ᠤᠳᠤᠮ ᠨᠢᠭᠡ ᠲᠠᠢ ᠲᠠᠪᠤᠨ ᠠᠶᠢᠮᠠᠭ — ᠪᠤᠭᠤᠲᠦ ᠶᠢᠨ ᠮᠤᠩᠭᠤᠯᠴᠤᠳ
ᠨᠡᠶᠢᠲᠡᠯᠡᠭᠰᠡᠨ ᠴᠠᠭ᠄
2019-09-20
     ᠪᠤᠭᠤᠲᠦ ᠭᠠᠵᠠᠷ ᠤᠷᠤᠨ ᠤ ᠮᠤᠩᠭᠤᠯ ᠦᠨᠳᠦᠰᠦᠲᠡᠨ ᠦᠨᠳᠦᠰᠦᠨ ᠳᠡᠭᠡᠨ ᠲᠦᠮᠡᠳ ᠮᠤᠩᠭᠤᠯ ︵ᠲᠦᠮᠡᠳ ᠪᠠᠷᠠᠭᠤᠨ ᠬᠤᠰᠢᠭᠤ᠂ ᠬᠦᠶᠠᠩ᠂ ᠵᠢᠦᠶᠦᠸᠠᠨ᠂ ᠳ᠋ᠦᠩ ᠾᠧ︶᠂ ᠤᠷᠠᠳ ᠮᠤᠩᠭᠤᠯ ︵ᠬᠦᠨᠳᠡᠯᠡᠨ᠂ ᠴᠢᠩᠱᠠᠨ︶᠂ ᠬᠠᠯᠬ᠎ᠠ ᠪᠠᠷᠠᠭᠤᠨ ᠭᠠᠷ ᠤᠨ ᠮᠤᠩᠭᠤᠯ᠂ ᠮᠤᠤᠮᠢᠩᠭᠠᠨ ᠮᠤᠩᠭᠤᠯ ︵ᠡᠲᠦᠭᠡ ᠶᠢᠨ ᠲᠠᠷᠬᠠᠨ ᠮᠤᠤᠮᠢᠩᠭᠠᠨ ᠬᠤᠰᠢᠭᠤ᠂ ᠤᠷᠳᠤᠰ ᠮᠤᠩᠭᠤᠯ ︵ᠲᠦᠮᠡᠳ ᠪᠠᠷᠠᠭᠤᠨ ᠬᠤᠰᠢᠭᠤᠨ ᠤ ᠬᠠᠳᠤᠨ ᠭᠤᠤᠯ ᠤᠨ ᠬᠤᠶᠢᠲᠦ ᠡᠷᠬᠢ ᠲᠠᠭᠠᠦ︶ ᠵᠡᠷᠭᠡ ᠲᠠᠪᠤᠨ ᠠᠶᠢᠮᠠᠭ ᠢᠶᠠᠷ ᠪᠦᠷᠢᠯᠳᠤᠵᠦ᠂ ᠲᠦᠮᠡᠳ ᠮᠤᠩᠭᠤᠯ ᠤᠯᠠᠩᠬᠢ ᠲᠤᠭ᠎ᠠ ᠶᠢ ᠡᠵᠡᠯᠡᠲᠡᠭ᠃ ᠲᠠᠪᠤᠨ ᠠᠶᠢᠮᠠᠭ ᠨᠢ ᠲᠡᠦᠭᠡᠨ ᠲᠡᠭᠡᠷ᠎ᠡ ᠪᠦᠷ ᠴᠢᠩᠭᠢᠰ ᠬᠠᠭᠠᠨ ᠤ ᠠᠯᠳᠠᠨ ᠤᠷᠤᠭ ᠤᠨ ᠶᠡᠷᠦᠩᠭᠡᠢ ᠵᠠᠬᠢᠷᠤᠯ ᠳᠤ ᠪᠠᠶᠢᠪᠡ᠃      ᠲᠦᠮᠡᠳ ᠠᠶᠢᠮᠠᠭ  ᠲᠦᠮᠡᠳ ᠨᠤᠳᠤᠭ ᠲᠤ ᠤᠤᠯ ᠨᠢ ᠮᠤᠩᠭᠤᠯᠵᠢᠨ ᠬᠦᠮᠦᠰ ᠨᠤᠳᠤᠬᠯᠠᠵᠦ ᠪᠠᠶᠢᠵᠠᠢ᠃ ᠮᠢᠩ ᠤᠯᠤᠰ ᠤᠨ ᠾᠦᠩ ᡁᠢ ᠶᠢᠨ ᠤᠨ ᠳᠤ ᠬᠤᠱᠤᠢ ᠶᠢᠨ ᠲᠠᠭᠠᠭᠤᠯᠭ᠎ᠠ ᠪᠠᠷ ᠤᠷᠳᠤᠰ ᠠᠴᠠ ᠲᠦᠮᠡᠳ ᠤᠨ ᠲᠡᠯ᠎ᠡ ᠳᠤ ᠢᠷᠡᠵᠦ ᠪᠢᠯᠡ᠃ ᠰᠡᠭᠦᠯ ᠳᠤᠨᠢ ᠲᠠᠶᠠᠨ ᠬᠠᠭᠠᠨ ᠡᠵᠡᠮᠳᠠᠵᠦ᠂ ᠲᠡᠭᠦᠨ ᠤ ᠬᠦᠪᠡᠭᠦᠨ ᠪᠠᠷᠰᠪᠤᠯᠤᠳ ᠨᠤᠶᠠᠯᠠᠵᠦ ᠪᠠᠶᠢᠪᠡ᠃ ᠰᠡᠭᠦᠯ ᠳᠤᠨᠢ ᠪᠠᠰᠡ ᠠᠯᠳᠠᠨ ᠬᠠᠭᠠᠨ ᠨᠤᠶᠠᠷᠬᠠᠪᠡ᠃ ᠮᠤᠩᠭᠤᠯᠵᠢᠨ ᠠᠯᠳᠠᠨ ᠬᠠᠭᠠᠨ ᠤ ᠬᠠᠷᠢᠶᠠᠲᠦ ᠪᠤᠯᠵᠦ ᠲᠦᠮᠡᠳ  ᠤᠨ ᠲᠡᠯ᠎ᠡ ᠳᠤ ᠮᠠᠯᠵᠢᠵᠦ ᠪᠠᠶᠢᠵᠠᠢ᠃ ᠴᠠᠬᠠᠷ ᠤᠨ ᠠᠯᠳᠠᠨ ᠤᠷᠤᠭ ᠤᠨ ᠬᠢᠨ ᠤ ᠮᠤᠩᠭᠤᠯ ᠠᠶᠢᠮᠠᠭ ᠪᠦᠯᠦᠭ ᠵᠡᠭᠦᠨᠰᠢ ᠨᠡᠭᠦᠲᠡᠯᠯᠡᠵᠦ ᠢᠷᠡᠭᠰᠡᠨ ᠢᠶᠠᠨ ᠬᠤᠵᠢᠮ ᠨᠢ ᠪᠦᠷ ᠲᠦᠮᠡᠳ ᠮᠤᠩᠭᠤᠯ ᠤᠨ ᠪᠦᠷᠢᠯᠳᠤᠭᠦᠨ ᠪᠤᠯᠵᠠᠢ᠃ ᠶᠤᠸᠠᠨ ᠤᠯᠤᠰ  ᠤᠨ ᠲᠦᠷᠦ ᠨᠤᠷᠠᠭᠰᠡᠨ ᠳᠤ ᠮᠤᠩᠭᠤᠯ ᠤᠨ ᠡᠯ᠎ᠡ ᠠᠶᠢᠮᠠᠭ ᠪᠦᠯᠦᠭ ᠪᠠᠷᠤᠭ ᠵᠠᠭᠤ ᠭᠠᠷᠤᠢ ᠵᠢᠯ ᠲᠤᠬᠳᠠᠪᠦᠷᠢ ᠦᠭᠡᠢ ᠲᠡᠮᠡᠴᠡᠭᠡᠨ ᠪᠤᠯᠵᠦ ᠪᠠᠶᠢᠬᠰᠡᠨ ᠴᠦ ᠲᠦᠮᠡᠳ ᠠᠶᠢᠮᠠᠭ ᠨᠢ ᠴᠢᠩᠭᠢᠰ ᠬᠠᠭᠠᠨ ᠤ ᠠᠯᠳᠠᠨ ᠤᠷᠤᠭ ᠤᠨ ᠲᠦᠪ ᠪᠤᠯᠬᠤ ᠬᠠᠭᠠᠨ ᠤ ᠤᠷᠲᠦ ᠰᠦᠯᠲᠡ ᠶᠢ ᠬᠠᠮᠠᠭᠠᠯᠠᠨ ᠬᠦᠷᠢᠶᠠᠯᠡᠭᠰᠡᠭᠡᠷ ᠢᠷᠡᠵᠠᠢ᠃ ᠮᠢᠩ ᠤᠯᠤᠰ ᠤᠨ ᠡᠴᠤᠰ᠂ ᠴᠢᠩᠭᠢᠰ ᠬᠠᠭᠠᠨ ᠤ ᠠᠯᠳᠠᠨ ᠤᠷᠤᠭ ᠤᠨ ᠬᠤᠶᠢᠴᠢ ᠲᠠᠶᠠᠨ ᠬᠠᠭᠠᠨ ᠶᠢ ᠲᠠᠭᠠᠵᠦ ᠮᠤᠩᠭᠤᠯ ᠤᠨ ᠡᠯ᠎ᠡ ᠠᠶᠢᠮᠠᠭ ᠪᠦᠯᠦᠭ ᠢ ᠲᠠᠬᠢᠨ ᠨᠢᠭᠡᠳᠭᠡᠭᠰᠡᠨ ᠤ ᠲᠠᠷᠠᠭ᠎ᠠ ᠲᠦᠮᠡᠳ ᠠᠶᠢᠮᠠᠭ ᠨᠢ ᠲᠠᠶᠠᠨ ᠬᠠᠭᠠᠨ ᠤ ᠠᠴᠢ ︵ᠤᠮᠪᠤᠯᠤ︶ ᠠᠯᠳᠠᠨ ᠬᠠᠭᠠᠨ ᠢ ᠲᠠᠭᠠᠵᠦ ᠲᠠᠯᠠᠨ ᠬᠠᠷ᠎ᠡ ᠶᠢᠨ ᠦᠪᠦᠷ ᠲᠠᠬᠢ ᠦᠷᠭᠡᠨ ᠠᠭᠤᠳᠠᠮ ᠲᠡᠯ᠎ᠡ ᠨᠤᠳᠤᠭ ᠲᠤ ᠨᠡᠭᠦᠲᠡᠯᠯᠠᠨ ᠢᠷᠡᠵᠦ ᠮᠠᠯᠵᠢᠨ ᠰᠠᠭᠤᠪᠡ᠃ ᠡᠭᠦᠨ ᠠᠴᠠ ᠬᠤᠶᠢᠰᠢ ᠡᠨᠡ ᠨᠤᠳᠤᠭ ᠢ ᠲᠦᠮᠡᠳ ᠤᠨ ᠲᠡᠯ᠎ᠡ ᠭᠡᠲᠡᠭ ᠪᠤᠯᠪᠡ᠃      1572 ᠤᠨ ᠳᠤ ︵ᠮᠢᠩ ᠤᠯᠤᠰ ᠤᠨ ᠯᠦᠩ ᠴᠢᠩ ᠤᠨ ᠵᠢᠷᠭᠤᠳᠤᠭᠠᠷ ᠤᠨ︶᠂ ᠠᠯᠳᠠᠨ ᠬᠠᠭᠠᠨ ᠨᠢᠭᠡᠨ ᠴᠢᠬᠤᠯᠠ ᠰᠢᠢᠳᠪᠦᠷᠢ ᠭᠠᠷᠭᠠᠪᠡ᠃ ᠲᠠᠷᠤᠢ ᠲᠦᠮᠡᠳ ᠤᠨ ᠲᠡᠯ᠎ᠡ ᠳᠤ ᠦᠩᠭᠡᠷᠡᠭᠰᠡᠨ ᠤ ᠶᠤᠸᠠᠨ ᠤ ᠲᠠᠶᠢᠲᠦ ᠶᠢᠨ ᠬᠡᠪ ᠨᠠᠮᠪᠡ ᠲᠠᠢ ᠬᠤᠲᠡ ᠪᠠᠶᠢᠭᠤᠯᠬᠤ ᠪᠠᠷ ᠲᠤᠬᠳᠠᠵᠦ᠂ ᠤᠷ᠎ᠡ ᠲᠠᠷᠬᠠᠨᠴᠤᠤᠯ ᠢ ᠴᠤᠬᠯᠠᠭᠠᠨ ᠬᠤᠲᠡ ᠪᠠᠶᠢᠭᠤᠯᠵᠦ ᠡᠬᠢᠯᠡᠪᠡ᠃ ᠬᠡᠳᠤᠨ ᠵᠢᠯ ᠴᠢᠷᠮᠠᠶᠢᠬᠰᠡᠨ ᠢᠶᠠᠷ 1575 ᠤᠨ ᠳᠤ ︵ᠮᠢᠩ ᠤᠨ ᠸᠠᠨ ᠯᠢ ᠶᠢᠨ ᠭᠤᠷᠪᠠᠳᠤᠭᠠᠷ ᠤᠨ︶ ︽ᠬᠦᠭᠡ ᠬᠤᠲᠡ︾ ᠶᠢ ᠪᠠᠶᠢᠭᠤᠯᠵᠦ ᠲᠠᠭᠤᠰᠬᠠᠪᠡ᠃ ᠬᠦᠭᠡ ᠦᠩᠭᠡ ᠲᠠᠢ ᠬᠤᠲᠡ ᠬᠡᠰᠡᠨ ᠰᠠᠨᠠᠭ᠎ᠠ ᠲᠠᠢ᠃ ᠤᠴᠢᠷ ᠨᠢ ᠮᠤᠩᠭᠤᠯᠴᠤᠳ ᠬᠦᠭᠡ᠂ ᠨᠤᠭᠤᠭᠠᠨ ᠬᠤᠶᠠᠷ ᠦᠩᠭᠡ ᠳᠤ ᠲᠤᠷ᠎ᠡ ᠪᠠᠬ᠎ᠠ ᠲᠠᠢ ᠪᠠᠶᠢᠳᠠᠭ᠃ ᠡᠶᠢᠮᠦ ᠠᠴᠠ ︽ᠬᠦᠭᠡ ᠬᠤᠲᠡ︾ ᠭᠡᠲᠡᠭ ᠨᠢ ᠬᠠᠶᠢᠷ᠎ᠡ ᠶᠢᠨ ᠨᠠᠷᠠᠶᠢᠳᠤᠯ ᠪᠢᠯᠡ᠃ ᠰᠠᠶ᠋ᠢᠬᠠᠨ ᠡᠬᠢᠯᠡᠵᠦ ᠪᠠᠶᠢᠭᠤᠯᠤᠭᠰᠡᠨ ᠬᠦᠭᠡ ᠬᠤᠲᠡ ᠶᠢᠨ ᠬᠡᠪᠴᠢᠶ᠎ᠡ ᠨᠢ ᠲᠡᠶᠢᠮᠦ ᠶᠡᠭᠡ ᠪᠢᠰᠢ᠂ ᠪᠦᠬᠦ ᠬᠤᠲᠡ ᠶᠢᠨ ᠡᠷᠬᠢᠨ ᠲᠤᠭᠤᠷᠢᠨ ᠬᠤᠶᠠᠷ ᠭᠠᠵᠠᠷ ᠠᠷᠡᠢ ᠬᠦᠷᠬᠦ ᠦᠭᠡᠢ᠂ ᠡᠮᠦᠨ᠎ᠡ ᠬᠤᠶᠢᠨ᠎ᠡ ᠪᠠᠨ ᠲᠤᠰ ᠲᠤᠰ ᠬᠤᠲᠡ ᠶᠢᠨ ᠬᠠᠭᠠᠯᠭ᠎ᠠ ᠲᠠᠢ᠃ ᠦᠨᠡᠨ ᠳᠡᠭᠡᠨ ᠬᠤᠲᠡ ᠪᠠᠬᠢᠯᠡᠯᠲᠡ ᠬᠡᠮᠡᠷ ᠶᠤᠮ᠃ ᠪᠠᠰᠡ ᠶᠡᠭᠡ ᠪᠠᠶᠢᠰᠢᠩ ᠭᠡᠲᠡᠭ᠃ 1581 ᠤᠨ ︵ᠮᠢᠩ ᠤᠨ ᠸᠠᠨ ᠯᠢ ᠶᠢᠨ ᠶᠢᠰᠦᠳᠤᠭᠡᠷ ᠤᠨ︶ ᠤ ᠬᠠᠪᠤᠷ᠂ ᠠᠯᠳᠠᠨ ᠬᠠᠭᠠᠨ ᠪᠤᠯᠤᠨ ᠲᠡᠭᠦᠨ ᠤ ᠵᠠᠯᠠᠭᠤ ᠬᠠᠳᠤᠨ ᠰᠠᠨ ᠨᠢᠶᠠᠩᠽᠢ ᠲᠠᠢ ᠪᠠᠨ ᠲᠠᠬᠢᠨ ᠬᠦᠭᠡ ᠬᠤᠲᠡ ᠶᠢ ᠦᠷᠭᠡᠳᠭᠡᠪᠡ᠃ ᠰᠠᠨ ᠨᠢᠶᠠᠩᠽᠢ ᠪᠡᠶ᠎ᠡ ᠪᠠᠷ ᠢᠶᠠᠨ ᠵᠢᠷᠣᠵᠦ ᠲᠦᠯᠦᠪᠯᠡᠬᠦ ᠳᠤ ᠤᠷᠤᠯᠴᠠᠨ ᠪᠠᠷᠢᠯᠭ᠎ᠠ ᠶᠢᠨ ᠠᠵᠢᠯ ᠢ ᠵᠢᠯᠤᠭᠤᠳᠴᠦ ᠲᠤᠰ ᠵᠢᠯ ᠤᠨ ᠲᠤᠳᠤᠷ᠎ᠡ ᠪᠠᠨ ᠪᠠᠷᠢᠯᠭ᠎ᠠ ᠪᠠᠨ ᠲᠠᠭᠤᠰᠠᠬᠪᠡ᠃ ᠠᠯᠳᠠᠨ ᠬᠠᠭᠠᠨ ᠨᠠᠰᠦ ᠪᠠᠷᠠᠭᠰᠡᠨ ᠤ ᠲᠠᠷᠠᠭ᠎ᠠ ᠰᠠᠨ ᠨᠢᠶᠠᠩᠽᠢ ᠮᠦᠨ ᠬᠤᠲᠡ ᠳᠤ ᠬᠡᠳᠦᠨ ᠠᠷᠪᠠᠨ ᠵᠢᠯ ᠰᠠᠭᠤᠭᠰᠡᠨ ᠠᠴᠠ ᠤᠯᠠᠨ ᠲᠦᠮᠡᠨ ᠤ ᠬᠦᠷᠢᠶᠠᠯᠡᠯ ᠢ ᠶᠡᠭᠡᠲᠡ ᠤᠯᠪᠡ᠃ ᠡᠶᠢᠨ ᠭᠦ ᠬᠦᠮᠦᠰ ᠬᠦᠭᠡ ᠬᠤᠲᠡ ᠶᠢ ︽ᠰᠠᠨ ᠨᠢᠶᠠᠩᠽᠢ ᠶᠢᠨ ᠬᠤᠲᠡ︾ ᠬᠡᠵᠡᠭᠡᠲᠡᠭ᠃      ᠲᠦᠮᠡᠳ ᠮᠤᠩᠭᠤᠯᠴᠤᠳ ᠲᠦᠮᠡᠳ ᠤᠨ ᠲᠡᠯ᠎ᠡ ᠨᠤᠳᠤᠭ ᠲᠤ ᠢᠷᠡᠭᠰᠡᠨ ᠠᠴᠠ ᠠᠪᠤᠭᠠᠳ ᠪᠦᠷ ᠮᠤᠩᠭᠤᠯ ᠦᠭᠡ ᠬᠡᠯᠡ ᠦᠰᠦᠭ ᠪᠢᠴᠢᠭ ᠢ ᠰᠤᠷᠴᠦ ᠬᠡᠷᠡᠭᠯᠡᠵᠦ ᠪᠠᠶᠢᠪᠡ᠃ ᠴᠢᠩ ᠤᠯᠤᠰ ᠤᠨ ᠡᠴᠤᠰ ᠪᠤᠯᠳᠠᠯ᠎ᠡ ᠲᠡᠳᠠᠨᠤᠰ ᠬᠢᠲᠡᠳ ᠦᠭᠡ ᠬᠡᠯᠡ ᠦᠰᠦᠭ ᠪᠢᠴᠢᠭ ᠢ ᠰᠤᠷᠴᠦ ᠬᠡᠷᠡᠭᠯᠡᠬᠦ ᠶᠢ ᠴᠠᠭᠠᠵᠠᠯᠠᠵᠦ ᠪᠠᠶᠢᠪᠡ᠃ ᠬᠡᠷᠪᠡ ᠭᠡᠨ ᠨᠢᠭᠡ ᠨᠢ ᠶᠠᠷᠢᠯᠴᠠᠭᠠᠨ ᠲᠤᠮᠲᠡ ᠪᠠᠨ ᠬᠢᠲᠡᠳ ᠦᠭᠡ ᠬᠠᠪᠴᠢᠭᠤᠯᠵᠦ ᠶᠡᠷᠢᠬᠤ ᠳᠤ ᠬᠦᠷᠪᠡᠯ ᠠᠬᠠᠮᠠᠳ ᠦᠶ᠎ᠡ ᠶᠢᠨ ᠬᠢᠨ ᠢᠶᠠᠷ ᠵᠠᠩᠨᠠᠭᠤᠯᠳᠠᠭ ᠪᠡ ᠦᠶ᠎ᠡ ᠬᠤᠷᠠᠭ ᠤᠨ ᠬᠦᠮᠦᠰ ᠲᠡᠭᠡᠨ ᠱᠤᠬᠯᠠᠭᠳᠠᠳᠠᠭ᠃ ᠬᠡᠪᠡᠴᠦ ᠢᠷᠭᠡᠨ ᠤᠯᠤᠰ ᠤᠨ ᠡᠬᠢᠨ ᠢᠶᠠᠷ ᠮᠠᠰᠢ ᠤᠯᠠᠨ ᠲᠦᠮᠡᠳ ᠮᠤᠩᠭᠤᠯᠴᠤᠳ ᠬᠢᠲᠡᠳ ᠦᠭᠡ ᠬᠡᠯᠡ ᠰᠤᠷᠴᠦ ᠡᠬᠢᠯᠡᠵᠠᠢ᠃ ᠤᠯᠤᠰ ᠪᠠᠶᠢᠭᠤᠯᠤᠭᠳᠠᠬᠤ ᠳᠤ ᠲᠦᠮᠡᠳ ᠮᠤᠩᠭᠤᠯᠴᠤᠳ ᠦᠨᠳᠦᠰᠦᠨ ᠳᠡᠭᠡᠨ ᠡᠭᠡ ᠬᠡᠯᠡ ᠪᠠᠨ ᠮᠡᠷᠳᠠᠵᠦ᠂ ᠦᠰᠦᠭ ᠪᠢᠴᠢᠭ ᠢᠶᠠᠨ ᠴᠦ ᠬᠡᠷᠡᠭᠯᠡᠵᠦ ᠴᠢᠳᠠᠬᠤ ᠪᠠᠨ ᠪᠤᠯᠢᠵᠠᠢ᠃      ᠲᠦᠮᠡᠳ ᠮᠤᠩᠭᠤᠯᠴᠤᠳ ᠤᠨ ᠢᠲᠡᠭᠡᠨ ᠤᠮᠳᠠᠭᠠᠨ ᠤ ᠪᠦᠷᠢᠯᠳᠤᠴᠡ ᠨᠢ ᠦᠢᠯᠡᠳᠪᠦᠷᠢᠯᠡᠯ ᠬᠦᠭᠵᠢᠯᠲᠡ ᠲᠠᠢ ᠨᠢᠬᠲᠡ ᠬᠤᠯᠪᠤᠭ᠎ᠠ ᠲᠠᠢ ᠶᠤᠮ᠃ ᠡᠷᠲᠡ ᠦᠶ᠎ᠡ ᠳᠤ ᠲᠦᠮᠡᠳ ᠤᠨ ᠨᠡᠭᠦᠲᠡᠯ ᠮᠠᠯᠵᠢᠯ ᠤᠨ ᠦᠶ᠎ᠡ ᠳᠤ ᠦᠭᠡᠷ ᠬᠤᠨᠢᠨ ᠤ ᠮᠢᠬ᠎ᠠ ᠪᠤᠯᠤᠨ ᠰᠦ ᠴᠠᠭ᠎ᠠ ᠪᠠᠷ ᠭᠤᠤᠯᠯᠠᠵᠦ ᠠᠮᠦ ᠪᠤᠳᠠᠭ᠎ᠠ ᠲᠤᠩ ᠬᠤᠪᠤᠷ ᠪᠠᠶᠢᠵᠠᠢ᠃ ᠲᠠᠷᠢᠶᠠᠯᠠᠬᠤ ᠪᠤᠯᠤᠭᠰᠡᠨ ᠤ ᠲᠠᠷᠠᠭ᠎ᠠ ᠮᠤᠩᠭᠤᠯ ᠠᠮᠦ᠂ ᠪᠤᠭᠤᠲᠠᠢ ᠪᠤᠯᠤᠨ ᠶᠤᠤᠮᠠᠢ ᠵᠡᠷᠭᠡ ᠶᠢ ᠲᠠᠷᠢᠵᠦ ᠪᠠᠶᠢᠬᠰᠡᠨ ᠲᠤᠯᠠ ᠲᠡᠪᠤᠨ ᠲᠠᠷᠢᠶᠠᠨ ᠤ ᠦᠷ᠎ᠡ ᠪᠠᠷ ᠭᠤᠤᠯᠳᠠᠵᠦ᠂ ᠬᠠᠷ᠎ᠡ ᠴᠠᠢ᠂ ᠬᠠᠷ᠎ᠡ ᠠᠷᠢᠬᠢ ᠤᠤᠭᠤᠬᠤ ᠪᠤᠯᠵᠦ ᠵᠦᠪᠬᠡᠨ ᠵᠢᠯ ᠴᠠᠭᠠᠨ ᠰᠠᠷ᠎ᠡ ᠪᠤᠶᠦ ᠪᠠᠶᠠᠷ ᠲᠤᠷᠠᠰᠬᠠᠯ ᠤᠨ ᠡᠳᠤᠷ ᠪᠤᠯᠪᠡᠯ ᠦᠭᠡᠷ ᠬᠤᠨᠢ ᠨᠢᠳᠤᠯᠡᠵᠦ ᠬᠤᠭᠤᠯᠠ ᠬᠤᠰᠢ ᠪᠠᠨ ᠰᠠᠶᠢᠵᠢᠷᠠᠭᠤᠯᠳᠠᠭ᠃ ᠤᠷᠴᠢᠮ ᠤᠨ ᠦᠶ᠎ᠡ ᠪᠤᠯᠵᠦ ᠢᠷᠡᠭᠡᠳ ᠢᠲᠡᠰᠢ ᠤᠤᠭᠤᠰᠢ ᠶᠢᠨ ᠲᠦᠷᠦᠯ ᠨᠡᠮᠡᠭᠲᠡᠵᠦ᠂ ᠲᠦᠮᠡᠳ ᠮᠤᠩᠭᠤᠯᠴᠤᠳ ᠭᠠᠭ᠋ᠠᠢ ᠶᠢᠨ ᠮᠢᠬ᠎ᠠ᠂ ᠦᠨᠳᠡᠭᠡ᠂ ᠬᠦᠨᠡᠰᠦᠨ ᠨᠤᠭᠤᠭ᠎ᠠ᠂ ᠠᠯᠢᠮ᠎ᠡ ᠵᠢᠮᠢᠰ ᠵᠡᠷᠭᠡ ᠢᠲᠡᠭᠡᠨ ᠢ ᠢᠯᠡᠭᠦᠦ ᠢᠲᠡᠲᠡᠭ ᠪᠤᠯᠪᠡ᠃ ᠡᠲᠦᠭᠡ ᠲᠦᠮᠡᠳ ᠮᠤᠩᠭᠤᠯᠴᠤᠳ ᠢᠲᠡᠰᠢ ᠤᠤᠭᠤᠰᠢᠨ ᠤ ᠲᠡᠯ᠎ᠡ ᠪᠠᠷ ᠬᠢᠲᠡᠳ ᠦᠨᠳᠦᠰᠦᠲᠡᠨ ᠲᠠᠢ ᠦᠨᠳᠦᠰᠦᠨ  ᠳᠡᠭᠡᠨ ᠠᠳᠠᠯᠢᠪᠳᠤᠷ ᠪᠤᠯᠵᠠᠢ᠃ ᠭᠠᠭᠴᠠ ᠰᠦ ᠲᠠᠢ ᠴᠠᠢ ᠬᠠᠭᠤᠷᠤᠭᠰᠡᠨ ᠪᠤᠳᠠᠭ᠎ᠠ ᠪᠤᠯᠤᠨ ᠦᠭᠡᠷ ᠬᠤᠨᠢᠨ ᠤ ᠮᠢᠬ᠎ᠠ ᠢᠲᠡᠬᠦ ᠵᠠᠩᠰᠢᠯ ᠢᠶᠠᠨ ᠮᠦᠨ ᠯᠠ ᠪᠠᠷᠢᠮᠳᠠᠯᠠᠭᠰᠠᠭᠠᠷ ᠪᠠᠶᠢᠨ᠎ᠡ᠃      ᠲᠦᠮᠡᠳ ᠮᠤᠩᠭᠤᠯᠴᠤᠳ ᠤᠨ ᠬᠤᠪᠴᠠᠰᠦ ᠡᠮᠦᠰᠭᠡᠯ ᠨᠢ ᠴᠦ ᠴᠠᠭ ᠦᠶ᠎ᠡ ᠶᠢᠨ ᠤᠷᠤᠰᠬᠠᠯ ᠢ ᠲᠠᠭᠠᠭᠠᠳ ᠲᠠᠰᠤᠷᠡᠯ ᠦᠭᠡ ᠬᠤᠪᠢᠷᠠᠵᠦ ᠪᠠᠶᠢᠨ᠎ᠡ᠃ ᠡᠷᠲᠡ ᠨᠡᠭᠦᠲᠡᠯ ᠮᠠᠯᠵᠢᠯ ᠤᠨ ᠦᠶ᠎ᠡ ᠳᠤ ᠦᠪᠡᠷ ᠢᠶᠠᠨ ᠤᠶᠤᠬᠰᠡᠨ ᠴᠠᠭᠠᠮᠠᠯ ᠠᠷᠡᠰᠦᠨ ᠦᠮᠦᠲᠦ ᠨᠡᠭᠡᠢ ᠲᠡᠪᠡᠯ ᠡᠮᠦᠰᠲᠡᠭ ᠪᠠᠶᠢᠪᠡ᠃ ᠡᠨᠡ ᠨᠢ ᠬᠠᠬᠢᠷ ᠬᠦᠢᠲᠡᠨ ᠳᠤ ᠵᠢᠪᠡᠷ ᠨᠡᠪᠲᠡᠷᠡᠲᠡᠭ ᠦᠭᠡᠢ᠃ ᠢᠵᠠᠭᠤᠷᠲᠡᠳ ᠯᠡ ᠨᠡᠭᠡᠢ ᠲᠡᠪᠡᠯ ᠢᠶᠠᠨ ᠪᠦᠰ ᠲᠤᠷᠭ᠎ᠠ ᠪᠠᠷ ᠭᠠᠳᠠᠷᠯᠠᠵᠦ ᠡᠮᠦᠰᠲᠡᠭ᠃ ᠰᠡᠭᠦᠯ ᠳᠤᠨᠢ ᠬᠢᠲᠡᠳ ᠤᠳ ᠲᠠᠢ ᠬᠠᠷᠢᠴᠠᠭ᠎ᠠ ᠪᠠᠨ ᠵᠤᠵᠠᠭᠠᠳᠬᠠᠭᠰᠡᠨ ᠠᠴᠠ ᠲᠦᠮᠡᠳ ᠮᠤᠩᠭᠤᠯᠴᠤᠳ ᠠᠭᠠᠵᠢᠮ ᠢᠶᠠᠷ ᠬᠢᠲᠡᠳ  ᠤᠨ ᠬᠦᠪᠦᠩᠳᠠᠢ ᠪᠤᠰᠢᠨᠵᠡ ᠬᠦᠪᠦᠩᠲᠠᠢ ᠦᠮᠦᠲᠦ ᠵᠡᠷᠭᠡ ᠪᠦᠰ ᠬᠤᠪᠴᠠᠰᠦ ᠡᠮᠦᠰᠲᠡᠭ ᠪᠤᠯᠪᠡ᠃ ᠡᠨᠡ ᠨᠢ ᠲᠠᠷᠢᠶᠠᠨ ᠠᠵᠢᠯ ᠳᠤ ᠤᠷᠤᠯᠴᠠᠬᠤ ᠳᠤ ᠮᠠᠰᠢ ᠲᠦᠭᠦᠮ ᠶᠤᠮ᠃ ᠤᠳᠤ ᠪᠤᠯᠬᠤ ᠳᠤ ᠲᠦᠮᠡᠳ ᠮᠤᠩᠭᠤᠯᠴᠤᠳ ᠤᠨ ᠡᠮᠦᠰᠭᠡᠯ ᠵᠠᠰᠠᠯ ᠨᠢ ᠬᠢᠲᠡᠳ ᠦᠨᠳᠦᠰᠦᠲᠡᠨ ᠲᠠᠢ ᠦᠨᠳᠦᠰᠦᠨ ᠳᠡᠭᠡᠨ ᠢᠯᠭᠠᠭ᠎ᠠ ᠦᠭᠡᠢ ᠪᠤᠯᠪᠡ᠃ ᠲᠡᠭᠡᠪᠡᠴᠦ ᠵᠤᠩᠬᠢᠯᠠᠬᠤ ᠠᠶᠢᠯ ᠡᠷᠦᠭᠡ ᠨᠢ ᠪᠠᠰᠡ ᠮᠠᠰᠢ ᠨᠠᠷᠢᠯᠢᠭ ᠤᠶᠤᠭᠰᠡᠨ ᠮᠤᠩᠭᠤᠯ ᠲᠡᠷᠯᠢᠭ ᠲᠠᠢ ᠪᠠᠶᠢᠳᠠᠭ᠃ ᠡᠭᠦᠨ ᠢᠶᠠᠨ ᠬᠤᠷᠢᠮ ᠨᠠᠶᠢᠷ ᠪᠠᠶᠠᠷ ᠲᠤᠷᠠᠰᠬᠠᠯ ᠤᠨ ᠡᠳᠤᠷ ᠲᠡᠭᠡᠨ ᠶᠠᠩᠵᠤᠯᠠᠵᠦ ᠡᠮᠦᠰᠲᠡᠭ ᠪᠢᠯᠡ᠃      ᠲᠦᠮᠡᠳ ᠮᠤᠩᠭᠤᠯᠴᠤᠳ ᠨᠡᠭᠦᠲᠡᠯ ᠮᠠᠯᠵᠢᠯ ᠠᠴᠠ ᠪᠠᠨ ᠲᠤᠬᠳᠠᠮᠠᠯ ᠰᠠᠭᠤᠷᠢᠰᠢᠯ ᠲᠠᠢ ᠪᠤᠯᠵᠦ ᠲᠠᠷᠢᠶᠠᠯᠠᠩ ᠠᠬᠤᠢ ᠶᠢᠨ ᠬᠦᠭᠵᠢᠯᠲᠡ ᠪᠡ ᠬᠢᠲᠡᠳ ᠤᠨ ᠨᠦᠯᠦᠭᠡ ᠠᠴᠠ ᠪᠤᠯᠵᠦ ᠵᠢᠯ ᠴᠠᠭᠠᠨ ᠰᠠᠷ᠎ᠡ᠂ ᠪᠠᠶᠠᠷ ᠲᠤᠷᠠᠰᠬᠠᠯ ᠤᠨ ᠡᠳᠤᠷ ᠤᠳ ᠢ ᠬᠢᠲᠡᠳ ᠦᠨᠳᠦᠰᠦᠲᠡᠨ ᠲᠠᠢ ᠨᠠᠯᠢᠶᠠᠳ ᠤᠶᠢᠷᠠᠯᠴᠠᠭ᠎ᠠ ᠦᠩᠭᠡᠷᠡᠭᠡᠲᠡᠭ ᠪᠤᠯᠵᠠᠢ᠃ ᠵᠦᠪᠭᠡᠨ ᠵᠠᠷᠢᠮ ᠨᠠᠷᠢᠨ ᠵᠦᠢᠯ ᠲᠡᠭᠡᠷ᠎ᠡ ᠪᠠᠨ ᠪᠠᠭ᠎ᠠ ᠵᠦᠷᠢᠶ᠎ᠡ ᠲᠠᠢ ᠪᠠᠶᠢᠳᠠᠭ᠃ ᠡᠲᠦᠭᠡ ᠲᠦᠮᠡᠳ ᠮᠤᠩᠭᠤᠯᠴᠤᠳ ᠤᠯᠠᠨ ᠢᠶᠠᠷ ᠢᠶᠠᠨ ᠴᠤᠬᠯᠠᠷᠠᠵᠦ ᠤᠪᠤᠭ᠎ᠠ ᠤᠩᠭᠤᠳ ᠢᠶᠠᠨ ᠲᠠᠬᠢᠬᠤ ᠪᠡ ᠠᠶᠢᠯ ᠪᠤᠯᠬᠤ᠂ ᠰᠦᠯᠲᠡ ᠪᠠᠨ ᠲᠠᠬᠢᠬᠤ ᠦᠶ᠎ᠡ ᠳᠤ ᠮᠤᠩᠭᠤᠯ  ᠤᠨ ᠵᠠᠩ ᠲᠡᠳᠬᠠᠯ ᠢᠶᠠᠨ ᠬᠠᠳᠠᠭᠠᠯᠠᠬᠰᠠᠭᠠᠷ ᠪᠠᠶᠢᠨ᠎ᠡ᠃ ᠵᠢᠯ ᠪᠦᠷᠢ ᠶᠢᠨ ᠪᠢᠯᠢᠭ ᠤᠨ ᠤᠯᠠᠷᠢᠯ ᠤᠨ ᠲᠠᠪᠤᠨ ᠰᠠᠷ᠎ᠡ  ᠶᠢᠨ ᠠᠷᠪᠠᠨ ᠭᠤᠷᠪᠠᠨ ᠳᠠᠭᠠᠨ ᠲᠦᠮᠡᠳ ᠮᠤᠩᠭᠤᠯᠴᠤᠳ ᠤᠪᠤᠭᠠᠨ ᠲᠠᠬᠢᠯᠭ᠎ᠠ ᠲᠡᠭᠡᠷ᠎ᠡ ᠴᠤᠬᠯᠠᠷᠡᠨ ᠤᠪᠤᠭ᠎ᠠ ᠪᠠᠨ ᠲᠠᠬᠢᠵᠠᠭᠠᠳᠠᠭ᠃ ᠬᠡᠳᠦᠶᠢᠪᠡᠷ ᠡᠷᠲᠡ ᠲᠡᠭᠡᠷ᠎ᠡ ᠦᠶ᠎ᠡ ᠶᠢᠨ ᠰᠢᠭ ᠲᠠᠶᠢᠮᠦ ᠦᠪᠡᠲᠡᠭᠰᠢ ᠰᠦᠷᠯᠢᠭᠦᠨ ᠪᠢᠰᠢ ᠪᠤᠯᠤᠭᠰᠡᠨ ᠴᠦ ᠮᠦᠨ ᠯᠡ ᠬᠦᠷ ᠨᠠᠷᠬᠢᠶᠠᠨ ᠲᠠᠢ ᠪᠠᠶᠢᠳᠠᠭ ᠠᠵᠢ᠃ ᠲᠦᠮᠡᠳ ᠮᠤᠩᠭᠤᠯᠴᠤᠳ ᠠᠶᠢᠯ ᠪᠤᠯᠭᠠᠨ ᠰᠦᠯᠲᠡ ᠪᠠᠨ ᠲᠠᠬᠢᠳᠠᠭ ᠨᠢ ᠨᠢᠭᠡ ᠵᠦᠢᠯ ᠤᠨ ᠤᠶᠤᠨ ᠰᠠᠨᠠᠭᠠᠨ ᠤ ᠡᠷᠡᠮᠡᠯᠵᠠᠯ ᠪᠦᠭᠡᠳ ᠡᠨᠡ ᠨᠢ ᠠᠮᠠᠬᠠᠳ ᠦᠶ᠎ᠡ ᠶᠢᠨ ᠬᠢᠨ ᠬᠤᠶᠢᠴᠢᠰ ᠲᠠᠭᠠᠨ ᠬᠦᠮᠦᠵᠢᠯ ᠬᠦᠷᠲᠡᠭᠡᠬᠦ ᠤᠳᠬ᠎ᠠ ᠠᠭᠤᠯᠭ᠎ᠠ ᠲᠠᠢ ᠪᠢᠯᠡ᠃      ᠤᠷᠠᠳ  ᠤᠷᠠᠳ ᠬᠡᠲᠡᠭ ᠨᠢ ᠤᠷᠠᠨ ᠲᠠᠷᠬᠠᠨ ᠭᠡᠲᠡᠭ ᠤᠳᠬ᠎ᠠ ᠲᠠᠢ᠃ ᠤᠷᠠᠳ ᠮᠤᠩᠭᠤᠯ ᠤᠨ ᠠᠶᠢᠮᠠᠭ ᠪᠦᠯᠦᠭ ᠨᠢ ᠪᠠᠶᠠᠨᠨᠠᠭᠤᠷ ᠬᠤᠲᠡ ᠶᠢᠨ ᠵᠡᠭᠦᠨ ᠬᠡᠰᠡᠭ ᠲᠤ ᠪᠠᠶᠢᠭ᠎ᠠ ᠤᠷᠠᠳ ᠤᠨ ᠭᠤᠷᠪᠠᠨ ᠬᠦᠩ ᠤᠨ ᠬᠤᠰᠢᠭᠤ ︵ᠡᠮᠦᠨᠡᠲᠦ᠂ ᠲᠤᠮᠳᠠᠲᠦ᠂ ᠬᠤᠶᠢᠲᠦ︶ ᠪᠤᠯᠤᠨ᠎ᠡ᠃ ᠨᠢᠭᠡ ᠬᠡᠰᠡᠭ ᠨᠢ ᠪᠤᠭᠤᠲᠦ ᠬᠤᠲᠡ ᠶᠢᠨ ᠬᠦᠨᠲᠡᠯᠡᠨ ᠲᠤᠭᠤᠷᠢᠭ᠂ ᠴᠢᠩᠱᠠᠨ᠂ ᠵᠢᠦᠶᠦᠸᠠᠨ ᠲᠤᠭᠤᠷᠢᠭ ᠲᠤ ︵ᠲᠡᠦᠭᠡᠨ ᠳᠤ ᠤᠷᠠᠳ ᠮᠤᠩᠭᠤᠯ ᠤᠨ ᠭᠠᠵᠠᠷ ᠨᠤᠳᠤᠭ ᠢ ᠳ᠋ᠦᠩ ᠾᠧ ᠲᠤᠭᠤᠷᠢᠭ ᠤᠨ ᠬᠠᠯᠬᠠᠪᠴᠢ ᠬᠡᠷᠡᠮ ᠢᠶᠠᠷ ᠵᠠᠭᠠᠬᠯᠠᠵᠦ᠂ ᠲᠦᠮᠡᠳ ᠤᠨ ᠨᠤᠳᠤᠭ ᠲᠠᠢ ᠢᠯᠭᠠᠵᠦ ᠪᠠᠶᠢᠳᠠᠭ︶ ᠪᠤᠢ᠃ ᠲᠡᠦᠭᠡᠨ ᠲᠡᠮᠲᠡᠭᠯᠡᠯ ᠢ ᠦᠨᠳᠦᠰᠦᠯᠡᠪᠡᠯ᠂ ᠶᠤᠸᠠᠨ ᠤᠯᠤᠰ ᠤᠨ ᠲᠠᠶᠢᠽᠦ ᠴᠢᠩᠭᠢᠰ ᠬᠠᠭᠠᠨ ᠤ ᠲᠡᠭᠦᠦ ᠬᠠᠪᠤᠳᠤ ᠬᠠᠰᠠᠷ ᠤᠨ ᠠᠷᠪᠠᠨ ᠲᠠᠪᠤᠳᠤᠭᠠᠷ ᠦᠶ᠎ᠡ ᠶᠢᠨ ᠠᠴᠢ ᠪᠤᠷᠬᠠᠢ ᠬᠦᠯᠦᠨ ᠪᠤᠶᠢᠷ ᠤᠨ ᠨᠤᠳᠤᠭ ᠢᠶᠠᠷ ᠮᠠᠯᠵᠢᠵᠦ᠂ ᠦᠪᠡᠷ  ᠢ ᠪᠠᠨ ᠤᠷᠠᠳ ᠠᠶᠢᠮᠠᠭ ᠭᠡᠵᠦ ᠰᠡᠭᠦᠯ ᠳᠤᠨᠢ ᠭᠤᠷᠪᠠᠨ ᠪᠦᠯᠦᠭ ᠬᠤᠪᠢᠶᠠᠵᠦ ᠠᠷᠦ ᠮᠤᠩᠭᠤᠯ ᠭᠡᠬᠦ ᠪᠤᠯᠵᠠᠢ᠃ ᠰᠡᠭᠦᠯ  ᠳᠤᠨᠢ ᠮᠢᠩ ᠤᠯᠤᠰ ᠲᠤ ᠴᠡᠷᠢᠭ ᠲᠠᠶᠢᠨ ᠤ ᠲᠡᠯ᠎ᠡ ᠪᠠᠷ ᠭᠠᠪᠢᠶ᠎ᠡ ᠪᠠᠶᠢᠭᠤᠯᠤᠭᠰᠡᠨ ᠪᠤᠯᠬᠤᠷ ᠤᠷᠠᠳ ᠢ ᠭᠤᠷᠪᠠᠨ ᠬᠤᠰᠢᠭᠤ ᠪᠤᠯᠭᠠᠭᠠᠳ ᠪᠤᠷᠤᠬᠤᠳᠤᠢ ᠶᠢᠨ ᠠᠷᠦ᠂ ᠮᠤᠨᠠ ᠠᠭᠤᠯᠠ ᠶᠢᠨ ᠡᠮᠦᠨᠡᠭᠦᠷ ᠬᠤᠶᠢᠭᠤᠷᠬᠢ ᠪᠡᠯᠴᠢᠭᠡᠷ ᠨᠤᠳᠤᠭ ᠢ ᠬᠤᠪᠢᠶᠠᠨ ᠦᠭᠴᠠᠢ᠃ ᠮᠤᠩᠭᠤᠯ ᠦᠨᠳᠦᠰᠦᠲᠡᠨ ᠤ ᠠᠯᠳᠠᠷᠲᠦ ᠪᠦᠲᠦᠭᠡᠯ ︽ᠭᠠᠩᠭ᠎ᠠ ᠶᠢᠨ ᠤᠷᠤᠰᠬᠠᠯ︾ ᠵᠢᠴᠢ ︽ᠠᠯᠳᠠᠨ ᠲᠤᠪᠴᠢ︾ ᠶᠢᠨ ᠲᠡᠮᠲᠡᠭᠯᠡᠯ ᠢ ᠦᠨᠳᠦᠰᠦᠯᠡᠪᠡᠯ ᠤᠷᠠᠳ ᠠᠶᠢᠮᠠᠭ ᠨᠢ ᠴᠢᠩ ᠤᠯᠤᠰ ᠤᠨ ᠡᠶᠡᠪᠡᠷ ᠵᠠᠰᠠᠬᠴᠢ  ᠶᠢᠨ ᠵᠢᠷᠭᠤᠳᠤᠭᠠᠷ ᠤᠨ ︵1649 ᠤᠨ ᠳᠤ ᠬᠦᠯᠦᠨ ᠪᠦᠢᠷ ᠠᠴᠠ ᠤᠷᠠᠳ ᠤᠨ ᠲᠡᠯ᠎ᠡ ᠨᠤᠳᠤᠭ ᠲᠤ ᠨᠡᠭᠦᠲᠡᠯᠯᠠᠨ ᠢᠷᠡᠵᠠᠢ᠃ ᠤᠯᠠᠭᠠᠨᠴᠡᠪ ᠤᠨ ᠴᠢᠭᠤᠯᠭᠠᠨ ᠳᠤ ᠬᠠᠮᠢᠶᠠᠷᠤᠭᠳᠠᠨ᠎ᠡ᠃ ᠲᠤᠬᠠᠢ ᠶᠢᠨ ᠦᠶ᠎ᠡ ᠶᠢᠨ ᠤᠷᠠᠳ ᠤᠨ ᠭᠤᠷᠪᠠᠨ ᠬᠦᠩ ᠤᠨ ᠬᠤᠰᠢᠭᠤᠨ ᠤ ᠲᠦᠪ ᠨᠢ ᠪᠦᠷ ᠨᠢᠭᠡ ᠲᠤᠤᠷ᠎ᠡ ᠠᠭᠤᠯᠠ ᠶᠢᠨ ᠦᠪᠦᠷ ᠲᠠᠬᠢ ᠬᠠᠳᠤᠮᠠᠯ ᠤᠨ ᠠᠮᠠᠨ ᠳᠤ ︵ᠡᠲᠦᠭᠡ ᠶᠢᠨ ᠪᠤᠭᠤᠲᠦ ᠬᠤᠲᠡ ᠶᠢᠨ ᠵᠢᠦᠶᠤᠸᠠᠨ ᠲᠤᠭᠤᠷᠢᠭ ᠤᠨ ᠠᠭᠠᠷᠤᠳᠠᠢ ᠰᠤᠮᠤᠨ ᠤ ᠨᠤᠳᠤᠭ︶ ᠪᠠᠶᠢᠪᠡ᠃      1999 ᠤᠨ ᠳᠤ ᠦᠪᠦᠷ ᠮᠤᠩᠭᠤᠯ ᠤᠨ ᠶᠡᠭᠡ ᠰᠤᠷᠭᠠᠭᠤᠯᠢ᠂ ᠦᠪᠦᠷ ᠮᠤᠩᠭᠤᠯ ᠤᠨ ᠪᠠᠭᠰᠢ ᠶᠢᠨ ᠶᠡᠭᠡ ᠰᠤᠷᠭᠠᠭᠤᠯᠢ ᠶᠢᠨ ᠤᠷᠠᠳ ᠨᠤᠳᠤᠭ ᠲᠠᠢ ᠡᠷᠲᠡᠮᠲᠡᠨ ᠮᠡᠷᠭᠡᠳ᠂ ᠫᠷᠤᠹᠧᠰᠰᠤᠷ ᠤᠳ ᠤᠨ ᠰᠡᠳᠤᠵᠦ ᠪᠠᠶᠢᠭᠤᠯᠤᠭᠰᠡᠨ ᠤᠷᠠᠳ ᠠᠶᠢᠮᠠᠭ ᠬᠦᠯᠦᠨ ᠪᠤᠶᠢᠷ ᠠᠴᠠ ᠤᠷᠠᠳ ᠤᠨ ᠲᠡᠯ᠎ᠡ ᠨᠤᠳᠤᠭ ᠲᠤ ᠨᠡᠭᠦᠲᠡᠯᠯᠡᠵᠦ ᠢᠷᠡᠭᠰᠡᠨ ᠭᠤᠷᠪᠠᠨ ᠵᠠᠭᠤ ᠲᠠᠪᠢᠨ ᠵᠢᠯ ᠤᠨ ᠤᠢ ᠶᠢ ᠲᠤᠷᠠᠰᠬᠠᠭᠰᠡᠨ ᠦᠪᠡᠲᠡᠭᠰᠢ ᠴᠤᠬᠯᠠᠭᠠᠨ ᠬᠦᠭᠡᠬᠤᠲᠡ ᠳᠤ ᠪᠤᠯᠵᠠᠢ᠃      ᠣᠷᠠᠳ ᠠᠶᠢᠮᠠᠭ ᠡᠨᠡ ᠬᠦ ᠤᠷᠲᠦ ᠤᠳᠠᠭᠠᠨ ᠭᠤᠷᠪᠠᠨ ᠵᠠᠭᠤ ᠲᠠᠪᠢᠨ ᠬᠡᠳᠦᠨ ᠵᠢᠯ ᠤᠨ ᠲᠤᠷᠰᠢ ᠬᠡᠷᠡᠯ ᠬᠢᠯᠪᠠᠭ᠎ᠠ ᠲᠠᠢ ᠤᠷᠠᠳ ᠰᠤᠶᠤᠯ ᠤᠨ ᠦᠪ ᠢ ᠡᠭᠦᠳᠴᠠᠢ᠃ ᠡᠭᠦᠨ ᠳᠤ ︽ᠭᠤᠷᠪᠠᠨ ᠪᠤᠶᠠᠨ︾᠂ ︽ᠤᠷᠠᠳ ᠬᠤᠷᠢᠮ︾ ᠵᠡᠷᠭᠡ ᠪᠠᠭᠳᠠᠨ᠎ᠡ᠃ ︽ᠭᠤᠷᠪᠠᠨ ᠪᠤᠶᠠᠨ︾ ᠭᠡᠲᠡᠭ ᠨᠢ ︽ᠴᠤᠬᠴᠠᠯᠠᠭᠰᠡᠨ ᠪᠤᠶᠠᠨ︾᠂ ︽ᠦᠯᠡᠮᠵᠢ ᠶᠢᠨ ᠪᠤᠶᠠᠨ︾᠂ ︽ᠡᠷᠲᠡ  ᠶᠢᠨ ᠢᠷᠦᠭᠡᠯ ᠪᠤᠶᠠᠨ︾ ᠪᠤᠯᠤᠨ᠎ᠡ᠃ ᠡᠨᠡ ᠭᠤᠷᠪᠠᠨ ᠪᠤᠶᠠᠨ ᠤ ᠦᠭᠡ ᠰᠢᠯᠦᠭ ᠢ ᠪᠤᠯ ᠲᠡᠯᠡᠭᠡᠢ ᠶᠢᠨ ᠮᠤᠩᠭᠤᠯᠴᠢ ᠡᠷᠲᠡᠮᠲᠡᠨ ᠰᠤᠳᠤᠯᠤᠭᠴᠢᠳ ᠤᠨ ᠦᠨᠡᠯᠡᠨ ᠮᠡᠲᠡᠷᠡᠭᠰᠡᠨ ᠶᠡᠭᠡ ᠪᠢᠴᠢᠭ ᠤᠨ ᠬᠦᠮᠦᠨ᠂ ᠡᠷᠲᠡᠮᠲᠡᠨ᠂ ᠢᠷᠡᠭᠤ ᠨᠠᠶᠢᠷᠠᠬᠴᠢ — ᠯᠤᠪᠰᠠᠩᠳᠠᠮᠪᠢᠵᠠᠯᠰᠠᠨ ᠬᠡᠬᠡᠨᠲᠡᠨ ᠵᠤᠬᠢᠶᠠᠵᠠᠢ᠃ ᠤᠷᠠᠳ ᠬᠤᠷᠢᠮ ᠨᠠᠶᠢᠷ᠂ ᠬᠤᠷᠡᠯ ᠴᠤᠬᠯᠠᠭ᠎ᠠ ᠪᠤᠯᠬᠤ ᠪᠦᠷᠢ ︽ᠭᠤᠷᠪᠠᠨ ᠪᠤᠶᠠᠨ︾ ᠢ ᠲᠠᠭᠤᠯᠠᠵᠦ ᠨᠠᠶᠢᠷ ᠬᠤᠷᠢᠮ ᠡᠬᠢᠯᠡᠵᠦ᠂ ᠡᠭᠦᠨ ᠢᠶᠠᠷ ᠨᠠᠶᠢᠷ ᠬᠤᠷᠢᠮ ᠤᠨ ᠪᠡᠯᠭᠡ ᠲᠡᠮᠲᠡᠭ᠂ ᠪᠠᠷᠢᠮᠵᠢᠶ᠎ᠡ ᠰᠦᠭ ᠪᠤᠯᠭᠠᠳᠠᠭ ᠪᠢᠯᠡ᠃ ᠦᠪᠦᠷ ᠮᠤᠩᠭᠤᠯ ᠤᠨ ᠪᠠᠭᠰᠢ ᠶᠢᠨ ᠶᠡᠭᠡ ᠰᠤᠷᠭᠠᠭᠤᠯᠢ ᠶᠢᠨ ᠫᠷᠤᠹᠧᠰᠰᠣᠷ᠂ ᠮᠤᠩᠭᠤᠯᠴᠢ ᠡᠷᠲᠡᠮᠲᠡᠨ ᠦ᠊᠂ ᠨᠠᠷᠠᠨᠪᠠᠲᠦ ᠠᠪᠤᠭᠠᠢ᠄ ︽︿ᠭᠤᠷᠪᠠᠨ ᠪᠤᠶᠠᠨ﹀ ᠢ ᠲᠠᠭᠤᠯᠠᠬᠤ ᠦᠭᠡᠢ ᠪᠤᠯ ᠤᠷᠠᠳ ᠬᠤᠷᠢᠮ ᠨᠠᠶᠢᠷ ᠭᠡᠵᠦ ᠬᠡᠯᠡᠬᠦ ᠦᠭᠡᠢ︾ ᠭᠡᠵᠦ ᠬᠡᠯᠡᠭᠰᠡᠨ ᠨᠢ ᠤᠴᠢᠷ ᠤᠳᠬ᠎ᠠ ᠲᠠᠢ ᠶᠤᠮ᠃      ᠤᠷᠳᠣᠰ  ᠤᠷᠳᠤᠰ ᠭᠡᠲᠡᠭ ᠨᠢ ᠤᠯᠠᠨ ᠤᠷᠲᠦ ᠬᠡᠰᠡᠨ ᠤᠳᠬ᠎ᠠ ᠲᠠᠢ᠃ ᠦᠭᠡᠷ᠎ᠡ ᠪᠠᠷ ᠬᠡᠯᠡᠪᠡᠯ ᠤᠷᠲᠦ ᠬᠠᠷᠰᠢ ᠶᠢᠨ ︽ᠤᠷᠲᠦ︾ ᠲᠡᠭᠡᠷ᠎ᠡ ᠤᠯᠠᠨ ᠲᠤᠭᠠᠨ ᠤ ᠲᠠᠭᠠᠪᠦᠷᠢ ︽‍ᠰ︾ ᠵᠠᠯᠭᠠᠵᠦ ︽ᠤᠷᠳᠣᠰ︾ ᠪᠤᠯᠵᠠᠢ᠃      ᠨᠡᠶᠢᠲᠡ ᠶᠢᠨ ᠤᠨ ᠲᠤᠭᠠᠯᠠᠯ ᠤᠨ 1510 ᠤᠨ ᠳᠤ ᠲᠠᠶᠠᠨ ᠬᠠᠭᠠᠨ ᠵᠢᠷᠭᠤᠭᠠᠨ ᠲᠦᠮᠡᠨ ᠡᠷᠦᠭᠡ ᠶᠢ ᠲᠠᠬᠢᠨ ᠬᠤᠪᠢᠶᠠᠵᠦ ᠤᠷᠳᠤᠰ ᠲᠦᠮᠡᠨ ᠡᠷᠦᠭᠡ ᠶᠢ ᠲᠡᠭᠦᠨ ᠤ ᠭᠤᠷᠪᠠᠳᠤᠭᠠᠷ ᠬᠦᠪᠡᠭᠦᠨ ᠪᠠᠷᠰᠪᠤᠯᠤᠳ ᠢᠶᠠᠷ ᠵᠠᠬᠢᠷᠤᠭᠤᠯᠵᠦ᠂ ᠪᠠᠷᠰᠪᠤᠯᠤᠳ ᠦᠭᠦᠭᠰᠡᠨ ᠤ ᠲᠠᠷᠠᠭ᠎ᠠ ᠲᠡᠭᠦᠨ ᠤ ᠤᠤᠭᠠᠨ ᠬᠦᠪᠡᠭᠦᠨ ᠬᠦᠨᠪᠢᠯᠢᠭ ᠮᠡᠷᠭᠡᠨ ᠰᠠᠭᠤᠷᠢᠨ  ᠢ ᠵᠠᠯᠭᠠᠮᠵᠢᠯᠠᠵᠠᠢ᠃ ᠲᠡᠷᠡ ᠪᠤᠯ ᠲᠠᠷᠤᠢ ᠤᠷᠳᠣᠰ ᠹᠧᠦᠲᠡᠯ ᠤᠨ ᠡᠵᠡᠨ ᠲᠡᠭᠡᠳᠣᠰ ᠨᠢ ᠮᠦᠨ᠃ ᠴᠢᠩ ᠤᠯᠤᠰ ᠤᠨ ᠦᠶ᠎ᠡ ᠳᠤ ᠤᠷᠳᠤᠰ ᠢ ᠵᠢᠷᠭᠤᠭᠠᠨ ᠬᠤᠰᠢᠭᠤ ᠪᠤᠯᠭᠠᠨ ᠬᠤᠪᠢᠶᠠᠵᠦ᠂ ᠵᠢᠷᠭᠤᠭᠠᠨ ᠵᠠᠰᠠᠭ ᠲᠤᠮᠢᠯᠠᠨ ᠶᠡᠭᠡ ᠵᠤᠤ ᠴᠢᠭᠤᠯᠭᠠᠨ ︵ᠴᠢᠭᠤᠯᠭᠠᠨ ᠤ ᠲᠦᠪ ᠨᠢ ᠲᠡᠯᠠᠳ ᠬᠤᠰᠢᠭᠤᠨ ᠤ ᠸᠠᠩ ᠤᠨ ᠰᠦᠮ᠎ᠡ︶ ᠳᠤ ᠬᠠᠮᠢᠶᠠᠷᠤᠭᠤᠯᠵᠠᠢ᠃ ᠴᠢᠩᠭᠢᠰ ᠬᠠᠭᠠᠨ ᠤ ᠨᠠᠢᠮᠠᠨ ᠴᠠᠭᠠᠨ ᠤᠷᠳᠦ ᠶᠢ ᠲᠤᠬᠠᠢ ᠶᠢᠨ ᠦᠶ᠎ᠡ ᠳᠤ ᠲᠠᠯᠠᠳ ᠤᠨ ᠸᠠᠩ ᠤᠨ ᠵᠤᠤ ᠤᠷᠴᠢᠮ ᠲᠠᠬᠢᠵᠦ ᠪᠠᠶᠢᠵᠠᠢ᠃ ᠰᠡᠭᠦᠯ ᠳᠤᠨᠢ ᠡᠵᠡᠨ ᠬᠤᠷᠤᠭ᠎ᠠ ᠳᠤ ᠨᠡᠭᠦᠯᠭᠡᠪᠡ᠃      ᠤᠷᠳᠣᠰ ᠰᠤᠶᠤᠯ ᠨᠢ ᠴᠢᠩᠭᠢᠰ ᠬᠠᠭᠠᠨ ᠠᠴᠠ ᠨᠠᠭᠠᠰᠢ ᠨᠢ ᠪᠤᠳᠤᠪᠡᠯ ᠨᠠᠢᠮᠠᠨ ᠵᠠᠭᠤ ᠭᠠᠷᠤᠢ ᠵᠢᠯ ᠤᠨ ᠬᠦᠭᠵᠢᠯᠲᠡ ᠶᠢᠨ ᠵᠠᠮ ᠢ ᠦᠩᠭᠡᠷᠡᠭᠡᠵᠠᠢ᠃ ᠮᠢᠩ ᠤᠯᠤᠰ ᠤᠨ ᠲᠤᠮᠳᠠᠴᠢ ᠪᠠᠷ ᠴᠢᠩᠭᠢᠰ ᠬᠠᠭᠠᠨ ᠤ ᠤᠩᠭᠤᠨ ᠢ ᠰᠠᠬᠢᠨ ᠬᠠᠮᠠᠭᠠᠯᠠᠬᠤ ᠪᠠᠷ ᠤᠷᠳᠤᠰ ᠠᠶᠢᠮᠠᠭ ᠭᠤᠪᠢ ᠶᠢᠨ ᠠᠷᠦ ᠠᠴᠠ ᠤᠳᠤ ᠶᠢᠨ ᠤᠷᠳᠣᠰ ᠬᠡᠮᠡᠬᠦ ᠡᠨᠡ ᠬᠦ ᠦᠵᠡᠰᠭᠦᠯᠡᠩᠲᠦ ᠨᠤᠳᠤᠭ ᠲᠤ ᠨᠡᠭᠦᠲᠡᠯᠯᠡᠵᠦ ᠢᠷᠡᠪᠡ᠃ ᠦᠶ᠎ᠡ ᠶᠢᠨ ᠦᠶ᠎ᠡ ᠳᠡᠭᠡᠨ ᠴᠢᠩᠭᠢᠰ ᠬᠠᠭᠠᠨ ᠤ ᠤᠩᠭᠤᠨ ᠢ ᠰᠠᠬᠢᠨ ᠬᠠᠮᠠᠭᠠᠯᠠᠵᠦ᠂ ᠲᠠᠬᠢᠯᠭ᠎ᠠ ᠦᠭᠭᠦᠨ᠂ ᠰᠢᠳᠦᠨ ᠰᠠᠬᠢᠳᠠᠭ ᠨᠢ ᠲᠡᠳᠠᠨᠤᠰ ᠤᠨ ᠲᠠᠷᠬᠠᠨ ᠡᠭᠦᠷᠭᠡ ᠪᠤᠯᠵᠠᠢ᠃      ᠤᠷᠳᠣᠰ ᠰᠤᠶᠤᠯ ᠨᠢ ᠮᠤᠩᠭᠤᠯ ᠦᠨᠳᠦᠰᠦᠲᠡᠨ ᠤ ᠡᠷᠲᠡᠨ ᠤ ᠬᠠᠭᠠᠨ ᠤᠷᠳᠤᠨ ᠤ ᠰᠤᠶᠤᠯ ᠤᠨ ᠤᠨᠴᠠᠯᠢᠭ  ᠢ ᠬᠠᠳᠠᠭᠠᠯᠠᠵᠦ ᠪᠠᠶᠢᠳᠠᠭ᠃ ᠴᠢᠩᠭᠢᠰ ᠬᠠᠭᠠᠨ ᠮᠤᠩᠭᠤᠯ ᠤᠨ ᠦᠨᠳᠦᠷᠯᠢᠭ ᠢ ᠨᠢᠭᠡᠳᠭᠡᠵᠦ ᠮᠤᠩᠭᠤᠯ ᠬᠠᠭᠠᠨᠲᠦ ᠤᠯᠤᠰ ᠢ ᠪᠠᠶᠢᠭᠤᠯᠬᠤ ᠳᠤ ᠲᠤᠭ᠎ᠠ ᠲᠤᠮᠰᠢ ᠦᠭᠡᠢ ᠤᠯᠠᠨ ᠪᠠᠶᠢᠯᠳᠤᠭᠠᠨ ᠢ ᠦᠩᠭᠡᠷᠡᠭᠡᠵᠦ ᠪᠢᠯᠡ᠃ ᠰᠤᠶᠤᠯ ᠤᠨ ᠬᠠᠷᠠᠭᠠᠰᠦ ᠠᠴᠠ ᠤᠴᠢᠵᠦ ᠦᠵᠡᠪᠡᠯ ᠵᠡᠭᠦᠨ ᠧᠦ᠋ᠷᠦᠫᠠ ᠶᠢᠨ ᠰᠤᠶᠤᠯ ᠤᠨ ᠦᠪ ᠢ ᠰᠢᠩᠭᠡᠭᠡᠵᠦ ᠠᠪᠤᠭᠰᠡᠨ ᠪᠦᠷᠢᠯᠳᠤᠭᠦᠨ ᠬᠠᠷᠠᠬᠳᠠᠵᠦ ᠪᠤᠢ᠃ ᠴᠢᠩᠭᠢᠰ ᠬᠠᠭᠠᠨ ᠲᠠᠩᠭᠤᠳ ᠢ ᠲᠠᠶᠢᠯᠠᠬᠤ ᠳᠤ ᠶᠡᠭᠡ ᠴᠡᠷᠢᠭ ᠨᠢ ᠤᠷᠳᠣᠰ ᠤᠨ ᠪᠠᠷᠠᠭᠤᠨ ᠬᠡᠰᠡᠭ ᠲᠤ ᠪᠠᠷᠤᠭ ᠵᠢᠯ ᠰᠢᠬᠠᠭᠤ ᠤᠳᠠᠭᠠᠨ ᠰᠠᠭᠤᠵᠦ ᠪᠢᠯᠡ᠃ ᠰᠡᠭᠦᠯ ᠳᠤᠨᠢ ᠴᠢᠩᠭᠢᠰ ᠬᠠᠭᠠᠨ ᠬᠡᠨᠡᠳᠲᠡ ᠡᠪᠡᠳᠴᠢᠨ ᠢᠶᠠᠷ ᠨᠠᠰᠦ ᠡᠴᠦᠰᠯᠡᠭᠰᠡᠨ ᠳᠤ ᠨᠢᠭᠤᠴᠡ ᠪᠠᠷ ᠤᠮᠠᠷᠠᠰᠢ ᠠᠪᠠᠴᠢᠨ ᠤᠷᠤᠰᠢᠭᠤᠯᠤᠭᠰᠡᠨ ᠪᠤᠯᠪᠠᠴᠦ ᠲᠠᠶᠢᠨ ᠪᠠᠰᠠ ᠯᠡ ᠵᠤᠬᠰᠤᠭ᠎ᠠ ᠦᠭᠡᠢ᠃ ᠲᠠᠶᠢᠨ ᠵᠤᠬᠰᠤᠭᠰᠡᠨ ᠤ ᠲᠠᠷᠠᠭ᠎ᠠ ᠶᠡᠭᠡ ᠬᠡᠮᠵᠢᠶᠠᠨ ᠤ ᠴᠡᠷᠢᠭ ᠬᠤᠶᠠᠭ ᠴᠢᠩᠭᠢᠰ ᠤᠨ ᠤᠩᠭᠤᠨ ᠢ ᠰᠠᠬᠢᠨ ᠬᠠᠮᠠᠭᠠᠯᠠᠵᠦ ᠪᠠᠶᠢᠪᠡ᠃ ᠠᠲᠡ ᠠᠴᠠ ᠡᠬᠢᠯᠡᠵᠦ ᠴᠡᠷᠢᠭ ᠤᠨ ᠬᠠᠮᠲᠦ ᠢᠷᠡᠭᠰᠡᠨ ᠴᠡᠷᠢᠭ ᠵᠠᠰᠠᠭ ᠤᠨ ᠴᠢᠬᠤᠯᠠ ᠬᠦᠮᠦᠰ ᠪᠡ ᠠᠶᠢᠮᠠᠭ ᠪᠦᠯᠦᠭ ᠬᠢᠭᠡᠳ ᠮᠤᠩᠭᠤᠯ ᠤᠨ ᠬᠠᠭᠠᠨ ᠤ ᠤᠷᠤ ᠶᠢᠨ ᠤᠷᠠᠯᠢᠬᠴᠢ ᠴᠢᠳᠠᠪᠦᠷᠢᠲᠡᠨ ᠠᠲᠡ ᠦᠯᠡᠲᠡᠵᠦ ᠬᠤᠴᠤᠷᠪᠡ᠃ ᠡᠨᠡ ᠬᠦ ᠢᠵᠠᠭᠤᠷᠲᠡᠳ ᠤᠨ ᠲᠡᠭᠡᠲᠦ ᠲᠦᠪᠰᠢᠨ ᠲᠠᠢ ᠰᠤᠶᠤᠯ ᠤᠨ ᠦᠪ ᠶᠠᠭ ᠡᠨᠡ ᠬᠦ ᠨᠤᠳᠤᠭ ᠲᠤ ᠡᠶᠢᠨ ᠬᠦ ᠤᠷᠲᠦ ᠤᠳᠠᠭᠠᠨ ᠦᠨᠳᠦᠰᠦ ᠬᠠᠳᠬᠤᠵᠠᠢ᠃ ᠰᠡᠭᠦᠯ  ᠳᠤᠨᠢ ᠤᠷᠳᠣᠰ ᠠᠶᠢᠮᠠᠭ ᠠᠲᠡ ᠨᠡᠭᠦᠲᠡᠯᠯᠡᠵᠦ ᠢᠷᠡᠭᠡᠳ ᠠᠯᠳᠠᠨ ᠤᠷᠤᠭ ᠤᠨ ᠰᠤᠶᠤᠯ ᠤᠨ ᠪᠦᠷᠢᠯᠳᠤᠭᠦᠨ ᠳᠤ ᠨᠠᠮᠡᠷᠢ ᠪᠤᠯᠪᠡ᠃ ᠡᠶᠢᠮᠦ ᠠᠴᠠ ᠤᠷᠳᠣᠰ ᠰᠤᠶᠤᠯ ᠨᠢ ᠪᠦᠷᠢᠨ ᠲᠡᠭᠦᠯᠲᠡᠷ ᠤᠯᠠᠮᠵᠢᠯᠠᠬᠳᠠᠵᠦ ᠢᠷᠡᠭᠰᠡᠨ ᠮᠤᠩᠭᠤᠯ ᠤᠨ ᠬᠠᠭᠠᠨ ᠤᠷᠳᠤᠨ ᠤ ᠰᠤᠶᠤᠯ ᠤᠨ ᠠᠮᠢᠳᠤ ᠴᠢᠯᠠᠭᠤᠵᠢᠮᠠᠯ ᠡᠷᠳᠠᠨᠢ ᠶᠢᠨ ᠰᠠᠩ ᠪᠤᠯᠤᠭᠰᠡᠨ ᠬᠡᠭᠲᠡᠲᠡᠭ᠃      ᠤᠷᠳᠣᠰ ᠮᠤᠩᠭᠤᠯ ᠤᠨ ᠰᠤᠶᠤᠯ ᠨᠢ ᠨᠠᠯᠢᠶᠠᠳ ᠬᠦᠭᠵᠢᠵᠦ ᠪᠢᠯᠡ᠃ ᠮᠤᠩᠭᠤᠯ ᠰᠤᠶᠤᠯ ᠤᠨ ᠭᠤᠷᠪᠠᠨ ᠶᠡᠭᠡ ᠲᠡᠦᠭᠡ ᠶᠢᠨ ᠰᠤᠩᠭᠤᠳᠠᠭ ᠵᠤᠬᠢᠶᠠᠯ ︽ᠮᠤᠩᠭᠤᠯ ᠤᠨ ᠨᠢᠭᠤᠴᠡ ᠲᠤᠪᠴᠢᠶᠠᠨ︾᠂ ︽ᠡᠷᠳᠡᠨᠢ ᠶᠢᠨ ᠲᠤᠪᠴᠢ︾᠂ ︽ᠠᠯᠳᠠᠨ ᠲᠤᠪᠴᠢ︾ ᠵᠡᠷᠭᠡ ᠭᠤᠷᠪᠠᠨ ᠪᠦᠲᠦᠭᠡᠯ ᠤᠨ ᠰᠡᠭᠦᠯ ᠤᠨ ᠬᠤᠶᠠᠷ ᠨᠢ ᠪᠦᠷ ᠤᠷᠳᠣᠰ ᠲᠤ ᠮᠡᠨᠳᠤᠯᠡᠪᠡ᠃ ︽ᠡᠷᠳᠡᠨᠢ ᠶᠢᠨ ᠲᠤᠪᠴᠢ︾ ᠶᠢᠨ ᠵᠤᠬᠢᠶᠠᠬᠴᠢ ᠨᠢ ᠰᠠᠭᠠᠩ ᠰᠡᠴᠡᠨ᠂ ᠦᠦᠰᠢᠨ ᠳᠤ ᠪᠢᠴᠢᠵᠦ ᠲᠠᠭᠤᠰᠬᠠᠵᠠᠢ᠃ ︽ᠠᠯᠳᠠᠨ ᠲᠤᠪᠴᠢ︾ ᠶᠢᠨ ᠵᠤᠬᠢᠶᠠᠬᠴᠢ ᠨᠢ ᠲᠠᠯᠠᠳ ᠤᠨ ᠯᠤᠪᠰᠠᠩᠳᠠᠨᠵᠢᠨ ᠭᠡᠲᠡᠭ ᠯᠠᠮᠠ ᠪᠢᠴᠢᠭᠰᠡᠨ ᠭᠡᠵᠦ ᠨᠠᠯᠢᠶᠠᠳ ᠬᠦᠮᠦᠰ ᠦᠵᠡᠵᠦ ᠪᠠᠶᠢᠭ᠎ᠠ ᠶᠤᠮ᠃      ᠬᠠᠯᠬ᠎ᠠ ᠪᠠᠷᠠᠭᠤᠨ ᠭᠠᠷ ᠤᠨ ᠮᠤᠩᠭᠤᠯ  ᠲᠠᠷᠬᠠᠨ ᠬᠤᠰᠢᠭᠤ ᠶᠢ ᠴᠢᠩ ᠤᠯᠤᠰ ᠤᠨ ᠦᠶ᠎ᠡ ᠳᠤ ︽ᠬᠠᠯᠬ᠎ᠠ ᠪᠠᠷᠠᠭᠤᠨ ᠭᠠᠷ ᠤᠨ ᠠᠶᠢᠮᠠᠭ︾ ᠬᠡᠲᠡᠭ᠃ ᠪᠠᠰᠡ ︽ᠬᠠᠯᠬ᠎ᠠ ᠪᠠᠷᠠᠭᠤᠨ ᠭᠠᠷ ᠤᠨ ᠲᠠᠷᠬᠠᠨ ᠪᠡᠶᠢᠯᠡ ᠬᠤᠰᠢᠭᠤ︾ ᠭᠡᠲᠡᠭ᠃ ᠴᠢᠩ ᠤᠯᠤᠰ ᠤᠨ ᠵᠠᠭᠠᠭᠯᠠᠭᠰᠡᠨ ᠢᠶᠠᠷ ᠪᠤᠯ ᠴᠢᠭᠤᠯᠤᠯᠲᠦ ᠬᠠᠭᠠᠯᠭ᠎ᠠ ︵ᠵᠠᠩᠴᠢᠭᠦᠦ︶ ᠠᠴᠠ ᠭᠠᠳᠠᠨ᠎ᠡ ᠪᠠᠷᠠᠭᠤᠨ ᠬᠤᠶᠢᠲᠦ ᠵᠦᠭ᠂ ᠪᠡᠭᠡᠵᠢᠩ ᠠᠴᠠ ᠮᠢᠩᠭ᠎ᠠ ᠨᠢᠭᠡ ᠵᠠᠭᠤ ᠭᠤᠴᠢᠨ ᠤ ᠭᠠᠵᠠᠷ᠂ ᠵᠡᠭᠦᠨᠰᠢ ᠪᠠᠷᠠᠭᠤᠨᠰᠢ ᠨᠢᠭᠡ ᠵᠠᠭᠤᠨ ᠬᠤᠷᠢᠨ ᠭᠠᠵᠠᠷ᠂ ᠡᠮᠦᠨ᠎ᠡ ᠤᠮᠠᠷ᠎ᠡ ᠨᠢᠭᠡ ᠵᠠᠭᠤᠨ ᠭᠤᠴᠢᠨ ᠤ ᠭᠠᠵᠠᠷ ᠪᠤᠯᠤᠨ᠎ᠡ᠃ ᠵᠡᠭᠦᠨ ᠲᠡᠯ᠎ᠡ ᠳᠤ ᠲᠦᠷᠪᠠᠨ ᠬᠡᠦᠭᠡᠳ ᠤᠨ ᠠᠶᠢᠮᠠᠭ ︵ᠡᠲᠦᠭᠡ ᠶᠢᠨ ᠲᠦᠷᠪᠠᠳ ᠬᠤᠰᠢᠭᠤ︶᠂ ᠪᠠᠷᠠᠭᠤᠨ ᠲᠡᠯ᠎ᠡ ᠳᠤᠨᠢ ᠮᠤᠤᠮᠢᠩᠭᠠᠨ᠂ ᠡᠮᠦᠨ᠎ᠡ ᠨᠢ ᠬᠦᠢᠬᠤᠸᠠ ᠬᠤᠲᠡ ᠶᠢᠨ ᠲᠦᠮᠡᠳ᠂ ᠠᠷᠦ ᠭᠤᠪᠢ ᠬᠠᠩᠭᠠᠢ ᠪᠤᠯᠤᠨ᠎ᠡ᠃ ᠢᠩᠭᠢᠭᠡᠳ ᠦᠵᠡᠪᠡᠯ ᠲᠠᠷᠬᠠᠨ ᠬᠤᠰᠢᠭᠤ ᠦᠨᠡᠭᠡᠷ ᠪᠠᠭ᠎ᠠ ᠪᠤᠰᠤ ᠪᠠᠶᠢᠵᠠᠢ᠃ ᠲᠠᠷᠬᠠᠨ ᠪᠡᠶᠢᠯᠡ ᠬᠤᠰᠢᠭᠤᠨ ᠤ ᠲᠡᠭᠡᠳᠣᠰ ᠨᠢ ᠪᠤᠯ ᠭᠤᠪᠢ ᠶᠢᠨ ᠠᠷᠦ ᠳᠤ ᠬᠠᠯᠬ᠎ᠠ ᠭᠤᠤᠯ ᠤᠨ ᠤᠷᠤᠰᠬᠠᠯ ᠲᠠᠭᠠᠦ ᠴᠢᠩᠭᠢᠰ ᠬᠠᠭᠠᠨ ᠤ ︽ᠠᠯᠳᠠᠨ ᠤᠷᠤᠭ︾ ᠤᠨ ᠵᠠᠭᠦᠨ ᠮᠤᠩᠭᠤᠯ ᠤᠨ ᠲᠠᠲ᠋ᠠᠷ ᠠᠶᠢᠮᠠᠭ ᠪᠦᠯᠦᠭ ᠮᠦᠨ᠃ ᠬᠠᠯᠬ᠎ᠠ ᠲᠦᠮᠡᠨ ᠡᠷᠦᠭᠡ ᠶᠢᠨ ᠬᠤᠶᠢᠴᠢᠰ ᠲᠦᠰᠢᠶᠠᠲᠦ ᠬᠠᠭᠠᠨ ᠤ ᠠᠶᠢᠮᠠᠭ ᠤᠨ ᠮᠢᠩᠭᠠᠨ ᠡᠷᠦᠭᠡ ᠶᠢᠨ ᠰᠠᠯᠪᠦᠷᠢ ᠮᠦᠨ᠃ ᠡᠨᠡ ᠰᠠᠯᠪᠦᠷᠢ ᠨᠢ ᠴᠢᠩ ᠤᠯᠤᠰ ᠤᠨ ᠡᠶᠡᠪᠡᠷ ᠵᠠᠰᠠᠬᠴᠢ ᠶᠢᠨ ᠦᠶ᠎ᠡ ᠳᠤ ᠲᠤᠳᠤᠭᠠᠲᠦ ᠳᠠᠭᠠᠨ ᠬᠠᠭᠠᠴᠠᠯ ᠭᠠᠷᠴᠦ ᠲᠦᠷᠦᠭᠦᠦ ᠪᠤᠨᠳᠠᠷ ᠴᠢᠩ ᠤᠯᠤᠰ ᠲᠤ ᠪᠠᠭᠤᠵᠦ ᠦᠭᠭᠦᠭᠰᠡᠨ ᠳᠤ ᠴᠢᠩ ᠤᠯᠤᠰ ᠤᠨ ᠵᠠᠰᠠᠭ ᠤᠨ ᠭᠠᠵᠠᠷ ᠠᠴᠠ ᠲᠡᠭᠦᠨ ᠢ ᠲᠠᠷᠬᠠᠨ ᠴᠢᠨ ᠸᠠᠩ ᠡᠷᠭᠦᠮᠵᠢᠯᠡᠭᠰᠡᠨ ᠠᠴᠠ ᠡᠨᠡ ᠬᠦ ᠵᠢᠵᠢᠭ ᠰᠠᠯᠪᠦᠷᠢ ᠨᠢ ᠬᠠᠯᠬ᠎ᠠ ᠪᠠᠷᠠᠭᠤᠨ ᠭᠠᠷ ᠤᠨ ᠬᠤᠰᠢᠭᠤ ᠪᠤᠯᠵᠠᠢ᠃ ᠡᠨᠡ ᠬᠤᠭᠤᠷᠤᠨᠲᠦ ᠠᠷᠪᠠᠨ ᠲᠦᠷᠪᠠᠨ ᠦᠶ᠎ᠡ ᠤᠯᠠᠮᠵᠢᠯᠠᠵᠦ᠂ 300 ᠭᠠᠷᠤᠢ ᠵᠢᠯ ᠤᠨ ᠲᠡᠦᠭᠡ ᠶᠢ ᠦᠩᠭᠡᠷᠡᠭᠡᠵᠦ᠂ ᠵᠠᠰᠠᠭ ᠵᠠᠬᠢᠷᠭᠠᠨ ᠤ ᠲᠡᠯ᠎ᠡ ᠪᠠᠷ ᠤᠯᠭᠠᠨᠴᠡᠪ ᠤᠨ ᠴᠢᠭᠤᠯᠭᠠᠨ ᠳᠤ ᠬᠠᠮᠢᠶᠠᠷᠤᠬᠳᠠᠬᠰᠠᠭᠠᠷ ᠢᠷᠡᠪᠡ᠃ 1949 ᠤᠨ ᠳᠤ ᠴᠢᠯᠦᠭᠡᠯᠡᠭᠲᠡᠭᠰᠡᠨ ᠤ ᠲᠠᠷᠠᠭ᠎ᠠ ᠵᠠᠰᠠᠭ ᠵᠠᠯᠭᠠᠮᠵᠢᠯᠠᠬᠤ ᠲᠦᠷᠢᠮ ᠢ ᠵᠤᠬᠰᠤᠭᠠᠵᠦ᠂ 1950 ᠤᠨ ᠳᠤ ᠲᠠᠷᠬᠠᠨ ᠮᠤᠤᠮᠢᠩᠭᠠᠨ ᠬᠤᠯᠪᠤᠭᠠᠲᠦ ᠬᠤᠰᠢᠭᠤ ᠪᠤᠯᠵᠠᠢ᠃ 1996 ᠤᠨ ᠳᠤ ᠪᠤᠭᠤᠲᠦ ᠬᠤᠲᠡ ᠳᠤ ᠤᠷᠤᠪᠡ᠃     ᠮᠤᠤᠮᠢᠩᠭᠠᠨ  ᠮᠤᠤᠮᠢᠩᠭᠠᠨ ᠪᠤᠯ ᠲᠠᠷᠬᠠᠨ ᠲᠠᠢ ᠦᠭᠡᠷ᠎ᠡ ᠨᠢᠭᠡ ᠮᠤᠩᠭᠤᠯ ᠤᠨ ᠠᠶᠢᠮᠠᠭ ᠪᠦᠯᠦᠭ ᠪᠤᠯᠤᠨ᠎ᠡ᠃ ᠪᠠᠶᠢᠴᠠᠭᠠᠨ ᠲᠤᠳᠤᠯᠠᠭᠰᠡᠨ ᠢᠶᠠᠷ ᠮᠤᠤᠮᠢᠩᠭᠠᠨ ᠪᠤᠯ ᠴᠢᠩᠭᠢᠰ ᠬᠠᠭᠠᠨ ᠤ ᠲᠡᠭᠦᠦ ᠬᠠᠪᠤᠳᠦ ᠬᠠᠰᠠᠷ ᠤᠨ ᠤᠳᠤᠮ ᠲᠦᠷᠦᠯ ᠨᠢ ᠮᠦᠨ᠃ ᠲᠡᠦᠭᠡ ᠶᠢᠨ ᠮᠠᠲ᠋ᠧᠷᠢᠶᠡᠯ ᠳᠤ ᠲᠡᠮᠲᠡᠭᠯᠡᠭᠰᠡᠨ ᠢᠶᠠᠷ 1664 ᠤᠨ ᠳᠤ ᠬᠠᠪᠤᠳᠤ ᠬᠠᠰᠠᠷ ᠤᠨ ᠠᠷᠪᠠᠨ ᠵᠢᠷᠭᠤᠳᠤᠭᠠᠷ ᠦᠶ᠎ᠡ ᠶᠢᠨ ᠠᠴᠢ ᠨᠤᠷᠪᠤ ᠴᠡᠭᠡᠨ ᠤ ᠬᠦᠪᠡᠭᠦᠨ ᠰᠡᠩᠭᠡ ᠶᠢ ᠮᠤᠤᠮᠢᠩᠭᠠᠨ ᠤ ᠵᠠᠰᠠᠭ ᠢᠶᠠᠷ ᠨᠡᠷᠡᠯᠡᠵᠦ ᠪᠠᠶᠢᠵᠠᠢ᠃     ᠮᠤᠤᠮᠢᠩᠭᠠᠨ ᠨᠢ ᠪᠢᠲᠡᠨ ᠠᠴᠠ ᠮᠠᠰᠢ ᠬᠤᠯᠠ ᠪᠠᠶᠢᠭ᠎ᠠ ᠤᠨᠤᠨ᠂ ᠬᠡᠷᠦᠯᠦᠨ ᠮᠦᠷᠡᠨ ᠤ ᠲᠡᠭᠡᠲᠦ ᠤᠷᠤᠰᠬᠠᠯ ᠤᠷᠴᠢᠮ ᠠᠮᠢᠳᠤᠷᠠᠵᠦ ᠪᠠᠶᠢᠵᠠᠢ᠃ ᠴᠢᠩᠭᠢᠰ ᠬᠠᠭᠠᠨ ᠤ ᠦᠶ᠎ᠡ ᠳᠤ ᠲᠤᠰ ᠠᠶᠢᠮᠠᠭ ᠨᠢ ᠬᠦᠯᠦᠨ ᠪᠤᠶᠢᠷ ᠤᠨ ᠲᠡᠯ᠎ᠡ ᠨᠤᠳᠤᠭ ᠲᠤ ᠲᠦᠷᠪᠠᠨ ᠮᠢᠩᠭᠠᠨ ᠡᠷᠦᠭᠡ ᠶᠢ ᠨᠤᠶᠠᠷᠬᠠᠵᠦ ᠪᠠᠶᠢᠵᠠᠢ᠃ ᠡᠲᠦᠭᠡ ᠮᠤᠤᠮᠢᠩᠭᠠᠨ ᠤ ᠬᠤᠷᠢᠮ ᠨᠠᠶᠢᠷ ᠲᠤ ᠤᠷᠤᠯᠴᠠᠪᠡᠯ ᠲᠡᠳᠠᠨᠤᠰ ᠤᠨ ︽ᠮᠤᠤᠮᠢᠩᠭᠠᠨ ᠤ ᠲᠡᠭᠡᠳᠣᠰ ᠨᠢ ᠬᠦᠯᠦᠨ ᠪᠤᠶᠢᠷ ᠤᠨ ᠲᠡᠯ᠎ᠡ ᠨᠤᠳᠤᠭ ᠲᠤ᠁︾ ᠭᠡᠵᠦ ᠲᠠᠭᠤᠯᠠᠬᠤ ᠶᠢ ᠤᠯᠵᠦ ᠰᠤᠨᠤᠰᠬᠤ ᠪᠤᠯᠤᠨ᠎ᠡ᠃     ︽ᠬᠤᠶᠢᠲᠦ ᠠᠯᠳᠠᠨ ᠤᠯᠤᠰ︾ ᠤᠨ ᠦᠶ᠎ᠡ ᠳᠤ ᠮᠤᠤᠮᠢᠩᠭᠠᠨ ᠨᠢ ᠬᠤᠶᠢᠲᠦ ᠠᠯᠳᠠᠨ ᠤᠯᠤᠰ ᠲᠤ ᠬᠠᠮᠢᠶᠠᠷᠤᠬᠳᠠᠵᠦ 1634 ᠤᠨ ᠳᠤ ᠬᠤᠶᠢᠲᠦ ᠠᠯᠳᠠᠨ ᠤᠯᠤᠰ ᠯᠤᠭ᠎ᠠ ᠮᠢᠩ ᠤᠯᠤᠰ ᠤᠨ ᠳ᠋ᠠᠲ᠋ᠦ᠋ᠩ ᠢ ᠴᠤᠬᠢᠵᠦ ᠦᠪᠦᠷ ᠮᠤᠩᠭᠤᠯ ᠤᠨ ᠲᠤᠮᠲᠡ ᠬᠡᠰᠡᠭ᠂ ᠬᠦᠢᠬᠤᠸᠠ ᠬᠤᠲᠡᠨ᠎ᠡ ᠰᠠᠭᠤᠵᠦ ᠪᠠᠶᠢᠭᠠᠳ ᠰᠡᠭᠦᠯ ᠳᠤᠨᠢ ᠮᠤᠨᠠ ᠠᠭᠤᠯᠠ  ᠶᠢᠨ ᠠᠷᠦ ᠳᠤ ᠨᠡᠭᠦᠵᠦ ᠤᠴᠢᠨ 1644 ᠤᠨ ᠳᠤ ᠴᠢᠩ ᠤᠯᠤᠰ ᠴᠡᠭᠡᠨ ᠤ ᠬᠦᠪᠡᠭᠦᠨ ᠰᠡᠩᠭᠡ ᠪᠠᠷ ︽ᠵᠠᠰᠠᠭ︾ ᠪᠠᠷᠢᠭᠤᠯᠤᠨ ᠡᠲᠦᠭᠡ ᠶᠢᠨ ᠮᠤᠤᠮᠢᠩᠭᠠᠨ ᠤ ᠲᠡᠯ᠎ᠡ ᠨᠤᠳᠤᠭ ᠲᠤ ᠨᠤᠳᠤᠬᠰᠢᠨ ᠮᠠᠯᠵᠢᠵᠠᠢ᠃ 1737 ᠤᠨ ᠳᠤ ᠴᠢᠩ ᠤᠯᠤᠰ ᠮᠤᠤᠮᠢᠩᠭᠠᠨ ᠢ ᠮᠤᠤᠮᠢᠩᠭᠠᠨ ᠬᠤᠰᠢᠭᠤ ᠵᠠᠰᠠᠭ ᠪᠤᠯᠭᠠᠨ ᠦᠭᠡᠷᠡᠴᠢᠯᠡᠵᠦ ᠤᠯᠠᠭᠠᠨᠴᠡᠪ ᠴᠢᠭᠤᠯᠭᠠᠨ ᠳᠤ ᠬᠠᠷᠢᠶᠠᠯᠠᠭᠤᠯᠪᠡ᠃      ᠮᠤᠤᠮᠢᠩᠭᠠᠨ ᠭᠡᠲᠡᠭ ᠨᠠᠷ᠎ᠡ ᠠᠯᠢ ᠡᠷᠲᠡ ᠠᠷᠪᠠᠨ ᠭᠤᠷᠪᠠᠳᠤᠭᠠᠷ ᠵᠠᠭᠤᠨ ᠤ ᠦᠶ᠎ᠡ ᠳᠤ ᠤᠷᠤᠰᠢᠵᠦ ᠪᠠᠶᠢᠪᠡ᠃ ᠭᠡᠲᠡᠯ᠎ᠡ ᠴᠤᠬᠤᠮ ᠶᠠᠮᠠᠷ ᠤᠳᠬ᠎ᠠ ᠲᠠᠢ ᠭᠡᠲᠡᠭ ᠢ ᠡᠲᠦᠭᠡ ᠪᠤᠯᠳᠠᠯ᠎ᠡ ᠲᠤᠳᠤᠯᠠᠭᠠᠳᠤᠢ᠃ ︽ᠮᠢᠩᠭᠠᠨ︾ ᠭᠡᠲᠡᠭ ᠨᠢ ᠮᠢᠩᠭᠠᠨ ᠡᠷᠦᠭᠡ ᠶᠢᠨ ᠲᠦᠷᠦᠭᠦᠦ ᠭᠡᠬᠦ ᠳᠤ ︽ᠮᠤᠤ — ᠮᠠᠭᠤ︾ ᠬᠡᠲᠡᠭ ᠨᠢ ᠴᠤᠬᠤᠮ ᠬᠦᠮᠦᠨ ᠤ ᠨᠠᠷ᠎ᠡ ᠤᠤ︖ ᠡᠰᠡᠭᠦᠯ᠎ᠡ ᠭᠠᠵᠠᠷ ᠤᠨ ᠨᠡᠷ᠎ᠡ ᠲᠠᠢ ᠬᠤᠯᠪᠤᠭ᠎ᠠ ᠲᠠᠢ ᠶᠤᠮ ᠤᠤ ᠭᠡᠲᠡᠭ ᠢ ᠪᠤᠤ ᠮᠡᠲᠡ︕ ᠴᠤᠬᠤᠮ ᠶᠠᠮᠠᠷ ᠤᠳᠬ᠎ᠠ  ᠲᠠᠢ ᠳᠤ ᠴᠢᠨᠠᠬᠰᠢᠲᠡ ᠰᠤᠳᠤᠯᠤᠭᠤᠰᠢᠲᠠᠢ ᠰᠠᠨ᠃
 
ᠢᠷᠡᠯᠲᠡ᠄ ᠲᠠᠷᠬᠠᠨ ᠮᠤᠤᠮᠢᠩᠭᠠᠨ ᠤ ᠵᠠᠰᠠᠭ ᠤᠨ ᠤᠷᠳᠤᠨ ᠤ ᠮᠤᠩᠭᠤᠯ ᠰᠦᠯᠵᠢᠶ᠎ᠡ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号