ᠬᠦᠷᠢᠶ᠎ᠡ ᠰᠦᠮ᠎ᠡ
ᠨᠡᠶᠢᠲᠡᠯᠡᠭᠰᠡᠨ ᠴᠠᠭ᠄
2019-09-02
     ᠬᠦᠷᠢᠶ᠎ᠡ ᠭᠡᠲᠡᠭ ᠨᠢ ᠡᠷᠲᠡᠨ ᠤ ᠭᠠᠳᠠᠷ ᠴᠠᠭᠠᠨ ᠬᠡᠷᠡᠮ ᠤᠨ ᠵᠠᠮ ᠤᠨ ᠡᠮᠦᠨ᠎ᠡ ᠲᠡᠯ᠎ᠡ ᠳᠤ ︵ᠰᠦᠮ᠎ᠡ ᠶᠢᠨ ᠵᠡᠭᠦᠨ ᠲᠡᠯ᠎ᠡ ᠳᠤ︶ ᠪᠤᠢ᠃ ᠬᠦᠷᠢᠶ᠎ᠡ ᠰᠦᠮ᠎ᠡ ᠭᠡᠲᠡᠭ ᠨᠢ ᠪᠠᠷᠤᠭ ᠭᠠᠵᠠᠷ ᠤᠨ ᠨᠡᠷ᠎ᠡ ᠪᠠᠷ ᠨᠢ ᠨᠡᠷᠡᠯᠡᠭᠰᠡᠨ ᠪᠠᠶᠢᠵᠦ ᠮᠡᠲᠡᠨ᠎ᠡ᠃ ᠢᠯᠡᠷᠭᠡᠶᠢᠯᠡᠯ ᠤᠨ ᠨᠡᠷ᠎ᠡ ᠪᠠᠶᠢᠬᠰᠡᠨ ᠡᠰᠡᠬᠦ ᠶᠢ ᠮᠡᠲᠡᠭᠦ ᠦᠭᠡᠢ᠃ ᠡᠨᠡ ᠰᠦᠮ᠎ᠡ ᠶᠢ ᠪᠠᠳᠠᠷᠠᠭᠤᠯᠲᠦ ᠲᠦᠷᠦ  ᠶᠢᠨ ᠶᠢᠰᠦᠳᠦᠭᠡᠷ ᠤᠨ ︵1883 ᠤᠨ︶᠂ ᠴᠠᠭᠠᠬᠴᠢᠨ ᠬᠤᠨᠢᠨ ᠵᠢᠯ ᠳᠤ ᠮᠤᠤᠮᠢᠩᠭᠠᠨ ᠬᠤᠰᠢᠭᠤᠨ ᠤ ᠨᠠᠢᠮᠠᠳᠤᠭᠠᠷ ᠦᠶ᠎ᠡ ᠶᠢᠨ ᠵᠠᠰᠠᠭ ᠴᠤᠬᠪᠤᠶᠠᠨᠲᠦ ᠶᠢᠨ ᠦᠶ᠎ᠡ ᠳᠤ ᠤᠷᠠᠳ ᠤᠨ ᠭᠤᠷᠪᠠᠨ ᠬᠦᠩ ᠤᠨ ᠮᠠᠯᠴᠢᠳ ᠦᠭᠯᠢᠭᠡ ᠦᠭᠴᠦ ᠪᠠᠶᠢᠭᠤᠯᠵᠠᠢ᠃ ᠲᠦᠪᠠᠳ ᠨᠤᠮ ᠤᠨ ᠤᠩᠰᠢᠯᠭ᠎ᠠ ᠲᠠᠢ᠂ ᠬᠤᠪᠢᠯᠭᠠᠨ ᠯᠠᠮᠠ ᠲᠠᠢ ᠪᠦᠭᠡᠳ ᠰᠡᠭᠦᠯ ᠤᠨ ᠲᠦᠷᠢ ᠨᠢ ᠲᠤᠷᠵᠢ ᠭᠡᠲᠡᠭ᠃ 1958 ᠤᠨ ᠤ ᠦᠶ᠎ᠡ ᠪᠠᠷ ᠰᠤᠶᠤᠯ ᠤᠨ ᠬᠤᠪᠢᠰᠬᠠᠯ ᠤᠨ ᠲᠤᠮᠲᠡ ᠲᠡᠮᠡᠴᠡᠭᠲᠡᠵᠦ ᠵᠠᠮᠳᠡᠭ ᠪᠤᠯᠤᠭᠠᠳ ᠨᠠᠰᠦ ᠪᠠᠷᠠᠪᠡ᠃ ᠲᠡᠦᠭᠡᠨ ᠳᠤ ᠱᠤᠤᠲᠦ ︵ᠱᠠᠲᠦ ᠭᠡᠵᠦ ᠪᠠᠰᠡ ᠬᠡᠯᠡᠲᠡᠭ︶ ᠬᠠᠷ᠎ᠡ ᠤᠪᠤᠭ᠎ᠠ ᠶᠢ ᠲᠠᠬᠢᠵᠦ ᠪᠠᠶᠢᠵᠠᠢ᠃ ᠵᠠᠰᠠᠭ ᠵᠠᠬᠢᠷᠭᠠᠨ ᠤ ᠲᠡᠯ᠎ᠡ ᠪᠠᠷ ᠵᠡᠭᠦᠨ ᠰᠤᠮᠤᠨ ᠳᠤ ᠬᠠᠮᠢᠶᠠᠷᠤᠬᠳᠠᠵᠦ ᠪᠠᠶᠢᠪᠡ᠃ ᠲᠤᠰ ᠰᠦᠮ᠎ᠡ ᠴᠤᠬᠴᠢᠨ ᠲᠤᠭᠠᠩ ᠨᠢᠭᠡ᠂ ᠵᠡᠭᠦᠨ ᠲᠡᠯ᠎ᠡ ᠳᠤ ᠨᠢ ᠪᠠᠰᠡ ᠨᠢᠭᠡ ᠪᠠᠭᠠᠬᠠᠨ ᠲᠤᠭᠠᠩ ᠲᠠᠢ᠂ ᠬᠤᠪᠢᠯᠭᠠᠨ ᠯᠠᠮᠠ ᠰᠠᠭᠤᠬᠤ ᠯᠠᠪᠷᠤᠩ ᠪᠠᠭ᠎ᠠ ᠬᠦᠷᠢᠶ᠎ᠡ ᠲᠠᠢ᠂ ᠵᠢᠰᠡ ᠭᠡᠵᠦ ᠬᠦᠷᠢᠶ᠎ᠡ ᠲᠠᠢ ᠭᠡᠳᠤᠨ ᠶᠡᠭᠡ ᠭᠡᠷ ᠪᠡ ᠴᠦᠭᠡᠨ ᠭᠡᠳᠤᠨ ᠱᠠᠪᠢ ᠨᠠᠷ ᠤᠨ ᠪᠠᠶᠢᠰᠢᠩ ᠪᠠᠭ᠎ᠠ ᠬᠦᠷᠢᠶ᠎ᠡ ᠲᠠᠢ᠃ ᠲᠤᠭᠠᠩ ᠤᠨ ᠪᠠᠷᠠᠭᠤᠨ ᠬᠤᠶᠢᠲᠠᠢ ᠨᠢ ᠪᠠᠰᠡ ᠨᠢᠭᠡ ᠪᠢᠴᠢᠬᠠᠨ ᠨᠦᠩᠨᠠᠢ ᠲᠤᠭᠠᠩ ᠪᠠᠶᠢᠪᠡ᠃ ᠲᠤᠰ ᠰᠦᠮ᠎ᠡ ᠰᠡᠭᠦᠯ ᠤᠨ ᠦᠶ᠎ᠡ ᠳᠤ ᠠᠷᠪᠠᠭᠠᠳ ᠯᠠᠮᠠ ᠲᠠᠢ ᠪᠡᠶᠢᠪᠡ᠃      1958 ᠤᠨ ᠳᠤ ᠬᠤᠷᠰᠢᠶᠠᠵᠢᠯ ᠠᠴᠠ ᠨᠢᠭᠡᠳᠦᠯᠵᠢᠬᠦ ᠳᠤ ᠤᠤᠯ ᠤᠨ ᠮᠤᠤᠮᠢᠩᠭᠠᠨ ᠬᠤᠰᠢᠭᠤᠨ ᠤ ᠱᠠᠳᠷᠠᠪ ︵ᠲᠤᠰᠠᠯᠠᠬᠴᠢ︶ ᠲᠦᠷᠦᠭᠦᠲᠡᠢ ᠨᠤᠶᠠᠳ ᠪᠠᠶᠠᠴᠤᠳ ᠤᠨ ᠬᠠᠮᠲᠦ ᠨᠢᠭᠡ ᠪᠦᠯᠦᠭ ᠮᠠᠯᠴᠢᠳ ᠬᠢᠭᠡᠳ ᠰᠦᠮ᠎ᠡ  ᠶᠢ ᠰᠦᠷᠦᠭ ᠮᠠᠯ ᠲᠠᠢ ᠨᠢ ᠴᠦᠮ ᠤᠯᠠᠭᠠᠨᠳᠤᠭ ᠮᠠᠯᠵᠢᠯ ᠤᠨ ᠲᠠᠯᠠᠪᠠᠢ ᠳᠤ ᠤᠷᠤᠭᠤᠯᠬᠤ ᠳᠤ ᠲᠡᠳᠡᠨ ᠤ ᠨᠤᠳᠤᠬᠰᠢᠵᠦ ᠪᠠᠶᠢᠬᠰᠡᠨ ᠬᠦᠷᠢᠶ᠎ᠡ ᠰᠦᠮ᠎ᠡ ᠴᠦ ᠲᠠᠯᠠᠪᠠᠢ ᠳᠤ ᠬᠤᠪᠢᠶᠠᠬᠳᠠᠪᠡ᠃ 1959 ᠤᠨ ᠤ ᠵᠤᠨ᠂ ᠨᠢᠭᠡᠳᠤᠯ ᠴᠡᠭᠴᠡᠯᠡᠬᠦ ᠦᠶ᠎ᠡ ᠳᠤ ᠬᠦᠷᠢᠶ᠎ᠡ ᠰᠦᠮ᠎ᠡ ᠶᠢ ᠪᠠᠶᠠᠨᠵᠢᠷᠦᠭᠡ ᠪᠠᠷᠢᠭᠠᠲᠡ ︵ᠲᠤᠬᠠᠢ ᠶᠢᠨ ᠦᠶ᠎ᠡ ᠶᠢᠨ ᠰᠢᠨᠠᠪᠤᠯᠠᠭ ᠨᠢᠭᠡᠳᠤᠯ ᠤᠨ ᠭᠤᠷᠪᠠᠳᠤᠭᠠᠷ ᠶᠡᠭᠡ ᠪᠠᠷᠢᠭᠠᠲᠡ ᠶᠢᠨ ᠪᠠᠭ᠎ᠠ ᠪᠠᠷᠢᠭᠠᠲᠡ ᠪᠠᠶᠢᠪᠡ︶ ᠳᠤ ᠪᠤᠴᠠᠭᠠᠨ ᠤᠷᠤᠭᠤᠯᠪᠡ᠃ ᠲᠠᠯᠠᠪᠠᠢ ᠳᠤ ᠤᠷᠤᠭᠰᠡᠨ ᠨᠢᠭᠡ ᠵᠢᠯ ᠤᠨ ᠬᠤᠭᠤᠷᠤᠨᠲᠦ ᠵᠡᠭᠦᠨ ᠲᠤᠭᠠᠩ ᠢ ᠨᠢ ᠪᠠᠭᠤᠯᠭᠠᠵᠦ᠂ ᠨᠦᠩᠨᠠᠢ ᠶᠢᠨ ᠲᠤᠭᠠᠩ ᠤᠨ ᠲᠤᠳᠤᠷᠡᠬᠢ ᠪᠤᠷᠬᠠᠨ ᠰᠢᠲᠦᠭᠡᠨ ᠢ ᠨᠢ ᠡᠪᠲᠡᠨ ᠬᠠᠶᠠᠵᠦ᠂ ᠤᠨᠢ᠂ ᠨᠢᠷᠤᠭᠤ᠂ ᠲᠤᠯᠭᠠᠭᠤᠷᠢ ᠵᠡᠷᠭᠡ ᠬᠡᠷᠡᠭᠯᠡᠵᠦ ᠪᠤᠯᠬᠤ ᠮᠤᠳᠤ ᠶᠢ ᠨᠢ ᠴᠦᠮ ᠲᠠᠯᠠᠪᠠᠢ ᠳᠤ ᠲᠡᠭᠡᠭᠡᠪᠦᠷᠢᠯᠡᠨ ᠠᠪᠠᠴᠢᠵᠦ᠂ ᠭᠠᠨᠵᠢᠷ᠎ᠡ ᠬᠤᠷᠯᠦ ᠪᠤᠳᠢ ᠬᠦᠷᠦᠭᠡᠰᠦ ᠬᠢᠭᠡᠳ ᠰᠦᠮ᠎ᠡ ᠶᠢᠨ ᠲᠤᠳᠤᠷᠡᠬᠢ ᠭᠠᠦᠯᠢᠨ ᠪᠤᠷᠬᠠᠨ ᠵᠡᠷᠭᠡ ᠶᠢ ᠨᠢ ᠬᠤᠳᠠᠯᠳᠤᠵᠦ᠂ ᠬᠡᠳᠤᠨ ᠮᠠᠩᠵᠠᠨ ᠲᠤᠭᠤᠭ᠎ᠠ ᠶᠢ ᠨᠢ ᠮᠠᠯ ᠤᠬᠢᠶᠠᠬᠤ ᠤᠩᠭᠤᠴᠡ ᠪᠤᠯᠭᠠᠪᠡ᠃ ᠦᠯᠡᠲᠡᠭᠰᠡᠨ ᠭᠤᠤᠯ ᠲᠤᠭᠠᠩ ᠪᠡ ᠪᠤᠰᠤᠳ ᠬᠦᠷᠢᠶ᠎ᠡ ᠪᠠᠶᠢᠰᠢᠩ ᠤᠳ ᠢ 1964 ᠤᠨ ᠳᠤ ᠨᠢᠭᠡ ᠬᠡᠰᠡᠭ ᠨᠤᠳᠤᠭ ᠤᠰᠤ ᠲᠠᠢ ᠬᠠᠮᠲᠦ ᠲᠠᠬᠢᠨ ᠤᠯᠠᠭᠠᠨᠳᠤᠭ ᠲᠡᠯᠠᠪᠠᠢ  ᠳᠤ ᠬᠤᠪᠢᠶᠠᠨ ᠤᠷᠤᠭᠤᠯᠤᠭᠠᠳ ᠪᠤᠰᠤᠳ ᠰᠦᠮ᠎ᠡ ᠲᠠᠢ ᠠᠳᠠᠯᠢ ᠰᠤᠶᠤᠯ ᠤᠨ ᠶᠡᠭᠡ ᠬᠤᠪᠢᠰᠬᠠᠯ ᠤᠨ ᠠᠶᠦᠯ ᠠᠴᠠ ᠬᠡᠯᠳᠦᠷᠢᠵᠦ ᠴᠢᠳᠠᠬᠰᠡᠨ ᠦᠭᠡᠢ ᠪᠦᠷᠢᠮᠦᠰᠦᠨ ᠡᠪᠳᠡᠭᠳᠠᠵᠦ ᠤᠷᠤᠢ ᠲᠡᠳᠤᠢ ᠯᠡ ᠪᠤᠯᠵᠦ ᠬᠤᠴᠤᠷᠪᠡ᠃
 
ᠢᠷᠡᠯᠲᠡ᠄ ᠲᠠᠷᠬᠠᠨ ᠮᠤᠤᠮᠢᠩᠭᠠᠨ ᠤ ᠵᠠᠰᠠᠭ ᠤᠨ ᠤᠷᠳᠤᠨ ᠤ ᠮᠤᠩᠭᠤᠯ ᠰᠦᠯᠵᠢᠶ᠎ᠡ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号