ᠰᠢᠷᠠᠴᠢᠯᠠᠭᠤᠨ ᠰᠦᠮ᠎ᠡ
ᠨᠡᠶᠢᠲᠡᠯᠡᠭᠰᠡᠨ ᠴᠠᠭ᠄
2019-09-16
     ᠢᠯᠡᠷᠭᠡᠶᠢᠯᠡᠯ ᠤᠨ ᠨᠡᠷ᠎ᠡ ᠨᠢ ︽ᠴᠢᠭᠤᠯᠭᠠᠨ ᠢ ᠪᠠᠳᠠᠷᠠᠭᠤᠯᠤᠭᠴᠢ ᠰᠦᠮ᠎ᠡ︾᠂ ᠲᠦᠪᠡᠳ ᠨᠡᠷ᠎ᠡ ᠨᠢ ︽ᠫᠤᠩᠰᠤᠬᠳᠠᠮᠴᠤᠯᠢᠩ ᠬᠡᠶᠢᠳ︾ ᠭᠡᠲᠡᠭ᠃ ᠴᠢᠩ ᠤᠯᠤᠰ ᠤᠨ ᠲᠡᠭᠷᠢ ᠲᠡᠳᠭᠦᠭᠴᠢ ᠶᠢᠨ ᠠᠷᠪᠠᠨ ᠭᠤᠷᠪᠠᠳᠤᠭᠠᠷ ᠤᠨ ︵1748 ᠤᠨ︶᠂ ᠰᠢᠷ᠎ᠡ ᠯᠤᠤ ᠵᠢᠯ ᠤᠨ ᠠᠷᠪᠠᠨ ᠬᠤᠶᠠᠳᠤᠭᠠᠷ ᠰᠡᠷ᠎ᠡ ᠳᠤ ᠬᠦᠭᠡᠨᠠᠭᠤᠷ ᠤᠨ ᠯᠠᠪᠷᠤᠩ ᠭᠡᠶᠢᠳ ᠤᠨ ᠵᠢᠷᠤᠬᠠᠶᠢᠴᠢ ᠳ᠋ᠤᠷᠠᠮᠪᠡ ᠶᠢᠨ ᠮᠢᠨᠳᠠᠭ ᠴᠤᠯᠠ ᠲᠠᠢ ᠯᠤᠪᠰᠠᠩ ᠬᠡᠲᠡᠭ ᠯᠠᠮᠠ ᠬᠦᠬᠡᠬᠤᠲᠡ ᠶᠢᠨ ᠪᠠᠭ᠎ᠠ ᠵᠤᠤ ᠰᠦᠮ᠎ᠡ  ᠠᠴᠠ ᠰᠢᠷ᠎ᠡ ᠴᠢᠯᠠᠭᠤ ᠭᠡᠲᠡᠭ ᠭᠠᠵᠠᠷ ᠢᠷᠡᠵᠦ ᠲᠤᠰ ᠰᠦᠮ᠎ᠡ ᠶᠢ ᠪᠠᠶᠢᠭᠤᠯᠵᠠᠢ᠃      ᠡᠶᠢᠮᠦ ᠠᠴᠠ ᠰᠢᠷᠠᠴᠢᠯᠠᠭᠤᠨ ᠰᠦᠮ᠎ᠡ ᠭᠡᠵᠦ ᠨᠡᠷᠡᠰᠢᠭᠰᠡᠨ ᠪᠠᠶᠢᠨ᠎ᠡ᠃ ᠤᠤᠯ ᠨᠢ ᠭᠠᠵᠠᠷ ᠰᠢᠡᠵᠢᠭᠴᠢ ᠯᠠᠮᠠ ᠪᠡ ᠰᠦᠮ᠎ᠡ ᠪᠠᠷᠢᠬᠴᠢ ᠨᠢ ᠤᠳᠤ ᠶᠢᠨ ᠰᠢᠷᠠᠴᠢᠯᠠᠭᠤᠨ ᠰᠦᠮ᠎ᠡ ᠶᠢᠨ ᠬᠤᠶᠢᠲᠦ ᠠᠭᠤᠯᠠᠨ ᠤ ᠶᠠᠨᠳᠠᠷᠲᠦ ᠭᠡᠲᠡᠭ ᠭᠠᠵᠠᠷ ᠰᠦᠮ᠎ᠡ ᠪᠠᠨ ᠪᠠᠷᠢᠬᠤ ᠭᠡᠵᠦ ᠪᠠᠶᠢᠵᠠᠢ᠃ ᠭᠡᠲᠡᠯ᠎ᠡ ᠰᠡᠭᠦᠯ ᠳᠤ ᠨᠢ ᠡᠨᠡ ᠭᠠᠵᠠᠷ ᠢ ᠰᠦᠮ᠎ᠡ ᠭᠡᠶᠢᠳ ᠤᠨ ᠯᠠᠮᠠ ᠬᠤᠸᠠᠷᠠᠭ ᠲᠤ ᠬᠠᠷᠰᠢ ᠲᠠᠢ ᠭᠡᠵᠦ ᠦᠵᠡᠭᠡᠳ ᠰᠦᠮ᠎ᠡ ᠶᠢᠨ ᠰᠠᠭᠤᠷᠢ ᠲᠠᠯᠪᠢᠬᠰᠡᠨ ᠢᠶᠠᠨ ᠰᠢᠯᠵᠢᠭᠦᠯᠵᠦ ᠰᠢᠷ᠎ᠡ ᠴᠢᠯᠠᠭᠤ ᠭᠡᠲᠡᠭ ᠭᠠᠵᠠᠷ ᠰᠦᠮ᠎ᠡ ᠪᠠᠨ ᠪᠠᠶᠢᠭᠤᠯᠵᠠᠢ᠃ ᠰᠢᠷᠠᠴᠢᠯᠠᠭᠤᠨ ᠰᠦᠮ᠎ᠡ ᠶᠢ ᠪᠠᠷᠢᠬᠤ ᠳᠤ ᠱᠠᠨᠰᠢ ᠶᠢᠨ ᠰᠢᠪᠡᠷᠴᠢᠨ ᠮᠤᠳᠤᠴᠢᠨ ᠢ ᠬᠦᠯᠦᠰᠦᠯᠡᠨ ᠠᠪᠴᠢᠷᠠᠵᠦ᠂ ᠰᠦᠮ᠎ᠡ ᠪᠠᠷᠢᠬᠤ ᠭᠠᠵᠠᠷ ᠠᠴᠠ ᠵᠡᠭᠦᠨᠰᠢ ᠲᠦᠷᠪᠠᠨ ᠭᠠᠵᠠᠷ  ᠤᠨ ᠵᠠᠶᠢᠳᠠᠢ ᠲᠤᠭᠤᠰᠬ᠎ᠠ ᠰᠢᠳᠠᠭᠠᠵᠦ᠂ ᠲᠦᠴᠢᠨ ᠵᠠᠩ ᠤᠨ ᠰᠦᠮ᠎ᠡ ᠳᠤ ᠬᠡᠷᠡᠭᠯᠡᠬᠦ ᠲᠤᠭᠤᠰᠬ᠎ᠠ ᠶᠢ ᠨᠢᠭᠡ ᠴᠦ ᠲᠡᠷᠭᠡ ᠪᠠᠷ ᠲᠡᠭᠡᠭᠡᠪᠦᠷᠢᠯᠡᠭᠰᠡᠨ ᠦᠭᠡᠢ᠂ ᠦᠭᠯᠢᠭᠡ ᠶᠢᠨ ᠡᠵᠡᠳ ᠢ ᠴᠤᠬᠯᠠᠭᠤᠯᠵᠦ᠂ ᠲᠤᠭᠤᠰᠬ᠎ᠠ ᠰᠢᠳᠠᠭᠠᠭᠰᠡᠨ ᠭᠠᠵᠠᠷ  ᠠᠴᠠ ᠰᠦᠮ᠎ᠡ ᠪᠠᠷᠢᠬᠤ ᠭᠠᠵᠠᠷ ᠬᠦᠷᠲᠡᠯ᠎ᠡ ᠬᠦᠮᠦᠨ ᠮᠦᠷᠯᠠᠨ ᠵᠤᠬᠰᠤᠵᠦ ᠨᠢᠭᠡ ᠨᠢᠭᠡ ᠲᠤᠭᠤᠰᠬ᠎ᠠ ᠪᠠᠷ ᠲᠠᠮᠵᠢᠭᠤᠯᠤᠨ ᠵᠦᠭᠡᠭᠡᠪᠦᠷᠢᠯᠡᠵᠠᠢ᠃      ᠡᠨᠡ ᠰᠦᠮ᠎ᠡ ᠶᠢ ᠡᠬᠢᠯᠠᠨ ᠪᠠᠶᠢᠭᠤᠯᠬᠤ ᠦᠶ᠎ᠡ ᠲᠦᠷᠪᠠᠨ ᠶᠡᠭᠡ ᠲᠤᠭᠠᠩ ᠲᠠᠢ ᠪᠠᠶᠢᠵᠠᠢ᠃ ᠰᠡᠭᠦᠯ ᠳᠤ ᠨᠢ ᠪᠠᠰᠡ  ᠯᠠᠮᠠ ᠶᠢᠨ ᠯᠠᠪᠷᠤᠩ ᠢ ᠨᠢᠭᠡ ᠨᠡᠮᠡᠵᠦ ᠪᠠᠷᠢᠪᠡ᠃ ᠭᠤᠤᠯ ᠲᠤᠭᠠᠩ ᠢ ᠴᠤᠬᠴᠢᠨ ᠲᠤᠭᠠᠩ ᠭᠡᠲᠡᠭ᠃ ᠲᠤᠭᠠᠩ  ᠤᠨ ᠤᠷᠤᠢ ᠲᠡᠭᠡᠷ᠎ᠡ ᠲᠦᠷᠪᠠᠨ ᠲᠤᠬᠤᠢ ᠬᠠᠭᠠᠰ ᠦᠨᠳᠦᠷ ᠬᠤᠶᠠᠷ ᠭᠠᠦᠯᠢᠨ ᠬᠦᠷᠦᠭᠡᠰᠦ ᠲᠠᠢ᠂ ᠲᠤᠮᠲᠡ ᠨᠢ ᠬᠤᠷᠯᠦ  ᠲᠠᠢ᠂ ᠨᠢᠭᠡ ᠭᠠᠨᠵᠢᠷ᠎ᠡ᠂ ᠬᠤᠶᠠᠷ ᠵᠠᠮᠴᠢᠨ ᠲᠠᠢ ᠪᠠᠶᠢᠳᠠᠭ᠃ ᠲᠤᠰ ᠲᠤᠭᠠᠩ ᠳᠤ ᠴᠠᠭ ᠤᠨ ᠬᠤᠷᠡᠯ᠂ ᠤᠯᠠᠷᠢᠯ ᠤᠨ ᠬᠤᠷᠡᠯ ᠬᠤᠷᠠᠬᠤ ᠪᠡ ᠵᠢᠷᠤᠬᠠᠢ ᠶᠢᠨ ᠤᠬᠠᠭᠠᠨ ᠢ ᠰᠤᠷᠴᠦ ᠰᠤᠳᠤᠯᠳᠠᠭ ᠪᠠᠶᠢᠵᠠᠢ᠃ ᠪᠠᠷᠠᠭᠤᠨ ᠲᠤᠭᠠᠩ ᠢ ᠨᠢ ᠮᠠᠩᠯᠠᠢ ᠶᠢᠨ ᠲᠤᠭᠠᠩ ᠭᠡᠲᠡᠭ᠂ ᠪᠠᠰᠡ ᠣᠳᠠᠴᠢ ᠪᠤᠷᠬᠠᠨ ᠤ ᠲᠤᠭᠠᠩ ᠴᠦ ᠭᠡᠲᠡᠭ ᠪᠢᠯᠡ᠃ ᠲᠤᠭᠠᠩ ᠤᠨ ᠤᠷᠤᠢ ᠲᠡᠭᠡᠷ᠎ᠡ ᠨᠢ ᠲᠦᠷᠪᠠᠨ ᠲᠤᠬᠤᠢ ᠬᠠᠭᠠᠰ ᠦᠨᠳᠦᠷ ᠭᠠᠨᠵᠢᠷ᠎ᠡ ᠲᠠᠢ᠂ ᠲᠤᠭᠠᠩ ᠲᠤᠳᠤᠷ᠎ᠡ ᠤᠳᠠᠴᠢ ᠪᠤᠷᠬᠠᠨ ᠢ ᠲᠠᠬᠢᠵᠦ ᠪᠠᠶᠢᠳᠠᠭ᠃ ᠵᠡᠭᠦᠨ ᠲᠤᠭᠠᠩ ᠢ ᠨᠢ ᠰᠢᠨ᠎ᠡ ᠲᠤᠭᠠᠩ ᠭᠡᠲᠡᠭ᠃ ᠡᠨᠡ ᠨᠢ ᠶᠦᠮ ᠬᠤᠷᠠᠳᠠᠭ ᠲᠤᠭᠠᠩ ᠪᠠᠶᠢᠵᠠᠢ᠃ ᠲᠤᠳᠤᠷ᠎ᠡ ᠨᠢ ᠶᠦᠮ ᠤᠨ ᠪᠤᠳᠢ ᠭᠡᠵᠦ ᠬᠤᠷᠢᠨ ᠨᠢᠭᠡᠨ ᠪᠤᠳᠢ ᠨᠤᠮ ᠬᠠᠳᠠᠭᠠᠯᠠᠵᠦ ᠪᠠᠶᠢᠳᠠᠭ᠃ ᠪᠠᠰᠡ ᠨᠦᠩᠨᠠᠢ ᠶᠢᠨ ᠲᠤᠭᠠᠩ ᠭᠡᠵᠦ ᠪᠠᠶᠢᠵᠠᠢ᠂ ᠠᠲᠡ ᠨᠦᠩᠨᠠᠢ ᠶᠢᠨ ᠬᠤᠷᠡᠯ ᠬᠤᠷᠡᠳᠠᠭ᠃ ᠡᠨᠡ ᠬᠤᠶᠠᠷ ᠲᠤᠭᠠᠩ ᠤᠨ ᠤᠷᠤᠢ ᠲᠡᠭᠡᠷ᠎ᠡ ᠪᠦᠷ ᠭᠠᠨᠵᠢᠷ᠎ᠡ ᠲᠠᠢ᠃ ᠡᠭᠦᠨ ᠠᠴᠠ ᠭᠠᠳᠠᠨ᠎ᠡ ᠯᠠᠮᠠ ᠶᠢᠨ ᠯᠠᠪᠷᠤᠩ ᠭᠡᠵᠦ ᠨᠢᠭᠡ ᠲᠤᠭᠠᠩ ᠪᠠᠶᠢᠳᠠᠭ᠃ ᠡᠨᠡ ᠲᠤᠭᠠᠩ  ᠤᠨ ᠤᠷᠤᠢ ᠲᠡᠭᠡᠷ᠎ᠡ ᠮᠦᠨ ᠲᠦᠷᠪᠠᠨ ᠲᠤᠬᠤᠢ ᠬᠠᠭᠠᠰ ᠦᠨᠳᠦᠷ ᠬᠤᠶᠠᠷ ᠭᠠᠦᠯᠢᠨ ᠪᠤᠳᠢ ᠬᠦᠷᠦᠭᠡᠰᠦ᠂ ᠬᠤᠷᠯᠦ ᠭᠠᠨᠵᠢᠷ᠎ᠡ ᠪᠡ ᠵᠠᠮᠴᠢᠨ ᠲᠠᠢ ᠪᠠᠶᠢᠳᠠᠭ᠃ ᠠᠲᠡ ᠲᠠᠬᠢᠯ ᠲᠠᠯᠪᠢᠵᠦ᠂ ᠦᠩᠭᠡᠷᠡᠭᠰᠡᠨ ᠬᠤᠪᠢᠯᠭᠠᠳ ᠤᠨ ᠴᠢᠨᠳᠠᠷ ᠢ ᠲᠠᠯᠪᠢᠵᠦ ᠪᠠᠶᠢᠳᠠᠭ᠃      ᠯᠠᠮᠠ ᠶᠢᠨ ᠰᠠᠩ ︵ᠰᠦᠮ᠎ᠡ ᠶᠢᠨ︶ ᠭᠡᠵᠦ ᠠᠰ ᠲᠠᠭᠠᠨ ᠬᠦᠷᠢᠶ᠎ᠡ ᠲᠠᠢ᠂ ᠭᠤᠤᠯ ᠳᠤᠨᠢ ᠰᠠᠩ ᠤᠨ ᠭᠡᠷ᠂ ᠵᠡᠭᠦᠨ ᠲᠡᠯ᠎ᠡ ᠳᠤᠨᠢ ᠴᠠᠪ ᠮᠠᠩᠵᠠ ᠬᠢᠬᠦ ᠭᠡᠷ᠂ ᠰᠠᠩ ᠬᠦᠮᠦᠷᠭᠡ ᠵᠡᠷᠭᠡ ᠤᠯᠠᠨ ᠭᠡᠷ ᠲᠠᠢ᠂ ᠪᠠᠷᠠᠭᠤᠨᠳᠠᠢ ᠨᠢ ᠴᠢᠬᠢᠨ ᠭᠡᠷ ᠤᠳ ᠪᠤᠢ᠃ ᠵᠡᠭᠦᠨ ᠡᠮᠦᠨ᠎ᠡ ᠨᠢ ᠶᠡᠭᠡ ᠵᠢᠰᠡ ᠭᠡᠵᠦ ᠠᠰ ᠲᠠᠭᠠᠨ ᠬᠦᠷᠢᠶ᠎ᠡ ᠬᠠᠰᠢᠶ᠎ᠡ ᠪᠠᠶᠢᠰᠢᠩ ᠲᠠᠢ᠃ ᠪᠠᠷᠠᠭᠤᠨ ᠡᠮᠦᠨ᠎ᠡ  ᠨᠢ ᠨᠦᠩᠨᠠᠢ ᠶᠢᠨ ᠵᠢᠰᠡ ᠭᠡᠵᠦ ᠪᠠᠭᠠᠬᠠᠨ ᠬᠦᠷᠢᠶ᠎ᠡ ᠲᠠᠢ ᠭᠡᠳᠦᠨ ᠪᠠᠶᠢᠰᠢᠩ᠂ ᠰᠢᠲᠦᠭᠡᠨ ᠲᠠᠢ ᠭᠡᠷ ᠤᠳ ᠪᠠᠶᠢᠵᠠᠢ᠃      ᠲᠤᠰ ᠰᠦᠮ᠎ᠡ ᠭᠤᠷᠪᠠᠨ ᠲᠠᠬᠢᠯᠭ᠎ᠠ ᠶᠢᠨ ᠤᠪᠤᠭ᠎ᠠ ᠲᠠᠢ᠃ ᠡᠭᠦᠨ ᠳᠤ ᠡᠷᠳᠠᠨᠢᠠᠤᠪᠤᠭ᠎ᠠ ᠪᠤᠯ ᠰᠦᠮ᠎ᠡ ᠶᠢᠨ ᠵᠢᠰᠡ   ᠠᠴᠠ ᠵᠢᠯ ᠪᠦᠷᠢ ᠶᠢᠨ 6 ᠰᠡᠷ᠎ᠡ ᠶᠢᠨ 3 ᠤ ᠡᠳᠤᠷ ᠲᠠᠬᠢᠳᠠᠭ᠃ ᠡᠶᠢᠮᠦ ᠠᠴᠠ ᠪᠠᠰᠡ ᠶᠡᠭᠡ ᠵᠠᠯᠠ ᠤᠪᠤᠭ᠎ᠠ ᠭᠡᠲᠡᠭ᠃ ᠨᠡᠷᠡᠲᠦ ᠤᠪᠤᠭ᠎ᠠ ᠪᠤᠯ ᠵᠢᠯ ᠪᠦᠷᠢ ᠶᠢᠨ 5 ᠰᠡᠷ᠎ᠡ ᠶᠢᠨ 13 ᠤ ᠡᠳᠤᠷ ᠯᠠᠮᠠ ᠶᠢᠨ ᠱᠠᠩ ᠠᠴᠠ ᠲᠠᠬᠢᠳᠠᠭ ᠲᠤᠯᠠ ᠪᠠᠰᠡ ᠱᠠᠩ ᠤᠨ ᠤᠪᠤᠭ᠎ᠠ ᠭᠡᠵᠦ ᠬᠡᠯᠡᠲᠡᠭ᠃ ᠲᠤᠷᠤᠪ ᠤᠨ ᠤᠪᠤᠭ᠎ᠠ ᠶᠢ ᠵᠢᠯ ᠪᠦᠷᠢ ᠶᠢᠨ 6 ᠰᠡᠷ᠎ᠡ ᠶᠢᠨ 13 ᠳᠤ ᠶᠦᠮ ᠤᠨ ᠵᠢᠰᠡ ᠠᠴᠠ ᠲᠠᠬᠢᠳᠠᠭ᠃      ᠲᠤᠰ ᠰᠦᠮ᠎ᠡ ᠲᠤᠯᠤᠭᠠᠨ ᠲᠦᠷᠢ ᠶᠢᠨ ᠬᠤᠪᠢᠯᠭᠠᠨ ᠵᠠᠯᠠᠭᠰᠡᠨ ᠲᠡᠦᠭᠡ ᠲᠠᠢ᠂ ᠵᠢᠷᠭᠤᠳᠤᠭᠠᠷ ᠲᠦᠷᠢ ᠶᠢᠨ  ᠬᠤᠪᠢᠯᠭᠠᠨ ᠤ ᠦᠶ᠎ᠡ᠂ 1927 ᠤᠨ ᠳᠤ ᠲᠦᠪᠠᠳ ᠠᠴᠠ ᠪᠠᠨᠴᠢᠨ ᠡᠷᠳᠠᠨᠢ ᠲᠤᠰ ᠰᠦᠮ᠎ᠡ ᠳᠤ ᠵᠠᠯᠠᠷᠡᠨ ᠪᠠᠭᠤᠵᠦ ᠨᠤᠮ ᠤᠩᠰᠢᠨ ᠮᠦᠷᠭᠦᠯ ᠲᠠᠯᠪᠢᠵᠦ᠂ ᠲᠤᠰ ᠰᠦᠮ᠎ᠡ ᠶᠢᠨ ᠤᠯᠠᠭᠠᠨ ᠯᠠᠪᠷᠤᠩ ᠢ ᠰᠢᠷ᠎ᠡ ᠦᠩᠭᠡ ᠲᠠᠢ ᠪᠤᠯᠭᠠᠨ ᠨᠡᠮᠡᠵᠦ ᠮᠢᠨᠳᠠᠬᠯᠠᠵᠠᠢ᠃ ᠲᠤᠯᠤᠳᠤᠭᠠᠷ ᠲᠦᠷᠢ ᠶᠢᠨ ᠬᠤᠪᠢᠯᠭᠠᠨ ᠨᠢ ᠯᠠᠪᠰᠠᠩᠫᠠᠷᠠᠩᠯᠠᠶᠢᠶᠤᠨᠳᠤᠨᠵᠠᠮᠰᠦ᠂ ᠲᠤᠰ ᠬᠤᠰᠢᠭᠤᠨ ᠤ ᠮᠠᠯᠴᠢᠨ ᠴᠡᠴᠡᠭ ᠤᠨ ᠭᠡᠷ ᠲᠤ 1936 ᠤᠨ ᠳᠤ ᠲᠦᠷᠦᠭᠰᠡᠨ ᠪᠠᠶᠢᠨ᠎ᠡ᠂ ᠤᠯᠠᠭᠠᠨᠴᠠᠪ ᠠᠶᠢᠮᠠᠭ ᠤᠨ ᠪᠤᠳ᠋ᠳ᠋ᠾᠠ ᠶᠢᠨ ᠱᠠᠰᠢᠨ ᠤ ᠨᠡᠶᠢᠭᠡᠮᠯᠢᠭ ᠤᠨ ᠲᠡᠳ᠋ ᠲᠡᠷᠢᠭᠦᠯᠡᠭᠴᠢ᠂ ᠨᠠᠷᠢᠨ ᠪᠢᠴᠢᠭ ᠤᠨ ᠲᠠᠷᠤᠭ᠎ᠠ ᠶᠢᠨ ᠲᠤᠰᠢᠶᠠᠯ ᠢ ᠡᠭᠦᠷᠭᠡᠯᠡᠵᠦ ᠪᠠᠶᠢᠬᠰᠡᠨ ᠪᠦᠭᠡᠳ ᠲᠠᠷᠬᠠᠨ ᠮᠤᠤᠮᠢᠩᠭᠠᠨ ᠬᠤᠯᠪᠤᠭᠠᠲᠦ ᠬᠤᠰᠢᠭᠤᠨ ᠤ ᠮᠤᠩᠭᠤᠯ ᠡᠮᠨᠡᠯᠭᠡ ᠶᠢᠨ ᠬᠤᠷᠢᠶᠠᠨ ᠳᠤ ᠡᠮᠴᠢ ᠪᠠᠷ ᠠᠵᠢᠯᠯᠠᠵᠦ ᠪᠠᠶᠢᠪᠡ᠃ ᠨᠢᠭᠡᠳᠤᠭᠡᠷ ᠠᠴᠠ ᠲᠦᠷᠪᠠᠳᠤᠭᠡᠷ ᠦᠶ᠎ᠡ ᠶᠢᠨ ᠬᠤᠪᠢᠯᠭᠠᠨ ᠨᠢ ᠪᠡᠶ᠎ᠡ ᠦᠩᠭᠡᠷᠡᠭᠰᠡᠨ ᠤ ᠲᠠᠷᠠᠭ᠎ᠠ᠂ ᠶᠠᠨᠳᠠᠷᠲᠦ ᠳᠤ ᠲᠡᠭᠳᠡᠭᠡᠵᠦ ᠰᠢᠷᠠᠴᠢᠯᠠᠭᠤᠨ ᠰᠦᠮ᠎ᠡ ᠶᠢᠨ ᠯᠠᠪᠷᠤᠩ ᠳᠤ ᠴᠢᠨᠳᠠᠷ ᠢ ᠨᠢ ᠲᠠᠯᠪᠢᠵᠦ᠂ ᠲᠦᠷᠢ ᠶᠢ ᠨᠢ ᠠᠯᠳᠠ ᠪᠠᠷ ᠭᠠᠳᠠᠷᠯᠠᠨ ᠪᠦᠲᠦᠭᠡᠵᠠᠢ᠃ ᠲᠠᠪᠤ ᠵᠢᠷᠭᠤᠳᠤᠭᠠᠷ ᠲᠦᠷᠢ ᠶᠢᠨ ᠬᠤᠪᠢᠯᠭᠠᠨ ᠤ ᠴᠢᠨᠳᠠᠷ ᠢ ᠪᠦᠷ ᠰᠢᠷᠠᠴᠢᠯᠠᠭᠤᠨ ᠳᠤ ᠬᠠᠶᠢᠯᠤᠭᠤᠯᠵᠦ᠂ ᠮᠦᠨ ᠶᠤᠰᠦ ᠪᠠᠷ ᠲᠦᠷᠢ ᠶᠢ ᠨᠢ ᠪᠦᠲᠦᠭᠡᠵᠦ ᠯᠠᠪᠷᠤᠩ ᠳᠤ ᠲᠠᠯᠪᠢᠵᠠᠢ᠃ ᠰᠢᠷᠠᠴᠢᠯᠠᠭᠤᠨ ᠰᠦᠮ᠎ᠡ ᠶᠢ ᠪᠤᠯ ᠬᠦᠬᠡᠬᠤᠲᠡ ᠶᠢᠨ ᠪᠠᠭ᠎ᠠ ᠵᠤᠤ ᠠᠴᠠ ᠬᠠᠮᠢᠶᠠᠷᠳᠠᠭ ᠪᠦᠭᠡᠳ ᠲᠤᠰ ᠰᠦᠮ᠎ᠡ ᠶᠢᠨ ᠬᠤᠪᠢᠯᠭᠠᠨ ᠨᠢ ᠪᠠᠭ᠎ᠠ ᠵᠤᠤ ᠳᠤ ᠬᠤᠪᠢ ᠲᠠᠢ᠂ ᠰᠢᠷᠡᠭᠡ ᠰᠠᠭᠤᠳᠡᠯ ᠲᠠᠢ ᠮᠦᠷᠲᠡᠭᠡᠨ ᠪᠠᠳᠤᠬᠠᠭᠠᠯᠭ᠎ᠠ  ᠶᠢᠨ ᠰᠦᠮ᠎ᠡ ᠳᠤ ᠴᠦ ᠰᠢᠷᠡᠭᠡ ᠲᠠᠢ ᠪᠠᠶᠢᠵᠠᠢ᠃ ᠤᠴᠢᠷ ᠨᠢ ᠰᠢᠷᠠᠴᠢᠯᠠᠭᠤᠨ ᠰᠦᠮ᠎ᠡ ᠶᠢᠨ ᠬᠤᠪᠢᠯᠭᠠᠨ ᠨᠢ ᠪᠠᠳᠤᠬᠠᠭᠠᠯᠭ᠎ᠠ ᠶᠢᠨ ᠰᠦᠮ᠎ᠡ ᠳᠤ ᠰᠠᠭᠤᠵᠦ ᠨᠤᠮ ᠰᠤᠷᠳᠠᠭ ᠪᠠᠶᠢᠵᠠᠢ᠃      ᠰᠢᠷᠠᠴᠢᠯᠠᠭᠤᠨ ᠰᠦᠮ᠎ᠡ ᠤᠳᠠᠴᠢ ᠶᠢᠨ ᠲᠤᠭᠠᠩ ᠲᠠᠢ ᠪᠠᠶᠢᠬᠰᠡᠨ ᠲᠤᠯᠠ᠂ ᠲᠡᠷᠡ ᠦᠶ᠎ᠡ ᠠᠴᠠ ᠠᠪᠤᠭᠠᠳ ᠡᠮ ᠡᠮᠨᠡᠯᠭᠡ ᠶᠢᠨ ᠤᠬᠠᠭᠠᠨ ᠤ ᠰᠤᠳᠤᠯᠭᠠᠨ ᠬᠢᠵᠦ ᠪᠠᠶᠢᠬᠰᠡᠨ ᠪᠦᠭᠡᠳ ᠨᠠᠷᠡᠳᠠᠢ ᠮᠤᠩᠭᠤᠯ ᠡᠮᠴᠢ ᠶᠡᠷᠦ ᠲᠠᠰᠤᠯᠳᠠᠭ᠎ᠠ ᠦᠭᠡᠢ ᠭᠠᠷᠴᠦ ᠪᠠᠶᠢᠬᠰᠡᠨ ᠪᠢᠯᠡ᠃ ᠡᠭᠦᠨ ᠳᠤ 1930 ᠤᠨ ᠤ ᠦᠶ᠎ᠡ ᠳᠤ ᠭᠤᠨᠴᠤᠬᠷᠠᠰᠢ᠂ ᠵᠠᠮᠢᠶᠠᠨ ︵ᠵᠠᠷᠤᠳ︶᠂ ᠰᠠᠮᠳᠠᠨᠳᠤᠷᠵᠢ᠂ ᠯᠢᠭᠷᠦᠪ᠂ ᠯᠠᠮᠠᠵᠠᠪ ᠨᠠᠷ ᠪᠤᠢ᠃ ᠲᠡᠮᠴᠦᠭᠳᠤᠩᠷᠦᠪ ︵ᠬᠠᠭᠤᠷᠮᠠᠭ ᠮᠤᠩᠭᠤᠯ︶ ᠤᠨ ᠦᠶ᠎ᠡ ᠳᠤ ︵1940 ᠤᠨ︶ ᠮᠤᠤᠮᠢᠩᠭᠠᠨ ᠬᠤᠰᠢᠭᠤᠨ ᠤ ᠮᠤᠩᠭᠤᠯ ᠡᠮᠨᠡᠯᠭᠡ ᠶᠢᠨ ᠬᠤᠷᠢᠶ᠎ᠡ ᠶᠢ ᠤᠤᠯ ᠤᠨ ᠡᠮᠴᠢ ᠨᠠᠷ ᠢᠶᠠᠷ ᠨᠢ ᠰᠠᠭᠤᠷᠢ ᠪᠤᠯᠭᠠᠭᠰᠡᠨ ᠠᠷᠪᠠᠭᠠᠳ ᠡᠮᠴᠢ ᠲᠠᠢ ᠡᠮᠨᠡᠯᠭᠡ ᠶᠢᠨ ᠬᠤᠷᠢᠶ᠎ᠡ ᠪᠤᠯᠭᠠᠨ ᠲᠤᠰ ᠰᠦᠮ᠎ᠡ ᠳᠤ ᠪᠠᠶᠢᠭᠤᠯᠵᠠᠢ᠃ ᠲᠡᠮᠴᠦᠭᠳᠤᠩᠷᠦᠪ ᠨᠠᠷ ᠠᠴᠠ ᠡᠪᠡᠰᠤᠨ ᠡᠮ ᠤᠨ ᠵᠦᠢᠯ᠂ ᠭᠠᠴᠢᠬᠦ᠋ᠷᠬᠦᠮ᠂ ᠪᠤᠭᠤ ᠶᠢᠨ ᠡᠪᠡᠷ ᠪᠡ ᠰᠢᠯ ᠯᠤᠩᠬᠤ ᠲᠠᠢ ᠲᠠᠯᠬᠠᠨ ᠡᠮ᠂ ᠧᠦ᠋ᠷᠦᠫᠡ ᠡᠮ ᠤᠳ ᠢ ᠬᠠᠩᠭᠠᠵᠦ᠂ ᠵᠠᠷᠢᠮ ᠢ ᠨᠢ ᠲᠠᠪᠢᠭᠠᠳ ᠤᠨ ᠬᠦᠷᠲᠡᠯ᠎ᠡ ᠬᠡᠷᠡᠭᠯᠡᠵᠦ ᠪᠠᠶᠢᠪᠡ᠃      ᠲᠤᠰ ᠰᠦᠮ᠎ᠡ ᠲᠤᠳᠤᠷ᠎ᠡ ᠪᠠᠨ ᠪᠠᠰᠡ ᠶᠡᠭᠡ ᠵᠢᠰᠡ ᠲᠠᠢ᠂ ᠡᠨᠡ ᠨᠢ ᠰᠦᠮ᠎ᠡ ᠶᠢᠨ ᠬᠤᠷᠡᠯ ᠨᠤᠮ ᠢ ᠬᠤᠷᠠᠭᠤᠯᠳᠠᠭ ᠪᠠᠶᠢᠵᠠᠢ᠃ ᠬᠠᠮᠢᠶᠠᠷᠤᠬᠴᠢ ᠨᠢ ᠶᠡᠭᠡ ᠪᠠᠭ᠎ᠠ ᠬᠤᠶᠠᠷ ᠨᠢᠷᠪᠡ ᠪᠠᠶᠢᠬᠤ ᠠᠴᠠ ᠭᠠᠳᠠᠨ᠎ᠡ ᠪᠠᠰᠡ ᠲᠤᠭᠤᠭᠠᠴᠢ ᠲᠠᠢ ᠪᠠᠶᠢᠳᠠᠭ᠃ ᠯᠠᠮᠠ ᠶᠢᠨ ᠰᠠᠩ ᠨᠢ ᠯᠠᠮᠠ ᠨᠠᠷ ᠤᠨ ᠬᠡᠷᠡᠭᠯᠡᠲᠡᠭ ᠡᠳ᠋ᠯᠡᠯ ᠲᠡᠸᠠᠷ᠂ ᠮᠠᠯ ᠤᠨᠤᠭ᠎ᠠ᠂ ᠵᠤᠭᠤᠰ ᠮᠦᠩᠭᠦ ᠶᠢ ᠬᠠᠮᠢᠶᠠᠷᠳᠠᠭ ᠪᠦᠭᠡᠳ ᠲᠦᠷᠪᠠᠨ ᠰᠡᠷ᠎ᠡ ᠶᠢᠨ ᠨᠦᠩᠨᠠᠢ ᠶᠢᠨ ᠬᠤᠷᠡᠯ ᠢ ᠬᠤᠷᠠᠭᠤᠯᠳᠠᠭ ᠪᠠᠶᠢᠨ᠎ᠡ᠃ ᠰᠠᠩ ᠤᠨ ᠬᠠᠮᠢᠶᠠᠷᠤᠬᠴᠢ ᠨᠢ ᠨᠢᠭᠡ ᠨᠢᠷᠪᠡ᠂ ᠨᠢᠭᠡ ᠤᠮᠪᠠ᠂ ᠨᠢᠭᠡ ᠲᠠᠮᠴᠢ᠂ ᠨᠢᠭᠡ ᠲᠤᠭᠤᠭᠠᠴᠢ ᠲᠠᠢ ᠪᠠᠶᠢᠵᠠᠢ᠃ ᠡᠭᠦᠨ ᠠᠴᠠ ᠭᠠᠳᠠᠨ᠎ᠡ᠂ ᠰᠦᠮ᠎ᠡ ᠶᠢᠨ ᠡᠯ᠎ᠡ ᠵᠦᠢᠯ ᠤᠨ ᠡᠳ᠋ ᠮᠦᠩᠭᠦ ᠶᠢ ᠬᠠᠮᠢᠶᠠᠷᠳᠠᠭ ᠲᠤᠯᠤᠭᠠᠨ ᠨᠢᠷᠪᠡ ᠪᠠᠶᠢᠳᠠᠭ᠃ ᠡᠲᠡᠭᠡᠷ ᠨᠢᠷᠪᠡ ᠨᠢ ᠰᠦᠮ᠎ᠡ ᠶᠢᠨ ᠡᠯ᠎ᠡ ᠵᠦᠢᠯ ᠤᠨ ᠡᠳ᠋ᠯᠡᠯ ᠬᠡᠷᠡᠭᠰᠡᠯ᠂ ᠦᠭᠯᠢᠭᠡ ᠶᠢᠨ ᠡᠵᠡᠳ ᠤᠨ ᠦᠭᠭᠦᠭᠰᠡᠨ ᠮᠠᠯ ᠰᠦᠷᠦᠭ ᠢ ᠭᠠᠳᠠᠭᠰᠢ ᠰᠦᠷᠦᠭ ᠲᠠᠯᠪᠢᠬᠤ᠂ ᠲᠠᠩᠰᠡ ᠬᠠᠷ᠎ᠡ ᠶᠢ ᠬᠠᠮᠢᠶᠠᠷᠤᠨ ᠠᠳᠬᠤᠳᠠᠭ ᠪᠦᠭᠡᠳ ᠵᠢᠯ ᠪᠦᠷᠢ ᠨᠢᠭᠡ ᠤᠳᠠᠭ᠎ᠠ ᠮᠠᠯ ᠰᠦᠷᠦᠭ ᠤᠨ ᠢᠶᠠᠨ ᠲᠤᠭ᠎ᠠ ᠶᠢ ᠪᠦᠷᠢᠳᠭᠡᠲᠡᠭ ᠪᠠᠶᠢᠨ᠎ᠡ᠃      ᠲᠤᠰ ᠰᠦᠮ᠎ᠡ ᠶᠢᠨ ᠭᠤᠤᠯ ᠪᠤᠯᠬᠤ ᠬᠤᠷᠡᠯ ᠨᠤᠮ ᠭᠡᠪᠡᠯ᠂ ᠴᠠᠭᠠᠨ ᠰᠡᠷ᠎ᠡ ᠶᠢᠨ ᠰᠢᠨ᠎ᠡ ᠶᠢᠨ ᠲᠤᠯᠤᠭᠠᠨ ᠠᠴᠠ ᠠᠷᠪᠠᠨ ᠲᠠᠪᠤᠨ ᠪᠤᠯᠳᠠᠯ᠎ᠡ ᠮᠤᠯᠤᠮ ᠬᠤᠷᠠᠳᠠᠭ᠃ ᠰᠡᠷ᠎ᠡ ᠪᠦᠷᠢ ᠶᠢᠨ ᠬᠤᠷᠢᠨ ᠭᠤᠷᠪᠠᠨ ᠳᠤ ᠯᠾᠠᠮᠦ ᠬᠤᠷᠠᠳᠠᠭ᠃ ᠵᠢᠯ ᠪᠦᠷᠢ ᠶᠢᠨ ᠲᠦᠷᠪᠠᠨ ᠰᠡᠷ᠎ᠡ ᠶᠢᠨ ᠰᠢᠨ᠎ᠡ ᠶᠢᠨ ᠨᠢᠭᠡᠨ ᠠᠴᠠ ᠠᠷᠪᠠᠨ ᠲᠠᠪᠤᠨ ᠪᠤᠯᠳᠠᠯ᠎ᠡ ᠨᠦᠩᠨᠡᠢ ᠬᠤᠷᠡᠳᠠᠭ᠃ ᠡᠭᠦᠨ  ᠳᠤ ᠦᠭᠯᠢᠭᠡ ᠶᠢᠨ ᠡᠵᠡᠳ ᠨᠠᠰᠦ ᠨᠦᠭᠴᠢᠭᠰᠡᠳ ᠲᠡᠭᠡᠨ ᠪᠤᠶᠠᠨ ᠦᠢᠯᠡᠳᠲᠡᠭ ᠪᠠᠶᠢᠨ᠎ᠡ᠃ ᠵᠢᠯ ᠪᠦᠷᠢ ᠶᠢᠨ ᠲᠤᠯᠤᠭᠠᠨ ᠰᠡᠷ᠎ᠡ ᠶᠢᠨ ᠠᠷᠪᠠᠨ ᠲᠠᠪᠤᠨ ᠠᠴᠠ ᠬᠤᠷᠢᠨ ᠨᠢᠭᠡᠨ ᠬᠦᠷᠲᠡᠯ᠎ᠡ ᠭᠠᠨᠵᠤᠤᠷ ᠬᠤᠷᠠᠳᠠᠭ᠃ ᠪᠠᠰᠡ ᠬᠦᠩᠷᠡᠭ  ᠤᠨ ᠸᠠᠩ᠂ ᠶᠠᠮᠠᠨᠳᠠᠭ ᠤᠨ ᠸᠠᠩ ᠬᠤᠷᠡᠵᠦ᠂ ᠮᠠᠶᠢᠳᠠᠷᠢ ᠡᠷᠬᠢᠵᠦ᠂ ᠠᠷᠪᠠᠨ ᠭᠤᠷᠪᠠᠨ ᠳᠤ ᠲᠤᠬᠰᠢᠳ ᠬᠤᠷᠡᠨ᠂ ᠬᠤᠷᠢᠨ ᠭᠤᠷᠪᠠᠨ ᠳᠤ ᠰᠠᠬᠢᠭᠤᠯᠰᠤᠨ ᠲᠠᠬᠢᠵᠦ᠂ ᠬᠤᠷᠢᠨ ᠲᠦᠷᠪᠠᠨ ᠳᠤ ᠬᠤᠷᠡᠯ ᠲᠠᠷᠬᠠᠳᠠᠭ᠃ ᠡᠨᠡ ᠬᠤᠷᠡᠯ ᠨᠢ ᠪᠦᠬᠦ ᠵᠢᠯ  ᠳᠡᠭᠡᠨ ᠬᠠᠮᠤᠭ ᠤᠨ ᠶᠡᠭᠡ ᠬᠤᠷᠡᠯ ᠪᠤᠯᠬᠤ ᠪᠦᠭᠡᠳ ᠤᠶᠢᠷ᠎ᠡ ᠤᠷᠴᠢᠮ ᠤᠨ ᠮᠠᠯᠴᠢᠳ ᠡᠳᠤᠷ ᠲᠡᠭᠡᠨ ᠢᠷᠡᠵᠦ ᠮᠦᠷᠭᠦᠭᠦ ᠪᠡ ᠡᠷᠭᠦᠴᠡ ᠪᠠᠷᠢᠨ᠂ ᠰᠦ ᠴᠠᠭᠠᠨ ᠢᠲᠡᠭᠡ ᠬᠦᠷᠭᠡᠵᠦ᠂ ᠨᠡᠩ ᠢᠯᠠᠩᠭᠤᠶ᠎ᠡ ᠬᠤᠷᠢᠨ ᠭᠤᠷᠪᠠᠨ ᠤ ᠡᠳᠤᠷ ᠪᠦᠬᠦ ᠬᠤᠰᠢᠭᠤ ᠬᠡᠪᠴᠢᠶᠠᠨ ᠤ ᠬᠤᠯᠠ ᠤᠶᠢᠷ᠎ᠡ ᠶᠢᠨ ᠮᠠᠯᠴᠢᠳ ᠪᠡ ᠵᠡᠷᠭᠡᠯᠡᠲᠡᠭᠡ ᠬᠤᠰᠢᠭᠤᠨ ᠤ ᠮᠠᠯᠴᠢᠳ ᠪᠤᠯᠤᠨ ᠲᠦᠰᠢᠮᠡᠳ ᠲᠤᠰᠢᠶᠠᠯᠲᠡᠨ ᠮᠤᠷᠢᠯᠠᠨ ᠢᠷᠡᠵᠦ᠂ ᠬᠤᠷᠡᠯ ᠴᠤᠬᠯᠠᠭᠠᠨ ᠳᠤ ᠤᠷᠤᠯᠴᠠᠨ᠂ ᠮᠢᠬ᠎ᠠ ᠬᠦᠨᠴᠡᠭ ᠢᠶᠠᠷ ᠲᠠᠶᠢᠯᠠᠵᠦ ᠵᠤᠴᠢᠯᠠᠳᠠᠭ᠃ ᠡᠨᠡ ᠬᠤᠷᠡᠯ ᠨᠤᠮ ᠳᠤ ᠪᠠᠰᠡ ᠮᠠᠶᠢᠮᠠᠶᠢᠴᠢᠨ ᠴᠤᠬᠯᠠᠷᠡᠵᠦ ᠡᠳ᠋ ᠪᠠᠷᠠᠭ᠎ᠠ᠂ ᠠᠯᠢᠮ᠎ᠡ ᠵᠢᠮᠢᠰ ᠬᠤᠳᠠᠯᠳᠤᠨ ᠬᠦᠭᠰᠢᠨ ᠵᠠᠯᠠᠭᠤ ᠦᠭᠡᠢ ᠪᠤᠶᠠᠨ ᠨᠤᠮ ᠦᠢᠯᠡᠳᠤᠨ᠂ ᠬᠠᠷᠢᠯᠴᠠᠨ ᠵᠤᠯᠭᠠᠵᠦ ᠨᠢᠭᠡ ᠡᠳᠤᠷ ᠢ ᠬᠦᠷ ᠨᠠᠷᠬᠢᠶᠠᠨᠳᠠᠢ ᠦᠩᠭᠡᠷᠡᠭᠡᠲᠡᠭ ᠪᠠᠶᠢᠯ᠎ᠡ᠃ ᠨᠠᠢᠮᠠᠨ ᠰᠡᠷ᠎ᠡ ᠶᠢᠨ ᠬᠤᠷᠢᠨ ᠬᠤᠶᠠᠷ ᠠᠴᠠ ᠬᠤᠷᠢᠨ ᠲᠠᠪᠤᠨ ᠪᠤᠯᠳᠠᠯ᠎ᠡ ᠰᠠᠩᠳᠠᠮ ᠤᠨ ᠲᠤᠩᠷᠤᠪ ᠬᠤᠷᠡᠳᠠᠭ᠃ ᠠᠷᠪᠠᠨ ᠰᠡᠷ᠎ᠡ ᠶᠢᠨ ᠬᠤᠷᠢᠨ ᠲᠠᠪᠤᠨ ᠳᠤ ᠵᠧ ᠯᠠᠮᠠ ᠬᠤᠷᠡᠨ᠎ᠡ᠃ ᠠᠷᠪᠠᠨ ᠬᠤᠶᠠᠷ ᠰᠡᠷ᠎ᠡ ᠶᠢᠨ ᠬᠤᠷᠢᠨ ᠭᠤᠷᠪᠠᠨ ᠳᠤ ᠭᠠᠯ ᠲᠠᠬᠢᠵᠦ ᠰᠠᠬᠢᠭᠤᠯᠰᠤᠨ ᠢ ᠲᠡᠭᠷᠢ ᠳᠤ ᠮᠤᠷᠳᠠᠭᠤᠯᠵᠦ᠂ ᠭᠤᠴᠢᠨ ᠪᠤᠯᠳᠠᠯ᠎ᠡ ᠲᠤᠯᠤᠭᠠᠨ ᠡᠳᠤᠷ ᠨᠤᠮ ᠤᠩᠰᠢᠳᠠᠭ᠃      ᠰᠢᠷᠠᠴᠢᠯᠠᠭᠤᠨ ᠰᠦᠮ᠎ᠡ 1856 ᠤᠨ ᠳᠤ ᠨᠢᠭᠡ ᠤᠳᠠᠭ᠎ᠠ ᠭᠠᠯ ᠤᠨ ᠠᠶᠦᠯ ᠳᠤ ᠤᠴᠠᠷᠠᠵᠠᠢ᠃ ᠪᠠᠳᠺᠠᠷ  ᠤᠨ ᠰᠦᠮ᠎ᠡ ᠠᠴᠠ ᠠᠪᠤᠷᠡᠯ ᠠᠰᠠᠭᠤᠭᠰᠡᠨ ᠳᠤ ᠪᠠᠳᠺᠠᠷ ᠰᠦᠮ᠎ᠡ ᠶᠢᠨ ᠲᠦᠷᠪᠠᠳᠤᠭᠡᠷ ᠦᠶ᠎ᠡ ᠶᠢᠨ ᠭᠡᠭᠡᠨ ᠠᠴᠠ 108 ᠪᠤᠳᠢ ᠭᠠᠨᠵᠤᠤᠷ ᠤᠩᠰᠢᠬᠤ ᠬᠡᠷᠡᠭᠲᠠᠢ ᠬᠡᠵᠦ ᠠᠪᠤᠷᠡᠯ ᠪᠠᠭᠤᠵᠠᠢ᠃ ᠲᠤᠬᠠᠢ ᠶᠢᠨ ᠦᠶ᠎ᠡ ᠳᠤ ᠡᠨᠡ ᠨᠤᠮ ᠨᠢ ᠦᠭᠡᠷ᠎ᠡ ᠤᠯᠠᠨ ᠰᠦᠮ᠎ᠡ ᠳᠤ ᠪᠠᠶᠢᠬᠤ ᠦᠭᠡᠢ ᠲᠤᠯᠠ ᠰᠢᠷᠠᠴᠢᠯᠠᠭᠤᠨ ᠰᠦᠮ᠎ᠡ ᠠᠴᠠ ᠵᠢᠭᠡᠯᠡᠭᠦ ᠭᠡᠰᠡᠨ ᠳᠤ ᠵᠢᠷᠭᠤᠳᠤᠭᠠᠷ ᠲᠦᠷᠢ ᠶᠢᠨ ᠬᠤᠪᠢᠯᠭᠠᠨ ᠨᠢ ᠵᠢᠭᠡᠯᠡᠵᠦ ᠦᠭᠭᠦ ᠦᠭᠡᠢ ᠬᠡᠵᠡᠢ᠃ ᠢᠩᠭᠢᠭᠡᠳ ᠨᠤᠮ ᠵᠠᠯᠠᠬᠤ ᠪᠠᠷ ᠢᠷᠡᠭᠰᠡᠨ ᠬᠦᠮᠦᠨ ᠨᠢ ᠵᠢᠷᠭᠤᠭᠠᠨ ᠡᠮᠨᠢᠭ ᠬᠦᠲᠦᠯᠦᠨ ᠢᠷᠡᠵᠦ᠂ ᠰᠦᠮ᠎ᠡ ᠳᠤ ᠬᠤᠨᠤᠭᠯᠠᠭᠠᠳ ᠮᠠᠷᠭᠠᠰᠢ ᠨᠢ ᠨᠤᠮ  ᠢᠶᠠᠨ ᠵᠠᠯᠠᠵᠦ ᠶᠠᠪᠤᠬᠤ ᠪᠠᠷ ᠪᠠᠶᠢᠲᠡᠯ᠎ᠡ ᠶᠠᠭ ᠭᠤᠤᠯ ᠰᠦᠮ᠎ᠡ ᠳᠤᠨᠢ ᠭᠠᠯ ᠭᠠᠷᠴᠦ 108 ᠪᠤᠳᠢ ᠭᠠᠨᠵᠤᠤᠷ ᠠᠴᠠ ᠨᠢᠭᠡ ᠯᠡ ᠪᠤᠳᠢ ᠨᠢ ᠦᠯᠡᠲᠡᠵᠦ ᠦᠭᠡᠷ᠎ᠡ ᠪᠤᠰᠤᠳ ᠨᠢ ᠪᠦᠷ ᠰᠢᠲᠡᠵᠦ ᠲᠠᠭᠤᠰᠴᠠᠢ᠃ ᠬᠤᠵᠢᠮ ᠨᠢ ᠲᠤᠰ ᠰᠦᠮ᠎ᠡ  ᠶᠢ ᠰᠢᠨ᠎ᠡ ᠪᠠᠷ ᠵᠠᠰᠠᠵᠦ ᠪᠠᠷᠢᠵᠠᠢ᠃ ᠢᠩᠭᠢᠭᠡᠳ ᠯᠾᠠᠮᠦ ᠪᠤᠷᠬᠠᠨ ᠤ ᠪᠡᠶ᠎ᠡ ᠶᠢ ᠨᠢ ᠪᠦᠲᠦᠭᠡᠵᠦ ᠲᠤᠯᠤᠭᠠᠢ ᠶᠢ ᠨᠢ ᠪᠦᠲᠦᠭᠡᠭᠡᠳᠤᠢ ᠪᠠᠶᠢᠬᠤ ᠳᠤ ᠲᠡᠮᠡᠭᠡ ᠤᠨᠤᠭᠰᠡᠨ ᠭᠠᠭᠴᠠ ᠬᠡᠵᠢᠭᠡ ᠲᠠᠢ ᠨᠢᠭᠡ ᠬᠡᠦᠭᠡᠨ ᠢᠷᠡᠵᠦ ᠯᠠᠮᠠ ᠨᠠᠷ ᠠᠴᠠ ᠪᠤᠷᠬᠠᠨ ᠢᠶᠠᠨ ᠪᠦᠲᠦᠭᠡᠵᠦ ᠤᠤ︖ ᠭᠡᠵᠦ ᠠᠰᠠᠭᠤᠭᠰᠡᠨ ᠳᠤ᠂ ᠯᠠᠮᠠ ᠨᠠᠷ ᠪᠦᠷᠢᠨ ᠪᠦᠲᠦᠭᠡᠭᠡᠳᠤᠢ᠂ ᠮᠠᠷᠭᠠᠰᠢ ᠪᠦᠲᠦᠭᠡᠨ᠎ᠡ ᠭᠡᠵᠦ ᠬᠠᠷᠢᠭᠤᠯᠵᠠᠢ᠃ ᠲᠡᠷᠡ ᠭᠡᠦᠭᠡᠨ ᠡᠪᠦᠷ ᠠᠴᠠ ᠪᠠᠨ ᠭᠠᠭᠴᠡ ᠬᠡᠵᠢᠭᠡ ᠭᠠᠷᠭᠠᠵᠦ ᠯᠠᠮᠠ ᠳᠤ ᠦᠭᠭᠦᠭᠡᠳ᠂ ᠡᠭᠦᠨ ᠢ ᠪᠤᠷᠬᠠᠨ ᠤ ᠲᠤᠳᠤᠷ᠎ᠡ ᠬᠢᠵᠦ ᠲᠠᠯᠪᠢᠭᠠᠷᠠᠢ ᠭᠡᠵᠦ ᠬᠡᠯᠡᠭᠡᠳ ᠶᠠᠪᠤᠵᠠᠢ ᠬᠡᠨ᠎ᠡ᠃ ᠡᠨᠡ ᠬᠦ ᠭᠡᠵᠢᠭᠡ  ᠶᠢ ᠵᠢᠷᠭᠤᠳᠤᠭᠠᠷ ᠬᠤᠪᠢᠯᠭᠠᠨ ᠯᠠᠮᠠ ᠳᠤ ᠬᠦᠷᠭᠡᠵᠦ ᠤᠴᠢᠷ ᠢ ᠨᠢ ᠬᠡᠯᠡᠭᠰᠡᠨ ᠳᠤ᠂ ᠬᠤᠪᠢᠯᠭᠠᠨ ᠯᠠᠮᠠ ᠰᠤᠭᠤᠨᠳᠠᠢ  ᠶᠢᠨ ᠯᠠᠮᠠ ᠨᠠᠷ ᠬᠢᠭᠡᠳ ᠬᠡᠪᠭᠦᠢ᠂ ᠤᠮᠵᠠᠳ᠂ ᠲᠠᠭᠠᠭᠠᠮᠠᠯ᠂ ᠤᠮᠪᠠ᠂ ᠶᠡᠭᠡ ᠬᠡᠪ ᠤᠨ ᠨᠢᠷᠪᠡ ᠨᠠᠷ ᠢᠶᠠᠨ ᠲᠠᠭᠤᠳᠠᠵᠦ᠂ ᠲᠡᠷᠡ ᠬᠡᠦᠭᠡᠨ ᠢ ᠵᠠᠯᠠᠬᠤ ᠪᠠᠷ ᠲᠡᠮᠡᠭᠡ ᠤᠶᠠᠭᠰᠡᠨ ᠭᠠᠵᠠᠷ ᠲᠤᠨᠢ ᠤᠴᠢᠬᠰᠡᠨ ᠳᠤ ᠲᠡᠮᠡᠭᠡᠨ ᠤ ᠮᠦᠷ ᠴᠦ ᠦᠭᠡᠢ ᠪᠠᠶᠢᠯ᠎ᠡ᠃ ᠢᠩᠭᠢᠭᠡᠳ ᠡᠨᠡ ᠬᠡᠦᠭᠡᠨ ᠤ ᠶᠠᠪᠤᠬᠤ ᠶᠢ ᠨᠢ ᠤᠯᠵᠦ ᠦᠵᠡᠭᠰᠡᠨ ᠨᠢᠷᠪᠡ ᠠᠴᠠ ᠠᠰᠠᠭᠤᠭᠰᠡᠨ ᠳᠤ ᠵᠡᠭᠦᠨ ᠬᠠᠳᠠᠨ ᠲᠡᠭᠡᠷ᠎ᠡ ᠨᠡᠯᠢᠶᠠᠳ ᠬᠦᠨ ᠬᠢᠰᠬᠢᠭᠰᠡᠨ ᠲᠡᠮᠡᠭᠡᠨ ᠤ ᠨᠢᠭᠡ ᠲᠠᠪᠠᠭ ᠤᠨ ᠮᠦᠷ ᠪᠡ ᠪᠠᠰᠡ ᠨᠢᠭᠡ ᠪᠠᠯᠠᠷᠬᠠᠢ ᠰᠢᠭ᠋ ᠲᠡᠮᠡᠭᠡᠨ ᠤ ᠲᠠᠪᠠᠭ ᠤᠨ ᠮᠦᠷ ᠪᠠᠶᠢᠵᠦ ᠦᠭᠡᠷ᠎ᠡ ᠶᠠᠭᠤ ᠴᠦ ᠦᠵᠡᠭᠲᠡᠭᠰᠡᠨ ᠦᠭᠡᠢ ᠬᠡᠨ᠎ᠡ᠃ ᠡᠨᠡ ᠬᠦ ᠲᠡᠮᠡᠭᠡᠨ ᠤ ᠲᠠᠪᠠᠭ ᠤᠨ ᠮᠦᠷ ᠨᠢ ᠤᠳᠤ ᠪᠤᠯᠳᠠᠯ᠎ᠡ ᠬᠠᠳᠠᠨ ᠲᠡᠭᠡᠷ᠎ᠡ ᠲᠤᠳᠤᠷᠬᠠᠢ ᠪᠠᠶᠢᠵᠦ᠂ ᠬᠦᠨ ᠬᠢᠰᠬᠢᠭᠰᠡᠨ ᠮᠦᠷ ᠲᠤᠨᠢ ᠪᠠᠷᠤᠭ ᠨᠢᠭᠡ ᠲᠦᠮᠫᠠᠨ ᠤᠰᠤ ᠪᠠᠭᠳᠠᠵᠦ᠂ ᠪᠠᠯᠠᠷᠬᠠᠢ ᠰᠢᠭ᠋ ᠮᠦᠷ ᠲᠤᠨᠢ ᠬᠤᠶᠠᠷ ᠠᠶᠠᠭ᠎ᠠ ᠤᠰᠤ ᠪᠠᠭᠳᠠᠳᠠᠭ ᠪᠠᠶᠢᠨ᠎ᠡ᠃ ᠮᠠᠷᠭᠠᠰᠢ ᠨᠢ ᠡᠨᠡ ᠭᠡᠦᠭᠡᠨ ᠤ ᠵᠠᠬᠢᠬᠰᠡᠨ ᠶᠤᠰᠤᠭᠠᠷ ᠯᠾᠠᠮᠦ ᠪᠤᠷᠬᠠᠨ ᠢᠶᠠᠨ ᠪᠦᠲᠦᠭᠡᠵᠠᠢ᠃      ᠰᠢᠷᠡᠴᠢᠯᠠᠭᠤᠨ ᠰᠦᠮ᠎ᠡ ᠤᠤᠯ ᠤᠨ ᠰᠢᠨᠡᠪᠤᠯᠠᠭ ᠰᠤᠮᠤᠨ ᠤ ᠨᠠᠷᠡᠭᠡᠷᠡᠯ ᠭᠠᠴᠠᠭ᠎ᠠ ᠳᠤ ᠪᠠᠶᠢᠷᠢᠰᠢᠵᠦ᠂ ᠤᠳᠤ ᠨᠢᠭᠡᠨᠲᠡ ᠰᠦᠢᠳᠴᠦ ᠲᠠᠭᠤᠰᠤᠭᠠᠳ ᠵᠦᠪᠭᠡᠨ ᠯᠠᠪᠷᠤᠩ ᠪᠤᠯᠤᠨ ᠵᠠᠭᠦᠨ ᠲᠤᠭᠠᠩ ᠤᠨ ᠡᠪᠳᠠᠷᠭᠡᠢ ᠲᠤᠷᠦ ᠯᠡ ᠦᠯᠡᠲᠡᠵᠦ ᠪᠠᠶᠢᠨ᠎ᠡ᠃
 
ᠢᠷᠡᠯᠲᠡ᠄ ᠲᠠᠷᠬᠠᠨ ᠮᠤᠤᠮᠢᠩᠭᠠᠨ ᠤ ᠵᠠᠰᠠᠭ ᠤᠨ ᠤᠷᠳᠤᠨ ᠤ ᠮᠤᠩᠭᠤᠯ ᠰᠦᠯᠵᠢᠶ᠎ᠡ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号