᠤᠳᠠᠴᠢ ᠨᠤᠬᠠᠢ ᠪᠠᠨ ᠬᠦᠷᠲᠡᠯ᠎ᠡ ᠰᠠᠶᠢᠨ ᠬᠤᠭᠤᠯᠠ ᠪᠠᠷ ᠴᠠᠳᠲᠡᠯ᠎ᠡ ᠪᠢᠲᠡᠭᠦᠯᠡᠲᠡᠭ ᠪᠢᠯᠡ᠃      ᠰᠢᠨ᠎ᠡ ᠶᠢᠨ ᠨᠢᠭᠡᠨ ᠤ ᠦᠷᠯᠦᠭᠡ ᠦᠦᠷ ᠢᠶᠠᠷ ᠪᠤᠰᠴᠦ ᠭᠠᠷ ᠤᠨ ᠵᠢᠷᠤᠭᠠᠰᠦ ᠲᠤᠳᠤᠷᠠᠬᠤ ᠶᠢᠨ ᠦᠶ᠎ᠡ ᠳᠤ ᠪᠦᠬᠦᠲᠡᠭᠡᠷ ᠢᠶᠠᠨ ᠵᠤᠯᠠ ᠬᠦᠵᠢ᠂ ᠴᠠᠢ ᠢᠲᠡᠭᠡᠨ᠂ ᠫᠤᠤᠵᠢᠩ ᠵᠡᠷᠭᠡ ᠪᠠᠨ ᠠᠪᠴᠦ ᠲᠡᠭᠷᠢ ᠳᠤ ᠮᠦᠷᠭᠦᠭᠦ ᠪᠠᠷ ᠪᠡᠯᠡᠳᠭᠡᠭᠰᠡᠨ ᠪᠠᠭᠤᠴᠡ ᠳᠠᠭᠠᠨ ᠬᠦᠷᠴᠦ ᠭᠠᠯ ᠬᠦᠭᠵᠢᠭᠡᠨ ᠰᠠᠴᠤᠯᠢ ᠡᠷᠭᠦᠵᠦ ᠵᠦᠭ ᠪᠦᠷᠢ ᠶᠢᠨ ᠲᠡᠭᠷᠢ ᠳᠤ ᠬᠤᠷᠮᠤᠢ ᠲᠠᠪᠢᠰᠦᠨ ᠮᠦᠷᠭᠦᠵᠦ ᠪᠠᠷᠠᠭᠠᠳ ᠬᠡᠷ ᠲᠡᠭᠡᠨ ᠤᠷᠤᠵᠦ ᠢᠷᠡᠨ ᠴᠠᠢ ᠢᠲᠡᠭᠡ ᠪᠠᠨ ᠪᠡᠯᠡᠳᠭᠡᠨ ᠡᠷᠦᠭᠡ ᠶᠢᠨ ᠵᠤᠯᠭᠠᠯᠲᠡ ᠡᠬᠢᠯᠡᠵᠦ ᠤᠷᠢᠳ ᠢᠶᠠᠷ ᠨᠠᠰᠤᠳᠠᠨ ᠨᠠᠷ ᠲᠠᠭᠠᠨ ᠬᠤᠷᠮᠤᠢ ᠲᠠᠪᠢᠰᠦᠨ ᠭᠤᠷᠪᠠ ᠮᠦᠷᠭᠦᠭᠡᠳ ᠬᠠᠳᠠᠭ ᠪᠠᠷᠢᠨ ᠭᠠᠷ ᠤᠨ ᠬᠢᠨᠢ ᠲᠤᠤᠭᠤᠷ ᠭᠠᠷ ᠢᠶᠠᠷ ᠲᠡᠭᠡᠭᠰᠢ ᠲᠦᠰᠢᠰᠬᠢᠨ ᠵᠤᠯᠭᠠᠨ᠎ᠡ᠃ ᠮᠦᠷᠭᠦᠨ ᠵᠤᠯᠭᠠᠬᠴᠢᠳ ᠢ ᠨᠠᠰᠤᠳᠠᠶᠢᠴᠤᠳ ᠨᠢ ︽ᠤᠷᠲᠦ ᠨᠠᠰᠤᠯᠠᠵᠦ ᠤᠳᠠᠭᠠᠨ ᠵᠢᠷᠭ᠎ᠠ᠂ ᠨᠠᠷᠡ ᠰᠢᠭ᠋ ᠮᠠᠨᠳᠤᠵᠦ᠂ ᠨᠠᠪᠴᠢ ᠰᠢᠭ᠋ ᠲᠠᠯᠭᠡᠷᠡᠵᠦ ᠶᠠᠪᠤ︕︾ ᠭᠡᠬᠦ ᠵᠡᠷᠭᠡ ᠪᠠᠷ ᠢᠷᠦᠭᠡᠬᠦ ᠶᠢᠨ ᠲᠠᠭᠠᠦ ᠮᠠᠩᠨᠠᠢ ᠪᠤᠶᠦ ᠬᠤᠶᠠᠷ ᠬᠠᠴᠠᠷ ᠢ ᠨᠢ ᠲᠠᠭᠠᠯᠠᠨ᠎ᠡ᠃ ᠡᠨᠡ ᠮᠠᠲᠦ ᠶᠢᠨ ᠲᠡᠰ ᠲᠡᠷᠠᠭ᠎ᠠ ᠶᠢᠨ ᠶᠤᠰᠤᠭᠠᠷ ᠵᠤᠯᠭᠠᠳᠠᠭ ᠪᠤᠯᠪᠠᠴᠦ ᠡᠷ᠎ᠡ ᠡᠮ᠎ᠡ ᠬᠤᠶᠠᠭᠤᠯᠠ ᠬᠤᠭᠤᠷᠤᠨᠲᠦ ᠪᠠᠨ ᠵᠤᠯᠭᠠᠳᠠᠭ ᠦᠭᠡᠢ᠂ ᠤᠴᠢᠷ ᠨᠢ ᠡᠷ᠎ᠡ ᠡᠮ᠎ᠡ ᠬᠤᠶᠠᠭᠤᠯᠠ ᠪᠤᠯ ᠨᠢᠭᠡ ᠪᠡᠶ᠎ᠡ ᠴᠤᠬᠴᠡ ᠬᠡᠵᠦ ᠦᠵᠡᠲᠡᠭ ᠲᠤ ᠤᠷᠤᠰᠢᠨ᠎ᠡ᠃      ᠴᠠᠢ ᠢᠲᠡᠭᠡ ᠪᠠᠨ ᠠᠮᠰᠠᠵᠦ ᠪᠠᠷᠠᠭᠰᠡᠨ ᠤ ᠲᠠᠷᠠᠭ᠎ᠠ ᠡᠷᠡᠭᠳᠠᠶᠢᠴᠤᠳ ᠮᠦᠷ ᠭᠠᠷᠭᠠᠨ᠎ᠡ ᠭᠡᠳ ᠤᠷᠢᠳ ᠢᠶᠠᠷ ᠲᠦᠯᠭᠡᠴᠢ ᠪᠠᠷ ᠦᠵᠡᠭᠦᠯᠦᠨ ᠵᠢᠭᠠᠯᠭᠠᠭᠰᠡᠨ ᠦᠪᠡᠷ ᠤᠨ ᠢᠪᠡᠭᠡᠯ ᠵᠦᠭ ᠲᠤ ᠮᠤᠷᠲᠡᠨ ᠬᠡᠳᠤᠨ ᠫᠤᠤᠵᠢᠩ ᠲᠠᠯᠪᠢᠭᠠᠳ ᠪᠤᠴᠠᠨ ᠢᠷᠡᠵᠦ ᠠᠶᠢᠯ ᠠᠶᠢᠮᠠᠭ ᠤᠳ ᠢᠶᠠᠷ ᠰᠢᠨᠡᠯᠡᠬᠦ ᠪᠠᠷ ᠮᠤᠷᠳᠠᠵᠠᠭᠠᠨ᠎ᠡ᠃ ᠰᠢᠨᠡᠯᠡᠭᠴᠢᠳ ᠪᠦᠯᠦᠭ ᠪᠦᠯᠦᠭ ᠢᠶᠠᠷ ᠨᠠᠶᠢᠯᠡᠵᠦ ᠨᠢᠭᠡ ᠬᠤᠲᠡ ᠠᠴᠠ ᠨᠦᠬᠦᠭᠡ ᠬᠤᠲᠡ ᠤᠷᠤᠭᠤ ᠤᠷᠤᠯᠳᠤᠨ ᠤᠴᠢᠵᠦ ᠡᠷᠦᠭᠡ ᠲᠠᠷᠠᠭᠠᠯᠠᠨ ᠶᠠᠳᠠᠭᠤ ᠪᠠᠶᠠᠨ ᠬᠡᠵᠦ ᠢᠯᠭᠠᠯ ᠦᠭᠡᠢ ᠤᠷᠤᠵᠦ ᠬᠦᠮᠦᠨ ᠪᠦᠷᠢ ᠬᠠᠳᠠᠭ ᠪᠠᠷᠢᠨ ᠵᠤᠯᠭᠠᠵᠦ ᠬᠦᠬᠦᠦᠷ ᠵᠦᠷᠢᠭᠦᠯᠦᠨ ᠰᠢᠨᠡᠯᠡᠲᠡᠭ᠃ ᠠᠶᠢᠯ ᠪᠤᠯᠭᠠᠨ ᠰᠢᠨᠡᠯᠡᠭᠴᠢᠳ ᠲᠤ ᠢᠲᠡᠭᠡ ᠪᠤᠳᠠᠭ᠎ᠠ ᠲᠠᠢ ᠪᠠᠶᠢᠵᠦ ᠪᠠᠭᠠᠴᠤᠳ ᠬᠡᠦᠭᠡᠳ ᠲᠤ ᠪᠤᠯ ᠠᠳᠬᠤ ᠰᠢᠬᠢᠷ ᠴᠦ ᠬᠡᠰᠡᠨ ᠠᠳᠬᠤᠭᠤᠯᠵᠦ ᠭᠠᠷᠭᠠᠳᠠᠭ ᠪᠢᠯᠡ᠃      ᠴᠠᠭᠠᠨ ᠰᠡᠷ᠎ᠡ ᠶᠢᠨ ᠠᠷᠪᠠᠨ ᠲᠠᠪᠤᠨ ᠠᠴᠠ ᠡᠬᠢᠯᠡᠨ ᠠᠪᠠᠭᠠᠢ ᠬᠡᠦᠭᠡᠳ ᠰᠢᠨ᠎ᠡ ᠬᠦᠲᠡᠯᠭᠡᠨ ᠠᠶᠢᠯᠴᠢᠯᠠᠳᠠᠭ᠂ ᠠᠷᠪᠠᠨ ᠲᠠᠪᠤᠨ ᠤ ᠲᠤᠳᠤᠷ᠎ᠡ ᠨᠢᠭᠡ ᠠᠶᠢᠯ ᠳᠤ ᠲᠠᠬᠢᠨ ᠠᠶᠢᠯᠴᠢᠯᠠᠨ ᠤᠴᠢᠬᠰᠡᠨ ᠬᠦᠮᠦᠨ ᠢ ᠱᠠᠬᠯᠠᠭᠠᠴᠢᠨ ᠬᠡᠨ᠎ᠡ᠃
 
ᠢᠷᠡᠯᠲᠡ᠄ ᠲᠠᠷᠬᠠᠨ ᠮᠤᠤᠮᠢᠩᠭᠠᠨ ᠤ ᠵᠠᠰᠠᠭ ᠤᠨ ᠤᠷᠳᠤᠨ ᠤ ᠮᠤᠩᠭᠤᠯ ᠰᠦᠯᠵᠢᠶ᠎ᠡ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号