ᠬᠠᠪᠳᠠᠭᠠᠢ ᠶᠢᠨ ᠵᠢᠰᠡ ᠰᠦᠮ᠎ᠡ
ᠨᠡᠶᠢᠲᠡᠯᠡᠭᠰᠡᠨ ᠴᠠᠭ᠄
2019-09-29
     ᠲᠤᠰ ᠰᠦᠮ᠎ᠡ ᠶᠢᠨ ᠠᠷᠦ ᠳᠤᠨᠢ ᠪᠤᠭᠤᠨᠢᠬᠠᠨ ᠬᠠᠪᠳᠠᠭᠠᠢ ᠤᠪᠤᠭ᠎ᠠ ᠪᠠᠶᠢᠵᠠᠢ᠃ ᠪᠤᠳᠤᠬᠤ ᠳᠤ ᠡᠨᠡ ᠤᠪᠤᠭᠠᠨ  ᠤ ᠨᠡᠷ᠎ᠡ ᠪᠠᠷ ᠲᠤᠰ ᠰᠦᠮ᠎ᠡ ᠶᠢ ᠨᠡᠷᠡᠯᠡᠭᠰᠡᠨ ᠪᠠᠶᠢᠵᠦ ᠮᠡᠲᠡᠨ᠎ᠡ᠃ ᠡᠨᠡ ᠰᠦᠮ᠎ᠡ ᠪᠤᠯ ᠨᠢᠭᠡ ᠪᠠᠭ᠎ᠠ ᠲᠤᠭᠠᠩ᠂ ᠨᠢᠭᠡ ᠵᠢᠰᠡ ᠶᠢᠨ ᠶᠡᠭᠡ ᠰᠢᠭ ᠪᠠᠶᠢᠰᠢᠩ ᠪᠡ ᠭᠡᠲᠦᠭᠡᠨ ᠱᠠᠪᠢ ᠨᠠᠷ ᠤᠨ ᠰᠠᠭᠤᠳᠠᠭ ᠪᠠᠶᠢᠰᠢᠩ ᠲᠠᠢ ᠪᠠᠭ᠎ᠠ ᠰᠦᠮ᠎ᠡ ᠶᠤᠮ᠃ ᠢᠯᠡᠷᠭᠡᠶᠢᠯᠡᠯ ᠤᠨ ᠨᠡᠷ᠎ᠡ ᠪᠡ ᠲᠠᠷᠡᠴᠢᠯᠡᠨ ᠠᠯᠢ ᠵᠢᠯ ᠤᠨ ᠠᠯᠢ ᠰᠠᠷ᠎ᠡ ᠳᠤ ᠪᠠᠶᠢᠭᠤᠯᠤᠭᠳᠠᠭᠰᠡᠨ ᠭᠡᠲᠡᠭ ᠨᠢ ᠴᠦ ᠲᠡᠮᠳᠡᠭᠯᠡᠯ ᠪᠠᠷᠢᠮᠲᠡ ᠭᠡᠵᠦ ᠦᠭᠡᠢ᠃ ᠲᠦᠪᠠᠳ ᠨᠤᠮ ᠤᠨ ᠤᠩᠰᠢᠯᠭ᠎ᠠ ᠲᠠᠢ᠂ ᠬᠤᠪᠢᠯᠭᠠᠨ ᠯᠠᠮᠠ ᠦᠭᠡᠢ ᠰᠦᠮ᠎ᠡ ᠪᠠᠶᠢᠵᠠᠢ᠃ ᠭᠤᠴᠢᠭᠠᠳ ᠤᠨ ᠠᠴᠠ ᠨᠠᠭᠠᠰᠢᠬᠢ ᠪᠠᠶᠢᠲᠡᠯ ᠢ ᠮᠡᠲᠡᠬᠦ ᠬᠦᠮᠦᠰ ᠤᠨ ᠬᠡᠯᠡᠬᠦ ᠪᠠᠷ ᠰᠤᠯᠢᠶ᠎ᠡ ᠫᠤᠩᠰᠤᠭ ᠭᠡᠲᠡᠭ ᠡᠪᠦᠭᠡᠵᠢᠶᠠᠷ ᠯᠠᠮᠠ ᠰᠦᠮ᠎ᠡ ᠳᠤ ᠰᠠᠩ ᠤᠩᠰᠢᠵᠦ᠂ ᠵᠤᠯᠠ ᠬᠦᠵᠢ ᠪᠠᠷᠢᠵᠦ᠂ ᠰᠠᠮᠪᠠ ᠭᠡᠲᠡᠭ ᠴᠢᠪᠠᠭᠠᠨᠴᠡ ᠲᠠᠢ ᠡᠨᠡ ᠰᠦᠮ᠎ᠡ ᠳᠤ ᠰᠠᠭᠤᠵᠦ ᠪᠠᠶᠢᠭᠠᠳ ᠲᠦᠴᠢᠨ ᠵᠢᠷᠭᠤᠭ᠎ᠠ ᠲᠤᠯᠤᠳᠤᠭᠠᠷ ᠤᠨ ᠤ ᠦᠶ᠎ᠡ ᠳᠤ ᠡᠪᠦᠭᠡᠨ ᠯᠠᠮᠠ ᠨᠠᠰᠦ ᠪᠠᠷᠠᠵᠦ᠂ ᠰᠠᠮᠪᠠ ᠴᠢᠪᠠᠭᠠᠨᠴᠡ ᠴᠦ ᠲᠡᠭᠦᠨ ᠠᠴᠠ ᠰᠡᠭᠦᠯ ᠳᠤ ᠠᠶᠢᠯ ᠳᠤ ᠨᠠᠰᠦ ᠪᠠᠷᠠᠭᠰᠡᠨ ᠭᠡᠲᠡᠭ᠃      ᠡᠨᠡ ᠰᠦᠮ᠎ᠡ ᠶᠢᠨ ᠤᠯᠠᠮᠵᠢᠯᠠᠯ ᠶᠡᠷᠢᠶ᠎ᠡ ᠪᠠᠷ ᠪᠤᠯ᠂ ᠤᠤᠯ ᠨᠢ ᠡᠨᠡ ᠬᠦ ᠬᠠᠪᠳᠠᠭᠠᠢ ᠶᠢᠨ ᠡᠮᠦᠨ᠎ᠡ ᠮᠦᠷᠭᠦᠴᠡᠭ ᠠᠭᠤᠯᠠ ᠶᠢᠨ ᠦᠪᠦᠷ ᠲᠠᠬᠢ ᠠᠭᠤᠳᠠᠮ ᠡᠩᠭᠡᠷ ᠲᠤᠬᠤᠢ ᠳᠤᠨᠢ ᠪᠠᠳᠺᠠᠷ ᠰᠦᠮ᠎ᠡ ᠶᠢ ᠪᠠᠶᠢᠭᠤᠯᠬᠤ ᠪᠠᠷ ᠭᠠᠵᠠᠷ ᠰᠢᠨᠵᠢᠨ ᠲᠤᠬᠳᠠᠵᠦ᠂ ᠰᠠᠭᠤᠷᠢ ᠲᠠᠯᠪᠢᠬᠤ ᠭᠠᠵᠠᠷ ᠮᠠᠯᠳᠠᠵᠦ ᠰᠢᠷᠤᠢ ᠬᠦᠲᠡᠯᠭᠡᠬᠦ ᠡᠳᠤᠷ ᠨᠢ ᠪᠠᠷᠠᠭᠤᠨ ᠬᠤᠶᠢᠲᠦ ᠠᠭᠤᠯᠠ ᠶᠢᠨ ᠬᠦᠲᠦᠯ ᠢᠶᠠᠷ ᠫᠤᠤ ᠡᠭᠦᠷᠦᠭᠰᠡᠨ ᠬᠦᠮᠦᠨ ᠢᠷᠡᠭᠰᠡᠨ ᠳᠤ ︽ᠫᠤᠤ ᠡᠭᠦᠷᠦᠭᠰᠡᠨ ᠬᠦᠮᠦᠨ ᠶᠠᠪᠤᠵᠦ ᠪᠠᠶᠢᠬᠤ ᠪᠠᠷ ᠨᠢ᠂ ᠴᠡᠷᠢᠭ ᠲᠠᠶᠢᠨ ᠤ ᠵᠠᠮ ᠶᠤᠮ ᠪᠠᠶᠢᠨ᠎ᠡ᠂ ᠮᠠᠭᠤ ᠢᠷᠸ᠎ᠠ ᠲᠠᠢ︾ ᠭᠡᠵᠦ ᠴᠡᠭᠡᠷᠯᠡᠨ᠂ ᠪᠠᠷᠢᠯᠭ᠎ᠠ ᠶᠢᠨ ᠠᠵᠢᠯ ᠢᠶᠠᠨ ᠵᠤᠬᠰᠤᠭᠠᠵᠦ᠂ ᠮᠦᠨ ᠮᠤᠤᠮᠢᠩᠭᠠᠨ ᠤ ᠭᠠᠵᠠᠷ ᠪᠤᠯᠬᠤ ᠦᠪᠦᠷ ᠠᠭᠤᠯᠠᠨ ᠤ ᠰᠡᠷᠢᠭᠦᠨ ᠪᠤᠯᠠᠭ ᠤᠨ ᠪᠠᠷᠠᠭᠤᠨ ᠲᠡᠯ᠎ᠡ ᠳᠤ ᠪᠠᠳᠺᠠᠷ ᠰᠦᠮ᠎ᠡ ᠶᠢ ᠪᠠᠶᠢᠭᠤᠯᠤᠭᠰᠡᠨ ᠭᠡᠲᠡᠭ ᠪᠠᠶᠢᠯ᠎ᠡ᠃ ᠲᠡᠭᠡᠭᠡᠳ ᠬᠠᠪᠳᠠᠭᠠᠢ ᠳᠤ ᠰᠠᠭᠤᠵᠦ ᠪᠠᠶᠢᠬᠰᠡᠨ ᠪᠡᠯᠡᠳᠭᠡᠯ ᠠᠵᠢᠯ ᠤᠨ ᠬᠦᠮᠦᠰ ᠨᠢ ᠨᠢᠭᠡ ᠵᠢᠰᠡ ᠪᠠᠶᠢᠭᠤᠯᠤᠭᠰᠡᠨ ᠭᠡᠲᠡᠭ ᠲᠤᠮᠤᠭ ᠬᠤᠴᠤᠷᠴᠠᠢ᠃ ᠡᠲᠡᠭᠡᠷ  ᠢ ᠦᠨᠳᠦᠰᠦᠯᠡᠪᠡᠯ᠂ ᠡᠨᠡ ᠰᠦᠮ᠎ᠡ ᠪᠠᠷᠤᠭ 1740 ᠤᠨ ᠤ ᠡᠮᠦᠨ᠎ᠡ ᠪᠠᠶᠢᠬᠰᠡᠨ ᠪᠠᠶᠢᠵᠦ ᠮᠡᠲᠡᠨ᠎ᠡ᠃ ᠲᠤᠰ ᠰᠦᠮ᠎ᠡ ᠮᠦᠨ ᠰᠤᠶᠤᠯ ᠤᠨ ᠬᠤᠪᠢᠰᠬᠠᠯ ᠤᠨ ᠲᠤᠮᠲᠡ ᠦᠷᠡᠭᠲᠡᠵᠦ᠂ ᠪᠠᠭᠤᠷᠢ ᠨᠢ ᠤᠳᠤ ᠶᠢᠨ ᠪᠠᠶᠠᠨᠵᠢᠷᠦᠭᠡ ᠰᠤᠮᠤᠨ ᠤ ᠮᠠᠨᠳᠠᠯ ᠭᠠᠴᠠᠭᠠᠨ ᠳᠤ ᠪᠠᠶᠢᠨ᠎ᠡ᠃
 
ᠢᠷᠡᠯᠲᠡ᠄ ᠲᠠᠷᠬᠠᠨ ᠮᠤᠤᠮᠢᠩᠭᠠᠨ ᠤ ᠵᠠᠰᠠᠭ ᠤᠨ ᠤᠷᠳᠤᠨ ᠤ ᠮᠤᠩᠭᠤᠯ ᠰᠦᠯᠵᠢᠶ᠎ᠡ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号