ᠶᠢᠰᠦ ᠶᠢᠰᠦ ᠶᠢᠨ ᠪᠡᠯᠡᠭ
ᠨᠡᠶᠢᠲᠡᠯᠡᠭᠰᠡᠨ ᠴᠠᠭ᠄
2019-12-05
    ᠤᠮ ᠰᠠᠶᠢᠬᠠᠨ ᠠᠮᠤᠭᠤᠯᠠᠩ ᠪᠤᠯᠳᠤᠭᠠᠢ     ᠠᠯᠳᠠᠨ ᠴᠠᠭᠠᠨ ᠬᠠᠳᠠᠭᠠᠨ ᠲᠡᠭᠡᠷ᠎ᠡ ᠪᠠᠨ     ᠠᠯᠳᠠᠨ ᠶᠢᠰᠦᠨ ᠵᠤᠭᠤᠰ ᠢᠶᠠᠷ ᠴᠢᠮᠡᠵᠦ     ᠮᠦᠩᠭᠦᠨ ᠶᠢᠰᠦᠨ ᠶᠤᠸᠠᠮᠪᠤᠤ ᠲᠠᠯᠪᠢᠵᠦ     ᠭᠠᠯ ᠳᠤ ᠴᠢᠨᠢ ᠲᠤᠰᠤ ᠲᠠᠢ     ᠪᠤᠷᠬᠠᠨ ᠳᠤ ᠴᠢᠨᠢ ᠨᠢᠨᠳᠠᠷ ᠲᠠᠢ     ᠪᠤᠭᠤᠷᠤᠯ ᠳᠤ ᠴᠢᠨᠢ ᠬᠠᠳᠠᠭ ᠲᠠᠢ     ᠲᠡᠪᠡᠯ ᠤᠨ ᠲᠤᠷᠭ᠎ᠠ     ᠲᠡᠪᠢᠰᠭᠡᠷ ᠤᠨ ᠬᠡᠪᠢᠰ ᠲᠠᠢ     ᠲᠡᠯᠡᠢ ᠶᠢᠨ ᠲᠠᠪᠤᠨ ᠡᠷᠳᠡᠨᠢ ᠵᠡᠷᠭᠡ ᠶᠢ ᠡᠷᠭᠦᠨ     ᠲᠦᠷᠦ ᠶᠢᠨ ᠬᠡᠯᠬᠢᠶ᠎ᠡ ᠦᠷ᠎ᠡ ᠶᠢᠨ ᠪᠠᠷᠢᠯᠳᠤᠯᠭ᠎ᠠ ᠳᠤ     ᠲᠡᠷᠢᠭᠦᠨ ᠶᠢᠰᠦ ᠶᠢᠨ ᠪᠡᠯᠡᠭ ᠡᠨᠡ ᠰᠠᠨ ᠪᠢᠯᠡ᠃         ᠤᠮ ᠽᠠᠨᠳᠠᠨ ᠬᠦᠩᠭᠠᠷᠡᠪᠡ     ᠸᠴᠢᠷ ᠽᠠᠨᠳᠠᠨ ᠲᠠᠷᠤᠯᠲᠡ ᠲᠠᠢ     ᠰᠦᠢᠵᠢᠩ ᠰᠢᠯᠢᠨ ᠨᠡᠭᠡᠭᠡᠯᠬᠡᠲᠠᠢ     ᠱᠢᠷᠦ ᠰᠤᠪᠤᠳ ᠰᠡᠶᠢᠯᠦᠬᠦᠷ ᠲᠠᠢ     ᠲᠡᠭᠦᠨ ᠤ ᠲᠤᠳᠤᠷ᠎ᠡ ᠲᠠᠬᠢᠬᠰᠡᠨ ᠪᠤᠷᠬᠠᠨ     ᠪᠡᠯᠳᠠᠨ ᠯᠾᠨᠮᠦ ᠪᠠᠶᠠᠨ ᠨᠠᠮᠰᠠᠷᠠᠢ     ᠵᠠᠶᠠᠭᠠᠨ ᠲᠠᠪᠤᠨ ᠲᠡᠭᠷᠢ     ᠨᠠᠰᠤᠨ ᠤ ᠭᠤᠷᠪᠠᠨ ᠪᠤᠷᠬᠠᠨ ᠸᠴᠢᠷ ᠲᠡᠷᠢᠭᠦᠲᠡᠨ     ᠵᠢᠷᠭᠠᠯᠠᠩ ᠤᠨ ᠪᠠᠶᠠᠳ ᠴᠠᠭ ᠤᠨ ᠡᠵᠡᠨ ᠱᠠᠬᠵᠠᠮᠤᠨᠢ     ᠪᠠᠭᠰᠢ ᠪᠠᠳᠮᠠᠰᠠᠮᠪᠤᠤ ᠨᠤᠮ ᠤᠨ ᠬᠠᠭᠠᠨ     ᠢᠲᠡ ᠰᠢᠳᠢᠳᠡᠨ ᠡᠵᠡᠨ ᠸᠠᠩ     ᠲᠡᠭᠷᠢ ᠶᠢᠨ ᠲᠤᠬᠰᠢᠳ ᠨᠠᠷ ᠲᠤ ᠬᠦᠷᠲᠡᠯ᠎ᠡ     ᠰᠠᠩ ᠰᠤᠯᠬᠢᠶ᠎ᠡ ᠰᠠᠷᠬᠤᠳ ᠨᠠᠩᠴᠢᠳ     ᠦᠨᠦᠷ ᠲᠠᠢ ᠠᠴᠠ ᠠᠷᠴᠡ     ᠬᠡᠷᠡᠯ ᠲᠠᠢ ᠠᠴᠠ ᠵᠤᠯᠠ     ᠭᠠᠯ ᠪᠤᠷᠬᠠᠨ ᠳᠤ ᠴᠢᠨᠢ     ᠽᠠᠨᠳᠠᠨ ᠱᠦᠷᠦᠪᠡ ᠤᠮ ᠠ ᠬᠤᠮ ᠬᠡᠳ     ᠬᠤᠶᠠᠷ ᠶᠢᠰᠦ ᠶᠢᠨ ᠪᠡᠯᠡᠭ ᠡᠨᠡ ᠰᠠᠨ ᠪᠢᠯᠡ᠃     ᠣᠮ ᠽᠠᠨᠳᠠᠨ ᠰᠢᠷᠡᠭᠡᠨ ᠲᠡᠭᠡᠷ᠎ᠡ ᠴᠢᠨᠢ     ᠰᠢᠷ᠎ᠡ ᠵᠤᠭᠤᠰ ᠰᠢᠵᠢᠷ ᠠᠯᠳᠠ     ᠬᠠᠮᠪᠤ ᠲᠤᠷᠭ᠎ᠠ ᠬᠠᠯᠢᠭᠤ ᠪᠤᠯᠠᠭ᠎ᠠ     ᠮᠤᠯᠤᠷ ᠡᠷᠳᠡᠨᠢ ᠮᠦᠩᠭᠦ ᠶᠤᠸᠠᠮᠪᠤᠤ     ᠬᠠᠰ ᠮᠠᠨᠤ ᠱᠢᠷᠦ ᠤᠭ᠍ᠶᠦ     ᠲᠠᠭᠠᠨ᠎ᠡ ᠰᠤᠪᠤᠳ ᠰᠠᠩᠰᠠᠨ ᠬᠤᠷᠠᠭ᠎ᠠ     ᠪᠤᠳᠤᠩᠳᠠᠢ ᠠᠴᠠ ᠲᠤᠰᠤ     ᠲᠠᠪᠠᠭ ᠰᠡᠭᠦᠯ ᠲᠠᠢ ᠬᠤᠨᠢᠨ ᠰᠢᠭᠦᠰᠦ ᠬᠦᠷᠲᠡᠯ᠎ᠡ     ᠭᠤᠷᠪᠠᠨ ᠶᠢᠰᠦ ᠶᠢᠨ ᠪᠡᠯᠡᠭ ᠡᠨᠡ ᠰᠠᠨ ᠪᠢᠯᠡ᠃     ᠢᠷᠪᠢᠰ ᠬᠦᠢᠴᠡᠬᠦ ᠮᠤᠷᠢ     ᠡᠷᠳᠡᠨᠢ ᠶᠢᠨ ᠬᠦᠯᠦᠭ ᠠᠬᠲᠡ     ᠡᠮᠡᠭᠡᠯ ᠬᠠᠵᠠᠭᠠᠷ ᠪᠦᠷᠢᠨ     ᠬᠤᠷ᠎ᠠ ᠰᠠᠶᠢᠬᠠᠨ ᠬᠦᠴᠦᠲᠠᠢ     ᠬᠤᠷᠴᠡ ᠲᠦᠷᠪᠠᠨ ᠲᠤᠭᠤᠷᠠᠢ ᠲᠠᠢ     ᠽᠠᠨᠳᠠᠨ ᠬᠦᠷᠡᠩ ᠬᠡᠭᠦᠦ     ᠤᠨᠠᠭ᠎ᠠ ᠲᠠᠢ ᠲᠠᠭ᠎ᠠ ᠲᠠᠢ     ᠢᠨᠴᠠᠭᠠᠨ ᠦᠦᠷᠰᠦᠭᠰᠡᠭᠡᠷ     ᠱᠤᠩ ᠲᠡᠭᠡᠷ᠎ᠡ ᠴᠢᠨᠢ ᠤᠶᠠᠭ᠎ᠠ ᠲᠠᠢ ᠪᠤᠢ     ᠡᠨᠡ ᠪᠤᠯ ᠲᠦᠷᠪᠠᠨ ᠶᠢᠰᠦ ᠶᠢᠨ ᠪᠡᠯᠡᠭ ᠡᠨᠡ ᠰᠠᠨ ᠪᠢᠯᠡ᠃     ᠲᠡᠭᠷᠢ ᠡᠵᠡᠨ ᠤ ᠲᠠᠮᠠᠭ᠎ᠠ ᠨᠢ     ᠲᠠᠰᠢᠶᠠᠨ ᠲᠡᠭᠡᠷ᠎ᠡ ᠨᠢ ᠲᠤᠷᠠᠶᠢᠬᠰᠡᠨ     ᠲᠡᠪ ᠲᠡᠭᠰᠢᠭᠡᠨ ᠪᠡᠶ᠎ᠡ ᠲᠠᠢ     ᠮᠢᠨᠳᠠᠰᠤᠨ ᠶᠠᠩᠭᠠᠷ ᠵᠤᠬᠳᠤᠷ ᠲᠠᠢ     ᠮᠤᠯᠦᠷ ᠡᠷᠳᠡᠨᠢ ᠶᠢᠨ ᠢᠲᠡ ᠲᠠᠢ     ᠬᠦᠴᠦᠲᠦ ᠯᠤᠤ ᠶᠢᠨ ᠬᠦᠵᠦᠭᠦᠦ ᠲᠠᠢ     ᠰᠢᠷᠡᠭᠡ ᠪᠦᠭᠡ ᠲᠠᠢ ᠲᠡᠮᠡᠭᠡ     ᠰᠢᠷᠠᠮᠤᠨ ᠲᠦᠷᠦᠭᠡ ᠲᠠᠢ     ᠰᠢᠷᠢᠮᠡᠯ ᠲᠤᠬᠤᠱᠢ ᠲᠠᠢ     ᠰᠡᠨᠵᠢᠲᠠᠢ ᠭᠠᠳᠠᠰᠤᠨ ᠲᠡᠭᠡᠷ᠎ᠡ ᠴᠢᠨᠢ ᠤᠶᠠᠭ᠎ᠠ ᠲᠠᠢ ᠪᠤᠢ     ᠡᠨᠡ ᠪᠤᠯ ᠲᠡᠪᠤᠨ ᠶᠢᠰᠦ ᠶᠢᠨ ᠪᠡᠯᠡᠭ ᠡᠨᠡ ᠰᠠᠨ ᠪᠢᠯᠡ᠃     ᠡᠵᠡᠨ ᠲᠦᠷᠦ ᠳᠡᠭᠡᠨ ᠡᠭᠡᠯᠢᠲᠠᠢ     ᠦᠨᠳᠦᠷ ᠡᠪᠡᠷ ᠲᠠᠢ ᠤᠯᠠᠬᠴᠢᠨ ᠦᠨᠢᠶ᠎ᠡ     ᠦᠬᠢᠨ ᠤᠯᠠᠭᠠᠨ ᠲᠤᠭᠤᠯ ᠲᠠᠢ ᠪᠢᠷᠠᠭᠤ ᠲᠠᠢ     ᠵᠠᠯᠠᠨ ᠲᠡᠭᠡᠷ᠎ᠡ ᠴᠢᠨᠢ ᠤᠶᠠᠭ᠎ᠠ ᠲᠠᠢ ᠪᠤᠢ     ᠡᠨᠡ ᠪᠤᠯ ᠵᠢᠷᠭᠤᠭᠠᠨ ᠶᠢᠰᠦ ᠶᠢᠨ ᠪᠡᠯᠡᠭ ᠡᠨᠡ ᠰᠠᠨ ᠪᠢᠯᠡ᠃     ᠮᠢᠨᠳᠠᠰᠦᠨ ᠴᠠᠭᠠᠨ ᠨᠤᠤᠰᠦ ᠲᠠᠢ     ᠮᠠᠨᠳᠤᠭᠤᠷ ᠴᠠᠭᠠᠨ ᠬᠤᠷᠠᠭ᠎ᠠ ᠲᠠᠢ     ᠬᠤᠳᠠᠨ ᠲᠤᠮᠳᠠ ᠪᠠᠨ ᠮᠠᠶᠢᠯᠠᠳᠠᠭ     ᠪᠤᠶᠠᠨ ᠬᠡᠰᠢᠭ ᠤᠨ ᠬᠦᠷᠢᠶᠡᠲᠦ     ᠮᠠᠩᠨᠠᠢ ᠬᠠᠯᠵᠠᠨ ᠬᠤᠨᠢ     ᠬᠤᠷᠤᠭᠠᠨ ᠳᠤ ᠴᠢᠨᠢ ᠬᠤᠷᠢᠵᠦ ᠪᠤᠢ     ᠡᠨᠡ ᠪᠤᠯ ᠲᠤᠯᠤᠭᠠᠨ ᠶᠢᠰᠦ ᠶᠢᠨ ᠪᠡᠯᠡᠭ ᠡᠨᠡ ᠰᠠᠨ ᠪᠢᠯᠡ᠃     ᠰᠢᠷ᠎ᠡ ᠵᠤᠭᠤᠰ ᠰᠢᠵᠢᠷ ᠠᠯᠳᠠ ᠮᠦᠩᠭᠦᠨ ᠶᠤᠸᠠᠮᠪᠤᠤ     ᠶᠢᠰᠦᠨ ᠬᠦᠵᠡᠭᠡ ᠰᠢᠷ᠎ᠡ ᠲᠤᠰᠤ     ᠶᠢᠰᠦᠨ ᠪᠤᠳᠤᠩ ᠲᠠᠢ ᠠᠶᠢᠷᠠᠭ     ᠶᠢᠰᠦᠨ ᠬᠡᠰᠡᠭ ᠬᠡᠪ ᠤᠨ ᠴᠠᠢ     ᠤᠭ᠍ᠶᠦ ᠱᠢᠷᠦ ᠲᠠᠭᠠᠨ᠎ᠡ ᠰᠤᠪᠤᠳ ᠲᠠᠵᠢ ᠮᠠᠩᠨᠤᠭ     ᠬᠠᠰ ᠮᠠᠨᠤ ᠬᠠᠮᠪᠤ ᠲᠤᠷᠭ᠎ᠠ     ᠬᠠᠯᠢᠭᠤ ᠪᠤᠯᠠᠭ᠎ᠠ ᠰᠠᠩᠰᠠᠨ ᠬᠤᠷᠠᠭ᠎ᠠ     ᠰᠢᠭᠰᠢᠮᠡᠯ ᠮᠦᠩᠭᠦᠨ ᠲᠤᠩᠭᠠᠯᠠᠭ ᠠᠯᠳᠠ ᠵᠡᠷᠭᠡ ᠪᠠᠨ ᠢᠯᠡᠭᠡᠭᠰᠡᠨ     ᠡᠨᠡ ᠪᠤᠯ ᠨᠠᠢᠮᠠᠨ ᠶᠢᠰᠦ ᠶᠢᠨ ᠪᠡᠯᠡᠭ ᠡᠨᠡ ᠰᠠᠨ ᠪᠢᠯᠡ᠃     ᠵᠦᠢᠯ ᠪᠦᠷᠢ ᠶᠢᠨ ᠡᠷᠳᠡᠨᠢ     ᠵᠦᠰᠦᠮᠡᠯ ᠲᠤᠷᠭ᠎ᠠ ᠵᠦᠭᠡᠢ ᠶᠢᠨ ᠪᠠᠯ     ᠬᠠᠮᠪᠤ ᠬᠢᠯᠢᠩ ᠵᠢᠰᠦᠷ ᠵᠠᠩᠬᠢᠪ     ᠡᠪᠬᠡᠮᠡᠯ ᠪᠠᠷᠠᠭ᠎ᠠ ᠬᠡᠪ ᠤᠨ ᠴᠠᠢ     ᠬᠤᠸᠠᠷ ᠲᠠᠢ ᠬᠤᠷᠭᠤᠢ ᠬᠤᠯᠤᠰᠤᠨ ᠯᠢᠩᠪᠦ     ᠬᠤᠭᠤᠷ ᠶᠠᠳᠤᠭ᠎ᠠ ᠪᠠᠷ ᠶᠠᠩᠳᠠᠷ ᠪᠢᠴᠢᠭ ᠤᠨ ᠬᠡᠷᠡᠭᠰᠡᠯ     ᠡᠷ᠎ᠡ ᠶᠢᠨ ᠵᠤᠳᠤᠭ ᠡᠪ ᠤᠨ ᠴᠡᠪᠠᠦ     ᠱᠠᠭ᠎ᠠ ᠱᠠᠰᠳᠢᠷ ᠰᠠᠮ ᠱᠦᠬᠦᠷ     ᠰᠢᠳᠦᠨ ᠤ ᠱᠤᠸᠠᠵᠠ ᠵᠢᠰᠤᠨ ᠤ ᠲᠤᠯᠢ     ᠬᠤᠸᠠᠷ ᠲᠠᠢ ᠲᠤᠷᠭ᠎ᠠ     ᠬᠤᠨᠢᠶᠠᠰᠦ ᠲᠠᠢ ᠬᠠᠪᠳᠠᠭ᠎ᠠ     ᠭᠠᠩ ᠢᠯᠲᠦ ᠭᠠᠯᠲᠦ ᠬᠡᠲᠡ ᠵᠡᠷᠭᠡ ᠶᠢᠨ     ᠶᠢᠰᠦ ᠶᠢᠰᠦ ᠶᠢᠨ ᠪᠡᠯᠡᠭ ᠢ     ᠪᠦᠬᠦᠨ ᠢᠶᠠᠷ ᠨᠢ ᠲᠤᠰᠢᠶᠠᠨ ᠡᠷᠭᠦᠵᠦ     ᠦᠯᠵᠠᠢ ᠬᠤᠳᠤᠭ ᠤᠷᠤᠰᠢᠬᠤ ᠪᠤᠯᠳᠤᠭᠠᠢ︕
 
ᠢᠷᠡᠯᠲᠡ᠄ ᠲᠠᠷᠬᠠᠨ ᠮᠤᠤᠮᠢᠩᠭᠠᠨ ᠤ ᠵᠠᠰᠠᠭ ᠤᠨ ᠤᠷᠳᠤᠨ ᠤ ᠮᠤᠩᠭᠤᠯ ᠰᠦᠯᠵᠢᠶ᠎ᠡ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号