ᠬᠠᠪᠤᠳᠤ ᠬᠠᠰᠠᠷ ᠤᠨ ᠲᠠᠬᠢᠯᠭ᠎ᠠ ᠶᠢᠨ ᠶᠤᠰᠤᠯᠡᠯ
ᠨᠡᠶᠢᠲᠡᠯᠡᠭᠰᠡᠨ ᠴᠠᠭ᠄
2019-09-10
     ᠬᠠᠰᠠᠷ᠂ ᠶᠢᠰᠦᠭᠡᠢ ᠪᠠᠭᠠᠳᠤᠷ ᠤᠨ ᠬᠤᠶᠠᠳᠤᠭᠠᠷ ᠬᠦᠪᠡᠭᠦᠨ᠂ ᠨᠢᠭᠡᠨ ᠦᠶ᠎ᠡ ᠶᠢᠨ ᠲᠡᠭᠷᠢᠯᠢᠭ ᠬᠦᠪᠡᠭᠦᠨ ᠴᠢᠩᠭᠢᠰ ᠬᠠᠭᠠᠨ ᠤ ᠲᠦᠷᠦᠭᠰᠡᠨ ᠲᠡᠭᠦᠦ᠃ 1164 ᠤᠨ ︵ᠬᠦᠭᠡ ᠪᠠᠴᠢᠨ ᠵᠢᠯ︶ ᠳᠤ ᠲᠦᠷᠦᠵᠦ᠂ 1127 ᠤᠨ  ᠳᠤ ᠨᠠᠰᠦ ᠪᠠᠷᠡᠪᠡ᠃ ᠲᠡᠷᠡ ᠬᠠᠷᠠᠬᠠᠨ ᠪᠠᠭ᠎ᠠ ᠠᠴᠠ ᠪᠠᠨ ᠠᠬ᠎ᠠ ᠲᠡᠮᠦᠵᠢᠨ ︵ᠴᠢᠩᠭᠢᠰ ᠬᠠᠭᠠᠨ︶ ᠢ ᠲᠠᠭᠠᠵᠦ᠂ ᠮᠤᠩᠭᠤᠯ ᠦᠨᠳᠦᠰᠦᠲᠡᠨ ᠤ ᠬᠦᠴᠦᠷᠭᠡᠭᠵᠢᠯ ᠪᠡ ᠮᠤᠩᠭᠤᠯ ᠤᠨ ᠶᠡᠭᠡ ᠬᠠᠭᠠᠨᠲᠦ ᠲᠦᠷᠦ ᠶᠢ ᠪᠠᠶᠢᠭᠤᠯᠬᠤ ᠦᠢᠯᠡᠰ  ᠤᠨ ᠲᠦᠯᠦᠭᠡ ᠪᠠᠯᠡᠷᠡᠰᠢ ᠦᠭᠡᠢ ᠭᠠᠪᠢᠶ᠎ᠡ ᠵᠢᠳᠭᠦᠯ ᠦᠵᠡᠭᠦᠯᠦᠭᠰᠡᠨ ᠶᠤᠮ᠃ ᠮᠤᠩᠭᠤᠯ ᠤ ᠲᠡᠦᠭᠡᠨ ᠳᠠᠬᠢ ᠰᠢᠯᠭᠠᠷᠠᠭᠰᠡᠨ ᠴᠡᠷᠢᠭ ᠤᠨ ᠶᠠᠪᠤᠳᠡᠯ ᠤᠨ ᠲᠦᠩᠱᠦᠸᠠᠢ ᠮᠦᠨ᠃      ︽ᠮᠤᠩᠭᠤᠯ ᠤᠨ ᠨᠢᠭᠤᠴᠡ ᠲᠤᠪᠴᠢᠶᠡᠨ︾ ᠳᠤ ᠬᠠᠰᠠᠷ ᠢ ᠵᠦᠴᠢ ᠬᠠᠰᠠᠷ ᠭᠡᠲᠡᠭ᠃ ᠵᠦᠴᠢ ᠪᠤᠯ ᠲᠡᠭᠦᠨ ᠤ ᠨᠡᠷ᠎ᠡ ᠮᠦᠨ᠃ ᠬᠠᠰᠡᠷ ᠪᠤᠯ ᠰᠠᠨᠰᠺᠷᠢᠲ ᠦᠭᠡ ᠮᠦᠨ᠂ ᠠᠷᠰᠯᠡᠠ ᠤ ᠰᠠᠬᠠᠮᠠᠢ ᠪᠤᠶᠦ ᠠᠷᠰᠯᠠᠨ ᠭᠡᠬᠦ ᠤᠳᠬ᠎ᠠ ᠲᠠᠢ᠃ ᠹᠷᠠᠨᠼᠢ ᠶᠢᠨ ᠡᠷᠲᠡᠮᠲᠡᠨ ᠫᠦ᠂ ᠫᠤᠩᠷᠢᠯ ︵ᠠᠪᠢᠶᠠᠴᠢᠯᠡᠪᠡ︶ ᠬᠠᠰᠠᠷ ᠢ ︽ᠬᠠᠰᠠᠷ ᠨᠤᠬᠠᠢ︾ ᠶᠢᠨ ᠬᠠᠰᠠᠷ ᠭᠡᠵᠦ ᠦᠵᠡᠲᠡᠭ᠃ ᠬᠠᠰᠠᠷ ᠬᠡᠵᠦ ᠤᠤᠯ ᠨᠢ ᠭᠠᠵᠠᠷ ᠤᠨ ᠨᠡᠷ᠎ᠡ᠂ ︽ᠬᠠᠭᠤᠴᠢᠨ ᠲᠡᠩ ᠤᠯᠤᠰ ᠤᠨ ᠪᠢᠴᠢᠭ︾ ᠳᠠᠬᠢ ᠬᠠᠰᠠᠷ ᠤᠯᠤᠰ ᠬᠡᠲᠡᠭ ᠨᠢ ᠤᠳᠤ ᠶᠢᠨ ᠢᠰᠫᠠᠨᠢ ᠮᠦᠨ᠂ ᠡᠨᠡ ᠭᠠᠵᠠᠷ ᠲᠤ ᠲᠤᠬᠰᠢᠨ ᠰᠦᠷ ᠲᠠᠢ ᠨᠢᠭᠡ ᠵᠦᠢᠯ ᠤᠨ ᠨᠤᠬᠠᠢ ᠪᠠᠶᠢᠳᠠᠭ ᠢ ᠬᠠᠰᠠᠷ ᠨᠤᠬᠠᠢ ᠬᠡᠲᠡᠭ ᠡᠭᠦᠪᠡᠷ ᠲᠦᠰᠦᠭᠡᠯᠡᠬᠦ ᠳᠤ ︽ᠬᠠᠰᠠᠷ︾ ᠭᠡᠲᠡᠭ ᠦᠭᠡᠨ ᠳᠤ ᠲᠤᠬᠰᠢᠨ ᠰᠢᠷᠦᠭᠦᠨ᠂ ᠬᠠᠳᠠᠭᠤ ᠲᠤᠬᠰᠢᠨ ᠤᠳᠬ᠎ᠠ ᠪᠤᠢ᠃ ᠬᠠᠪᠤᠲᠦ ᠬᠡᠰᠡᠨ ᠨᠢ ᠡᠷᠲᠡᠨ ᠤ ᠬᠢᠲᠡᠨ ᠦᠭᠡ ᠮᠦᠨ᠂ ᠬᠠᠷᠪᠤᠭᠠᠴᠢ ᠭᠡᠰᠡᠨ ᠤᠳᠬ᠎ᠠ ᠲᠠᠢ᠃ ᠵᠦᠴᠢ ᠬᠠᠰᠠᠷ ᠬᠠᠷᠠᠬᠠᠨ ᠪᠠᠭ᠎ᠠ ᠠᠴᠠ ᠪᠠᠨ ᠬᠠᠷᠪᠤᠵᠦ ᠨᠠᠮᠨᠠᠬᠤ ᠳᠤ ᠴᠢᠳᠠᠮᠠᠭᠠᠢ᠂ ᠬᠠᠷᠪᠤᠭ᠎ᠠ ᠪᠤᠯᠭᠠᠨ ᠳᠤ ᠠᠯᠳᠠᠰᠢ ᠦᠭᠡᠢ ᠤᠨᠤᠪᠴᠢᠲᠠᠢ ᠮᠡᠷᠭᠡᠨ ᠪᠠᠶᠢᠳᠠᠭ ᠠᠴᠠ ᠬᠦᠮᠦᠰ ᠲᠡᠭᠦᠨ ᠢ ᠬᠠᠪᠤᠲᠦ ᠬᠠᠰᠠᠷ ᠭᠡᠮᠡᠨ ᠨᠡᠷᠡᠯᠡᠲᠡᠭ ᠪᠠᠶᠢᠵᠠᠢ᠃      1206 ᠤᠨ ᠳᠤ᠂ ᠴᠢᠩᠭᠢᠰ ᠬᠠᠭᠠᠨ ᠮᠤᠩᠭᠤᠯ ᠤᠨ ᠦᠨᠳᠦᠷᠯᠢᠭ ᠢ ᠨᠢᠭᠡᠳᠭᠡᠭᠰᠡᠨ ᠤ ᠲᠠᠷᠠᠭ᠎ᠠ᠂ ᠤᠨᠤᠨ ᠮᠦᠷᠡᠨ ᠤ ᠬᠦᠪᠡᠭᠡᠨ ᠳᠤ ᠦᠪᠡᠲᠡᠭᠰᠢ ᠶᠡᠭᠡ ᠬᠤᠷᠠᠯᠳᠠᠢ ᠪᠤᠯᠵᠦ᠂ ᠮᠤᠩᠭᠤᠯ ᠤᠨ ᠶᠡᠭᠡ ᠬᠠᠭᠠᠨᠲᠦ ᠤᠯᠤᠰ ᠢ ᠪᠠᠶᠢᠭᠤᠯᠤᠭᠠᠳ᠂ ᠦᠩᠭᠡᠷᠡᠭᠰᠡᠨ ᠤ ᠮᠤᠩᠭᠤᠯ ᠤᠨ ᠬᠠᠭᠤᠴᠢᠨ ᠲᠦᠷᠢᠮ ᠢ ᠦᠭᠡᠷᠡᠴᠢᠯᠡᠵᠦ᠂ ᠮᠢᠩᠭᠠᠲᠦ ᠶᠢᠨ ᠡᠷᠦᠭᠡ  ᠶᠢᠨ ᠲᠦᠷᠢᠮ ᠢ ᠬᠡᠷᠡᠭᠵᠢᠭᠦᠯᠦᠨ᠂ ᠲᠡᠭᠦᠨ ᠤ ᠠᠯᠳᠠᠨ ᠤᠷᠤᠭ ᠤᠨ ᠪᠦᠷᠢᠯᠳᠤᠭᠦᠨ ᠬᠢᠭᠡᠳ ᠤᠯᠠᠨ ᠲᠦᠰᠢᠮᠡᠳ  ᠲᠡᠭᠡᠨ ᠲᠤᠰᠪᠦᠷᠢ ᠭᠠᠵᠠᠷ ᠰᠢᠷᠤᠢ᠂ ᠬᠠᠷᠢᠶᠠᠲᠦ ᠢᠷᠭᠡᠨ ᠬᠤᠪᠢᠶᠠᠨ ᠤᠯᠭᠤᠭᠰᠡᠨ ᠪᠦᠭᠡᠳ ᠪᠠᠰᠡ ᠬᠦᠯᠦᠨ ᠨᠠᠭᠤᠷ  ᠤᠨ ᠤᠷᠴᠢᠮ ᠬᠢᠭᠡᠳ ᠡᠷᠭᠦᠨ᠎ᠡ ᠭᠤᠤᠯ᠂ ᠬᠠᠶᠢᠯᠠᠷ ᠭᠤᠤᠯ ᠤᠨ ᠰᠡᠪᠡ ᠭᠠᠵᠠᠷ ᠢᠶᠠᠷ ᠡᠵᠡᠮᠰᠢᠯ ᠭᠠᠵᠠᠷ ᠪᠤᠯᠭᠠᠭᠰᠡᠨ ᠲᠦᠷᠪᠠᠨ ᠮᠢᠩᠭᠠᠨ ᠡᠷᠦᠭᠡ ᠬᠠᠷᠢᠶᠠᠲᠦ ᠢᠷᠭᠡᠨ ᠢ ᠬᠠᠪᠤᠳᠤ ᠬᠠᠰᠠᠷ ᠲᠤ ᠡᠷᠭᠦᠮᠵᠢᠯᠠᠨ ᠦᠭᠪᠡ᠃ ᠬᠤᠵᠢᠮ ᠨᠢ ᠤᠤᠯ  ᠤᠨ ᠵᠢᠷᠢᠮ ᠠᠶᠢᠮᠠᠭ ᠤᠨ ᠠᠷᠪᠠᠨ ᠬᠤᠰᠢᠭᠤ᠂ ᠠᠷᠦ ᠬᠤᠷᠴᠢᠨ ᠬᠤᠰᠢᠭᠤ᠂ ᠤᠷᠠᠳ ᠤᠨ ᠭᠤᠷᠪᠠᠨ ᠬᠤᠰᠢᠭᠤ᠂ ᠲᠦᠷᠪᠠᠳ᠂ ᠮᠤᠤᠮᠢᠩᠭᠠᠨ ᠬᠤᠰᠢᠭᠤ ᠵᠡᠷᠭᠡ ᠠᠷᠪᠠᠨ ᠵᠢᠷᠭᠤᠭᠠᠨ ᠬᠤᠰᠢᠭᠤ ᠶᠢᠨ ᠲᠡᠭᠡᠳᠤᠰ ᠢ ᠪᠠᠭᠳᠠᠭᠠᠭᠰᠡᠨ ᠨᠠᠢᠮᠠᠨ ᠠᠶᠢᠮᠠᠭ ᠤᠬᠰᠠᠭ᠎ᠠ ᠪᠤᠯᠵᠦ ᠬᠦᠭᠵᠢᠪᠡ᠃ ᠲᠡᠭᠦᠨ ᠤ ᠲᠤᠳᠤᠷ᠎ᠡ᠂ ᠮᠤᠤᠮᠢᠩᠭᠠᠨ ᠠᠶᠢᠮᠠᠭ ᠨᠢ ᠲᠤᠬᠳᠠᠭᠰᠡᠨ ᠬᠤᠭᠤᠴᠠᠭ᠎ᠠ ᠲᠠᠢ ᠪᠠᠷ ᠲᠡᠭᠡᠳᠣᠰ ᠬᠠᠪᠤᠳᠤ ᠬᠠᠰᠠᠷ ᠢᠶᠠᠨ ᠲᠠᠬᠢᠬᠤ ᠤᠯᠠᠮᠵᠢᠯᠠᠯᠲᠦ ᠲᠠᠳᠬᠠᠯ ᠲᠠᠢ ᠪᠠᠶᠢᠬᠰᠠᠭᠠᠷ ᠢᠷᠡᠭᠰᠡᠨ ᠪᠢᠯᠡ᠃ 1633 ᠤᠨ ᠳᠤ᠂ ᠮᠤᠤᠮᠢᠩᠭᠠᠨ ᠠᠶᠢᠮᠠᠭ ᠤᠨ ᠠᠬᠠᠯᠠᠬᠴᠢ ᠴᠡᠭᠡᠨ ᠪᠤᠯᠤᠨ ᠲᠡᠭᠦᠨ ᠤ ᠠᠪᠠᠭ᠎ᠠ ᠬᠦᠮᠦ ᠪᠠᠭᠠᠳᠤᠷ ᠬᠠᠷᠢᠶᠠᠲᠦ ᠠᠶᠢᠮᠠᠭ ᠢᠶᠠᠨ ᠲᠠᠭᠠᠭᠤᠯᠵᠦ ᠬᠤᠶᠢᠲᠦ ᠠᠯᠳᠠᠨ ᠤᠯᠤᠰ ᠲᠤ ᠲᠠᠭᠠᠷ᠎ᠡ ᠤᠷᠤᠭᠰᠡᠨ ᠦᠶ᠎ᠡ ᠳᠤ᠂ ᠬᠠᠪᠤᠳᠤ ᠬᠠᠰᠠᠷ ᠤᠨ ᠲᠠᠬᠢᠯᠭ᠎ᠠ ᠶᠢᠨ ᠦᠷᠭᠦᠭᠡ ︵ᠲᠠᠩᠬᠢᠮ︶ ᠶᠢ ᠠᠶᠢᠮᠠᠭ ᠤᠯᠠᠨ ᠲᠠᠢ ᠪᠠᠨ ᠲᠠᠭᠠᠭᠤᠯᠵᠦ ᠵᠠᠩᠬᠢ ᠶᠢᠨ ᠡᠮᠦᠨ᠎ᠡ ᠲᠡᠯ᠎ᠡ ︵ᠤᠳᠤ ᠶᠢᠨ ᠪᠤᠭᠤᠲᠦ ᠶᠢᠨ ᠲᠡᠭᠦᠷᠭᠡ︶ ᠳᠤ ᠨᠡᠭᠦᠯᠭᠡᠨ ᠠᠪᠴᠢᠷᠠᠵᠦ᠂ ᠬᠤᠵᠢᠮ ᠨᠢ ᠴᠢᠩ ᠤᠯᠤᠰ ᠤᠨ ᠵᠠᠰᠠᠭ ᠤᠨ ᠭᠠᠵᠠᠷ ᠮᠤᠩᠭᠤᠯ ᠬᠤᠰᠢᠭᠤᠨ ᠤ ᠮᠠᠯᠵᠢᠯ ᠤᠨ ᠲᠠᠯᠠᠪᠠᠢ ᠳᠤ ᠠᠳᠠᠷ ᠬᠠᠭᠠᠯᠪᠦᠷᠢᠯᠠᠭᠰᠡᠨ ᠢ ᠲᠠᠭᠠᠯᠳᠤᠨ᠂ ᠬᠠᠪᠤᠳᠤ ᠬᠠᠰᠠᠷ ᠤᠨ ᠲᠠᠬᠢᠯᠭ᠎ᠠ ᠶᠢᠨ ᠦᠷᠭᠦᠭᠡ ᠴᠦ ᠤᠮᠠᠷᠠᠰᠢ ᠪᠠᠨ ᠲᠠᠬᠢᠨ ᠲᠠᠬᠢᠨ ᠨᠡᠭᠦᠭᠰᠡᠨ ᠶᠤᠮ᠃ ︽ᠰᠤᠶᠤᠯ ᠤᠨ ᠶᠡᠭᠡ ᠬᠤᠪᠢᠰᠬᠠᠯ︾ ᠤᠨ ᠲᠤᠮᠲᠡ ᠬᠦᠨᠲᠦ ᠨᠤᠴᠢᠲᠠᠢ ᠡᠪᠳᠡᠭᠳᠡᠭᠰᠡᠨ ᠶᠤᠮ᠃      ᠨᠢᠭᠡ᠂ ᠲᠠᠬᠢᠯᠭ᠎ᠠ ᠶᠢᠨ ᠰᠢᠲᠦᠭᠡᠨ ᠤ ᠡᠳ᠋      ᠲᠠᠬᠢᠯᠭ᠎ᠠ ᠶᠢᠨ ᠲᠠᠩᠭᠢᠮ ᠢ ᠪᠤᠷᠬᠠᠨ ᠦᠷᠭᠦᠭᠡ ᠬᠡᠵᠦ ᠨᠡᠷᠡᠯᠡᠲᠡᠭ᠂ ᠤᠤᠯ ᠨᠢ ᠲᠠᠪᠤᠨ ᠬᠠᠨᠠᠲᠦ ᠴᠤᠯ ᠴᠠᠭᠠᠨ ᠮᠤᠩᠭᠤᠯ ᠭᠡᠷ ᠪᠠᠶᠢᠬᠰᠡᠨ ᠶᠤᠮ᠃ ᠮᠤᠩᠭᠤᠯ ᠭᠡᠷ ᠤᠨ ᠲᠤᠭᠤᠷᠭ᠎ᠠ ᠶᠢ ᠡᠯᠲᠡᠪ ᠰᠤᠷ ᠪᠤᠶᠦ ᠲᠡᠮᠲᠡᠭ ᠦᠭᠡᠢ ᠴᠠᠭᠠᠨ ᠨᠤᠤᠯᠤᠭᠤᠷ ᠢᠶᠠᠷ ᠬᠢᠲᠡᠭ ᠪᠢᠯᠡ᠃ ᠬᠡᠪᠡᠴᠦ ᠲᠡᠷᠡ ᠨᠢ ᠮᠠᠨ ᠤ ᠦᠷᠭᠦᠯᠵᠢ ᠤᠯᠵᠦ ᠬᠠᠷᠠᠳᠠᠭ ᠮᠤᠩᠭᠤᠯ ᠭᠡᠷ ᠲᠠᠢ ᠠᠳᠠᠯᠢ ᠪᠤᠰᠤ ᠪᠠᠶᠢᠵᠦ᠂ ᠲᠠᠶ᠋ᠢᠯᠭ᠎ᠠ᠂ ᠪᠦᠰᠡᠯᠡᠭᠦᠷ ᠦᠭᠡᠢ ᠴᠤᠯ ᠴᠠᠭᠠᠨ ᠮᠤᠩᠭᠤᠯ ᠭᠡᠷ ᠬᠡᠲᠡᠭ ᠶᠤᠮ᠃ ᠮᠤᠩᠭᠤᠯ ᠭᠡᠷ  ᠤᠨ ᠲᠤᠭᠤᠨᠤ ᠲᠡᠭᠡᠷ᠎ᠡ ᠨᠢ ᠠᠯᠳᠠᠨ ᠭᠠᠨᠵᠢᠷ᠎ᠡ ᠲᠠᠢ᠂ ᠭᠡᠷ ᠤᠨ ᠡᠮᠦᠨᠡᠬᠢ ᠲᠡᠭᠰᠢᠭᠡᠨ ᠴᠢᠯᠠᠭᠤᠨ ᠲᠡᠭᠡᠷ᠎ᠡ ᠲᠠᠮᠦᠷ ᠬᠦᠯᠢᠰ ᠲᠠᠯᠪᠢᠵᠦ᠂ ᠲᠡᠭᠰᠢᠭᠡᠨ ᠴᠢᠯᠠᠭᠤᠨ ᠤ ᠲᠡᠷᠭᠡᠲᠡ ᠨᠢᠬᠡᠨᠲᠡ ᠵᠠᠷᠤᠵᠦ ᠬᠠᠭᠤᠴᠢᠷᠠᠬᠰᠡᠨ ᠲᠡᠭᠡᠪᠦᠷ ᠲᠤᠭᠤᠷᠭ᠎ᠠ ︵ᠲᠡᠭᠡᠪᠦᠷ ᠲᠤᠭᠤᠷᠭ᠎ᠠ ᠶᠢ ᠭᠤᠷᠪᠠᠨ ᠵᠢᠯ ᠳᠤ ᠨᠢᠭᠡ ᠰᠤᠯᠢᠨ᠎ᠡ︶ ᠶᠢ ᠱᠠᠳᠤᠯᠵᠢᠨ ᠬᠡᠯᠪᠡᠷᠢ ᠲᠠᠢ ᠪᠠᠷ ᠵᠠᠷᠭᠡᠯᠡᠨ ᠲᠠᠯᠪᠢᠨ᠎ᠡ᠃ ᠦᠷᠭᠦᠭᠡ ᠶᠢᠨ ᠵᠠᠭᠦᠨ ᠲᠡᠯ᠎ᠡ ᠶᠢᠨ ᠲᠤᠪᠤᠷᠴᠠᠭ ᠲᠡᠭᠡᠷ᠎ᠡ ᠤᠤᠯ ᠤᠨ ᠮᠤᠤᠮᠢᠩᠭᠠᠨ ᠬᠤᠰᠢᠭᠤᠨ ᠤ ᠲᠦᠷᠪᠠᠨ ᠰᠤᠮᠤ ᠶᠢᠨ ︽ᠰᠢᠭᠦᠰᠦ︾ ᠴᠢᠨᠠᠬᠤ ᠳᠤ ᠬᠡᠷᠡᠭᠯᠡᠲᠡᠭ ᠲᠦᠷᠪᠠᠨ ᠲᠤᠭᠤᠭ᠎ᠠ ᠶᠢ ᠬᠦᠮᠦᠷᠢᠵᠦ ᠪᠠᠶᠢᠳᠠᠭ᠂ ᠲᠠᠬᠢᠯᠭ᠎ᠠ ᠶᠢᠨ ᠶᠤᠰᠤᠯᠠᠯ ᠤᠨ ᠦᠶ᠎ᠡ ᠳᠤ ᠭᠤᠷᠪᠠᠨ ᠴᠢᠯᠠᠭᠤ ᠦᠷᠦᠵᠦ ᠲᠠᠯᠪᠢᠭᠠᠳ᠂ ᠲᠤᠭᠤᠭ᠎ᠠ ᠪᠠᠨ ᠲᠠᠯᠪᠢᠵᠦ ︽ᠰᠢᠭᠦᠰᠦ︾ ᠪᠠᠨ ᠴᠢᠨᠠᠳᠠᠭ ᠪᠢᠯᠡ᠃      ᠦᠷᠭᠦᠭᠡᠨ ᠲᠤᠳᠤᠷ᠎ᠡ᠂ ᠴᠠᠭᠠᠨ ᠢᠰᠡᠭᠡᠢ ᠲᠦᠭᠦᠷᠲᠡᠯ᠎ᠡ ᠲᠡᠪᠢᠰᠳᠡᠭ᠃ ᠲᠠᠪᠤᠨ ᠲᠤᠬᠤᠢ ᠦᠨᠳᠦᠷ ᠮᠤᠳᠤᠨ ᠬᠦᠩᠭᠠᠷᠡᠪᠡ ᠲᠤᠳᠤᠷ᠎ᠡ ᠴᠠᠭᠠᠨ ᠪᠦᠰ ᠤᠨ ᠲᠡᠭᠡᠷ᠎ᠡ ᠤᠯᠠᠭᠠᠨ ᠢᠶᠠᠷ ᠵᠢᠷᠤᠭᠰᠡᠨ ︽ᠬᠠᠰᠠᠷ ᠤᠨ ᠲᠤᠬᠰᠢᠨ ᠬᠦᠷᠦᠭ︾ ᠪᠤᠯᠤᠨ ︽ᠬᠠᠰᠠᠷ ᠤᠨ ᠠᠮᠤᠷᠯᠢᠩᠭᠤᠢ ᠬᠦᠷᠦᠭ︾ ᠢ ᠡᠯᠭᠦᠵᠦ ᠪᠠᠶᠢᠳᠠᠭ᠃ ᠰᠤᠨᠤᠰᠤᠯᠲᠡ ᠪᠠᠷ ᠡᠨᠡ ᠬᠦᠷᠦᠭ ᠢ ᠬᠠᠰᠠᠷ  ᠤᠨ ᠵᠢᠷᠦᠭᠡᠨ ᠤ ᠴᠢᠰᠦ ᠪᠠᠷ ᠵᠢᠷᠤᠵᠦ ᠪᠦᠲᠦᠭᠡᠭᠰᠡᠨ ᠬᠡᠲᠡᠭ᠃ ᠬᠠᠰᠠᠷ ᠤᠨ ᠨᠤᠮᠤ ᠰᠤᠮᠤ ᠪᠤᠯᠤᠨ ᠰᠤᠮᠤᠨ ᠤ ᠬᠤᠪᠲᠦ ᠶᠢ ᠬᠦᠩᠭᠠᠷᠠᠪᠡ ᠶᠢᠨ ᠪᠠᠷᠠᠭᠤᠨ ᠲᠡᠯ᠎ᠡ ᠳᠤ ᠲᠠᠯᠪᠢᠵᠦ ᠪᠠᠶᠢᠳᠠᠭ᠃ ᠡᠨᠡ ᠬᠤᠶᠠᠷ ᠡᠯᠭᠦᠬᠡᠰᠦᠲᠠᠢ ᠬᠠᠪᠤᠲᠦ ᠬᠠᠰᠠᠷ ᠤᠨ ᠬᠦᠷᠦᠭ ᠪᠤᠯᠤᠨ ᠨᠤᠮᠤ ᠰᠤᠮᠤ ᠪᠤᠯ ᠬᠠᠪᠤᠳᠤ ᠬᠠᠰᠠᠷ ᠤᠨ ᠲᠠᠬᠢᠯᠭ᠎ᠠ ᠶᠢᠨ ᠶᠤᠰᠤᠯᠡᠯ ᠤᠨ ᠰᠢᠲᠦᠭᠡᠨ ᠮᠦᠨ᠃      ᠭᠤᠤᠯ ᠰᠢᠲᠦᠭᠡᠨ ᠤ ᠡᠮᠦᠨ᠎ᠡ ᠵᠤᠨᠳᠠᠷ ︵ᠤᠷᠲᠦ ᠬᠤᠭᠤᠴᠠᠭ᠎ᠠ ᠪᠠᠷ ᠲᠠᠬᠢᠳᠠᠭ ᠡᠬᠡᠯᠵᠢ ᠶᠢᠨ ᠰᠠᠬᠢᠭᠤᠰᠦ︶ ᠬᠡᠲᠡᠭ ᠭᠤᠯᠢᠷ ᠬᠦᠮᠦᠨ᠂ ᠴᠢᠮᠠᠷ ︵ᠠᠷᠪᠠᠢ ᠶᠢᠨ ᠭᠤᠯᠢᠷ ᠪᠤᠯᠤᠨ ᠰᠢᠷ᠎ᠡ ᠲᠤᠰᠤ ᠪᠠᠷ ᠦᠢᠯᠡᠳᠦᠭᠰᠡᠨ ᠲᠠᠬᠢᠯ ᠤᠨ ᠡᠳ᠋︶ ᠪᠤᠯᠤᠨ ᠲᠠᠬᠢᠯ ᠤᠨ ᠤᠰᠤ ᠲᠠᠢ ᠨᠠᠢᠮᠠᠨ ᠮᠦᠩᠭᠦᠨ ᠴᠦᠬᠦᠴᠡ ᠲᠠᠯᠪᠢᠵᠦ ᠪᠠᠶᠢᠳᠠᠭ᠃ ᠡᠭᠦᠨ ᠤ ᠲᠤᠳᠤᠷᠡᠬᠢ ᠲᠦᠷᠪᠠᠯᠵᠢᠨ ᠲᠡᠪᠰᠡᠭ ᠲᠡᠭᠡᠷ᠎ᠡ ᠵᠡᠰ ᠬᠦᠯᠢᠰ ᠲᠠᠯᠪᠢᠵᠦ᠂ ᠰᠢᠲᠦᠭᠡᠨ ᠤ ᠡᠮᠦᠨ᠎ᠡ ᠤᠯᠠᠨ ᠵᠦᠢᠯ ᠤᠨ ᠦᠩᠭᠡ ᠲᠠᠢ ᠭᠭᠢᠪ ᠲᠤᠷᠳᠤᠩ ᠪᠤᠯᠤᠨ ᠬᠠᠳᠠᠭ ᠡᠯᠭᠦᠵᠦ ᠪᠠᠶᠢᠳᠠᠭ᠃ ᠬᠦᠩᠭᠠᠷᠠᠪᠡ ᠶᠢᠨ ᠵᠡᠭᠦᠨ ᠲᠡᠯ᠎ᠡ ᠶᠢᠨ ᠤᠷᠳᠤ ᠮᠤᠳᠤᠨ ᠬᠠᠶᠢᠷᠴᠠᠭ ᠲᠤᠳᠤᠷ᠎ᠡ ᠲᠠᠪᠢ ᠵᠢᠷᠠᠨ ᠭᠠᠦᠯᠢᠨ ᠵᠤᠯᠠ ᠰᠠᠪᠠᠯᠠᠵᠦ ᠪᠠᠶᠢᠳᠠᠭ᠃ ᠮᠤᠳᠤᠨ ᠬᠠᠶᠢᠷᠴᠠᠭ ᠤᠨ ᠲᠡᠭᠡᠷ᠎ᠡ ᠠᠯᠳᠠ ᠪᠠᠷ ᠪᠤᠯᠬᠠᠵᠦ ᠪᠢᠴᠢᠭᠰᠡᠨ ᠮᠤᠩᠭᠤᠯ ᠬᠡᠯᠡᠨ ᠤ ︽ᠪᠤᠬᠲᠡ ᠡᠵᠡᠨ ᠴᠢᠩᠭᠢᠰ ᠬᠠᠭᠠᠨ ᠤ ᠲᠠᠶᠢᠯᠠᠯᠭ᠎ᠠ︾ ᠪᠤᠯᠤᠨ ︽ᠴᠢᠩᠭᠢᠰ ᠬᠠᠭᠠᠨ ᠤ ᠠᠯᠳᠠᠨ ᠤᠷᠤᠭ ᠤᠨ ᠦᠶ᠎ᠡ ᠵᠠᠯᠭᠠᠮᠵᠢᠯᠠᠬᠰᠡᠨ ᠴᠠᠳᠢᠭ︾ ᠢ ᠲᠠᠯᠪᠢᠵᠦ ᠪᠠᠶᠢᠳᠠᠭ᠃ ᠦᠷᠭᠦᠭᠡ  ᠶᠢᠨ ᠵᠡᠭᠦᠨ ᠡᠮᠦᠨ᠎ᠡ᠂ ᠪᠠᠷᠠᠭᠤᠨ ᠡᠮᠦᠨ᠎ᠡ ᠦᠨᠴᠦᠭ ᠲᠤ ᠲᠠᠬᠢᠯᠭ᠎ᠠ ᠶᠢᠨ ︽ᠰᠢᠭᠦᠰᠦ︾ ᠰᠠᠪᠠᠯᠠᠬᠤ ᠳᠤ ᠬᠡᠷᠡᠭᠯᠡᠬᠦ ᠬᠤᠶᠠᠷ ᠲᠤᠮᠤ ᠮᠤᠳᠤᠨ ᠲᠡᠪᠰᠢ ᠪᠡᠯᠡᠳᠭᠡᠵᠦ ᠲᠠᠯᠪᠢᠵᠠᠢ᠃ ᠰᠢᠷ᠎ᠡ ᠶᠢᠨ ᠱᠠᠰᠢᠨ ᠮᠤᠩᠭᠤᠯ ᠤᠷᠤᠨ ᠳᠤ ᠲᠡᠯᠭᠡᠷᠡᠭᠰᠡᠨ  ᠤ ᠲᠠᠷᠠᠭ᠎ᠠ᠂ ᠲᠠᠬᠢᠯᠭ᠎ᠠ ᠶᠢᠨ ᠶᠤᠰᠤᠯᠠᠯ ᠳᠠᠭᠠᠨ ᠨᠤᠮ ᠤᠩᠰᠢᠬᠤ ᠬᠤᠶᠠᠷ ᠯᠠᠮᠠ ᠵᠠᠯᠠᠵᠦ ᠡᠬᠢᠯᠡᠭᠰᠡᠨ ᠶᠤᠮ᠃ ᠡᠶᠢᠮᠦ  ᠠᠴᠠ ᠬᠦᠩᠭᠠᠷᠡᠪᠡ ᠶᠢᠨ ᠬᠤᠶᠠᠷ ᠲᠡᠯ᠎ᠡ ᠳᠤ ᠯᠠᠮᠠ ᠶᠢᠨ ᠰᠠᠭᠤᠬᠤ ᠬᠤᠶᠠᠷ ᠰᠠᠭᠤᠳᠡᠯ ᠨᠡᠮᠡᠭᠰᠡᠨ ᠶᠤᠮ᠃      ᠬᠠᠪᠤᠲᠦ ᠬᠠᠰᠠᠷ ᠤᠨ ᠲᠠᠬᠢᠯᠭ᠎ᠠ ᠶᠢᠨ ᠠᠵᠢᠯᠯᠠᠭ᠎ᠠ ᠨᠢ ᠵᠢᠯ ᠪᠦᠷᠢ ᠠᠳᠠᠯᠢ ᠪᠤᠰᠤ ᠬᠡᠪᠴᠢᠶᠡᠨ ᠳᠤ ᠲᠠᠪᠤᠨ ᠵᠦᠢᠯ ᠤᠨ ᠲᠠᠬᠢᠯᠭ᠎ᠠ ᠶᠢᠨ ᠶᠤᠰᠤᠯᠡᠯ ᠬᠦᠢᠴᠡᠳᠭᠡᠲᠡᠭ ᠪᠠᠶᠢᠪᠡ᠃ ᠲᠤᠬᠠᠶᠢᠯᠠᠪᠡᠯ᠂ ᠪᠢᠯᠢᠭ ᠤᠨ ᠤᠯᠠᠷᠢᠯ ᠤᠨ ᠬᠤᠶᠠᠳᠤᠭᠠᠷ ᠰᠡᠷ᠎ᠡ ᠶᠢᠨ ᠬᠤᠷᠢᠨ ᠲᠤᠯᠤᠭᠠᠨ ᠤ ᠡᠳᠤᠷ᠂ ᠲᠠᠪᠤᠳᠤᠭᠠᠷ ᠰᠡᠷ᠎ᠡ ᠶᠢᠨ ᠬᠤᠷᠢᠨ ᠲᠤᠯᠤᠭᠠᠨ ᠤ ᠡᠳᠤᠷ᠂ ᠲᠤᠯᠤᠳᠤᠭᠠᠷ ᠰᠡᠷ᠎ᠡ ᠶᠢᠨ ᠬᠤᠷᠢᠨ ᠲᠤᠯᠤᠭᠠᠨ ᠤ ᠡᠳᠤᠷ᠂ ᠠᠷᠪᠠᠳᠤᠭᠠᠷ ᠰᠡᠷ᠎ᠡ ᠶᠢᠨ ᠬᠤᠷᠢᠨ ᠲᠤᠯᠤᠭᠠᠨ ᠤ ᠡᠳᠤᠷ  ᠤᠨ ᠲᠠᠬᠢᠯᠭ᠎ᠠ ᠨᠢ ᠶᠡᠭᠡ ᠬᠡᠮᠵᠢᠶᠠᠨ ᠤ ᠠᠵᠢᠯᠯᠠᠭ᠎ᠠ ᠲᠠᠢ ᠪᠠᠶᠢᠳᠠᠭ᠂ ᠨᠡᠶᠢᠲᠡ ᠲᠦᠷᠪᠠᠨ ᠰᠢᠭᠦᠰᠦ ᠪᠠᠷ ᠲᠠᠬᠢᠵᠦ᠂ ᠰᠤᠮᠤ ᠪᠦᠷᠢ ᠨᠢᠭᠡ ᠰᠢᠭᠦᠰᠦᠨ ᠤ ᠬᠤᠨᠢ ᠭᠠᠷᠭᠠᠨ᠎ᠡ᠃ ᠪᠢᠲᠡᠭᠦᠨ ᠤ ᠰᠦᠨᠢ ᠨᠢᠭᠡ ᠰᠢᠭᠦᠰᠦ ᠪᠠᠷ ᠲᠠᠬᠢᠳᠠᠭ ᠪᠢᠯᠡ᠃      ᠮᠤᠤᠮᠢᠩᠭᠠᠨ ᠤ ᠵᠠᠰᠠᠭ ᠬᠤᠰᠢᠭᠤᠨ ᠲᠤᠤᠷ᠎ᠡ ᠲᠦᠷᠪᠠᠨ ᠰᠤᠮᠤ᠂ ᠬᠤᠶᠠᠷ ᠪᠠᠭ ᠪᠠᠶᠢᠭᠤᠯᠵᠦ᠂ ᠬᠠᠪᠤᠲᠦ ᠬᠠᠰᠠᠷ  ᠤᠨ ᠲᠠᠬᠢᠯᠭ᠎ᠠ ᠶᠢᠨ ᠠᠵᠢᠯᠯᠠᠭ᠎ᠠ ᠶᠢ ᠲᠦᠷᠪᠠᠨ ᠰᠤᠮᠤ ᠶᠢᠨ ᠵᠠᠩᠬᠢ ᠪᠤᠯᠤᠨ ᠬᠦᠨᠲᠦ ᠡᠭᠡᠯᠵᠢᠯᠠᠨ ᠬᠠᠷᠢᠭᠤᠴᠠᠳᠠᠭ ᠪᠦᠭᠡᠳ ᠪᠠᠰᠡ ᠲᠦᠷᠪᠠᠨ ᠰᠤᠮᠤ ᠠᠴᠠ ᠬᠤᠨᠢ ᠤᠯᠠᠨᠳᠠᠢ ᠴᠠᠭᠠᠨ ᠡᠷᠦᠭᠡ ᠰᠤᠩᠭᠤᠨ ᠭᠠᠷᠭᠠᠵᠦ᠂ ᠲᠡᠳᠡᠨ ᠢᠶᠠᠷ ᠲᠤᠰᠬᠠᠶᠢᠯᠠᠨ ᠦᠷᠭᠦᠭᠡ ᠶᠢᠨ ᠲᠡᠭᠡᠪᠦᠷ ᠲᠤᠭᠤᠷᠭ᠎ᠠ᠂ ᠵᠤᠯᠠ ᠪᠠᠷᠢᠬᠤ ᠰᠢᠷ᠎ᠡ ᠲᠤᠰᠤ ᠬᠢᠭᠡᠳ ᠲᠠᠬᠢᠯᠭ᠎ᠠ ᠳᠤ ᠲᠦᠭᠦᠷᠭᠡᠬᠦ ᠰᠢᠭᠦᠰᠦᠨ ᠤ ᠬᠤᠨᠢ ᠶᠢ ᠬᠠᠷᠢᠭᠤᠴᠠᠭᠤᠯᠳᠠᠭ᠃ ᠡᠨᠡ ᠡᠷᠦᠭᠡ ᠠᠶᠢᠯ ᠨᠢ ᠡᠭᠦᠨ ᠠᠴᠠ ᠭᠠᠳᠠᠨ᠎ᠡ᠂ ᠬᠤᠰᠢᠭᠤᠨ ᠶᠠᠮᠤᠨ ᠳᠤ ᠲᠠᠬᠢᠭᠠᠳ ᠶᠠᠮᠠᠷ ᠴᠦ ᠭᠠᠶᠢᠯᠢ ᠭᠤᠪᠴᠢᠭᠤᠷ ᠲᠤᠰᠢᠶᠠᠬᠤ ᠦᠭᠡᠢ ᠪᠠᠶᠢᠳᠠᠭ ᠶᠤᠮ᠃ ᠴᠢᠯᠦᠭᠡᠯᠡᠭᠳᠡᠬᠦ ᠠᠴᠠ ᠡᠮᠦᠨᠡᠭᠡᠨ ᠪᠤᠯᠳᠠᠯ᠎ᠡ᠂ ᠨᠤᠷᠵᠢᠮ᠎ᠡ᠂ ᠴᠢᠶᠠᠩ ᠫᠧᠢ ᠯᠧ ᠵᠡᠷᠭᠡ ᠬᠦᠮᠦᠰ ᠡᠨᠡ ᠠᠵᠢᠯ ᠢ ᠡᠭᠦᠷᠭᠡᠯᠡᠵᠦ ᠪᠠᠶᠢᠯ᠎ᠡ᠃      ᠬᠠᠪᠤᠲᠦ ᠬᠠᠰᠠᠷ ᠤᠨ ᠲᠠᠬᠢᠯᠭ᠎ᠠ ᠶᠢᠨ ᠶᠤᠰᠤᠯᠡᠯ ᠢ ᠡᠷᠬᠢᠯᠡᠬᠦ ᠬᠦᠮᠦᠨ ᠢ ᠬᠦᠬᠦᠭᠡ ᠭᠡᠵᠦ ᠨᠡᠷᠡᠯᠡᠬᠦ ᠪᠦᠭᠡᠳ ᠲᠡᠷᠡ ᠨᠢ ᠪᠠᠰᠡ ᠬᠠᠪᠤᠳᠤ ᠬᠠᠰᠠᠷ ᠤᠨ ᠰᠢᠭᠤᠳ ᠦᠷ᠎ᠡ ᠲᠦᠷᠦᠯ ᠤᠨ ᠬᠤᠶᠢᠴᠢᠰ ᠮᠦᠨ ᠪᠠᠶᠢᠳᠠᠭ᠃ ᠬᠦᠬᠦᠭᠡ ᠲᠦᠷᠪᠠᠨ ᠤᠯᠠᠷᠢᠯ ᠤᠨ ᠲᠠᠬᠢᠯᠭ᠎ᠠ ᠶᠢᠨ ᠶᠤᠰᠤᠯᠡᠯ ᠢ ᠪᠡᠶᠡᠯᠡᠭᠦᠯᠬᠦ ᠪᠠᠷ ᠦᠯᠦ ᠪᠠᠷᠠᠮ ᠪᠠᠰᠡ ᠡᠳᠤᠷ ᠪᠦᠷᠢ ᠶᠢᠨ ᠬᠦᠵᠢ ᠠᠰᠠᠭᠠᠨ ᠲᠠᠬᠢᠬᠤ ᠵᠡᠷᠭᠡ ᠠᠵᠢᠯ ᠦᠢᠯᠡ ᠶᠢ ᠬᠠᠷᠢᠭᠤᠴᠠᠳᠠᠭ᠃ ᠲᠡᠭᠦᠨ ᠤ ᠭᠠᠷ ᠲᠤᠤᠷ᠎ᠡ ᠰᠤᠮᠤ ᠪᠦᠷᠢ ᠶᠢᠨ ᠴᠠᠭᠠᠨ ᠡᠷᠦᠭᠡ ᠶᠢᠨ ᠭᠠᠷᠤᠯ ᠲᠠᠢ ᠲᠦᠷᠪᠠᠨ ᠪᠠᠭᠤᠷᠴᠢ ︵ᠭᠠᠯᠴᠢ︶ ᠬᠢᠭᠡᠳ ᠨᠤᠮ ᠤᠩᠰᠢᠬᠤ ᠬᠤᠶᠠᠷ ᠯᠠᠮᠠ ᠪᠠᠶᠢᠳᠠᠭ᠃      ᠬᠤᠶᠠᠷ᠂ ᠶᠤᠰᠤᠯᠡᠯ ᠤᠨ ᠬᠡᠯᠪᠡᠷᠢ      ᠬᠤᠨᠢᠨ ᠤ ᠵᠡᠭᠦᠨ ᠬᠠ ᠶᠢ ᠵᠤᠮᠠᠯᠠᠵᠦ ᠡᠷᠡᠦ᠂ ᠬᠡᠯᠡ᠂ ᠬᠤᠭᠤᠯᠠᠢ᠂ ᠬᠡᠲᠡᠰᠦ ᠲᠤᠳᠤᠷ ᠲᠠᠢ ᠨᠢ ᠬᠠᠮᠲᠦ ᠴᠢᠨᠠᠵᠦ ᠪᠤᠯᠭᠤᠬᠰᠡᠨ ᠤ ᠲᠠᠷᠠᠭ᠎ᠠ ᠬᠠᠰᠠᠷ ᠤᠨ ᠨᠤᠮᠤ ᠰᠤᠮᠤ᠂ ᠰᠤᠮᠤᠨ ᠤ ᠬᠤᠪᠲᠦ ᠶᠢᠨ ᠡᠮᠦᠨ᠎ᠡ ᠲᠠᠬᠢᠯ ᠲᠠᠯᠪᠢᠨ᠎ᠡ᠃ ᠡᠨᠡ ᠦᠶ᠎ᠡ ᠳᠤ ᠬᠠᠰᠠᠷ ᠤᠨ ᠨᠤᠮᠤ ᠶᠢ ᠲᠡᠷᠭᠡᠯ ᠪᠤᠯᠳᠡᠯ᠎ᠡ ᠲᠠᠳᠠᠭᠰᠡᠨ ᠬᠦᠮᠦᠨ ᠪᠠᠶᠢᠵᠦ᠂ ᠨᠤᠮᠤ ᠰᠤᠮᠤ ᠡᠯᠭᠦᠲᠡᠭ ᠭᠠᠵᠠᠷ  ᠲᠤ ᠰᠠᠭᠤᠵᠦ ᠪᠠᠶᠢᠬᠤ ᠬᠡᠷᠡᠭᠲᠠᠢ᠃ ᠦᠯᠡᠲᠡᠭᠰᠡᠨ ᠮᠢᠬ᠎ᠠ ᠶᠢ ᠨᠢ ᠦᠪᠴᠢᠭᠰᠡᠨ ᠤ ᠲᠠᠷᠠᠭ᠎ᠠ ᠦᠶ᠎ᠡ ᠬᠡᠰᠢᠭᠦᠦ᠂ ᠮᠦᠴᠢ᠂ ᠨᠢᠷᠤᠭᠤ ᠶᠢᠨ ᠬᠡᠰᠡᠭ ᠢ ᠨᠢ ᠰᠠᠯᠭᠠᠨ ᠮᠦᠴᠢᠯᠡᠭᠡᠳ ᠴᠢᠨᠠᠵᠦ ᠪᠤᠯᠭᠤᠭᠰᠡᠨ ᠤ ᠲᠠᠷᠠᠭ᠎ᠠ ᠲᠦᠷᠪᠠᠨ ᠲᠤᠮᠤ ᠮᠤᠳᠤᠨ ᠲᠡᠪᠰᠢ ᠳᠤ ᠰᠠᠪᠠᠯᠠᠵᠦ᠂ ᠬᠠᠰᠠᠷ ᠤᠨ ᠬᠦᠷᠦᠭ ᠤᠨ ᠡᠮᠦᠨ᠎ᠡ ᠲᠠᠬᠢᠯ ᠲᠠᠯᠪᠢᠳᠠᠭ ᠢ ︽ᠲᠦᠷᠪᠠᠨ ᠰᠠᠩ︾ ᠬᠡᠨ᠎ᠡ᠃      ᠬᠦᠬᠦᠭᠡ ᠲᠦᠪ ᠶᠡᠭᠡᠮᠰᠦᠭ ᠢᠶᠠᠷ ᠬᠠᠰᠠᠷ ᠤᠨ ᠬᠦᠷᠦᠭ ᠤᠨ ᠡᠮᠦᠨ᠎ᠡ ᠵᠤᠬᠰᠤᠨ᠂ ᠲᠠᠬᠢᠯᠭ᠎ᠠ ᠶᠢᠨ ᠶᠤᠰᠤᠯᠡᠯ ᠡᠬᠢᠯᠡᠭᠰᠡᠨ ᠢ ᠨᠡᠶᠢᠲᠡᠯᠡᠭᠰᠡᠨ ᠤ ᠲᠠᠷᠠᠭ᠎ᠠ᠂ ᠬᠤᠰᠢᠭᠤ ᠵᠠᠰᠠᠭ ᠢᠶᠠᠷ ᠮᠠᠩᠯᠠᠶᠢᠯᠠᠭᠤᠯᠤᠭᠰᠡᠨ ᠶᠡᠭᠡ ᠪᠠᠭ᠎ᠠ ᠨᠤᠶᠠᠳ ᠬᠢᠭᠡᠳ ᠤᠯᠠᠨ ᠮᠦᠷᠭᠦᠯᠴᠢᠳ ᠦᠷᠭᠦᠭᠡ ᠶᠢᠨ ᠡᠮᠦᠨ᠎ᠡ ᠲᠡᠪᠡᠯ ᠲᠡᠷᠯᠢᠭ ᠤᠨ ᠬᠤᠷᠮᠤᠢ ᠪᠠᠨ ᠲᠡᠯᠭᠡᠨ ᠲᠠᠪᠢᠰᠴᠦ ᠰᠦᠭᠦᠷᠡᠨ ᠮᠦᠷᠭᠦᠵᠦ ᠲᠠᠭᠠᠳᠬᠠᠯ ᠬᠢᠨ᠎ᠡ᠃ ᠨᠤᠶᠠᠳ ᠪᠤᠯᠤᠨ ᠨᠤᠮ ᠤᠩᠰᠢᠳᠠᠭ ᠯᠠᠮᠠ ᠶᠢᠨ ᠡᠮᠦᠨ᠎ᠡ ᠪᠦᠷ ᠠᠷᠢᠬᠢ ᠲᠦᠭᠦᠷᠡᠩ ᠬᠡᠮᠨᠡᠭᠰᠡᠨ ᠮᠤᠳᠤᠨ ᠬᠤᠨᠳᠠᠭ᠎ᠠ ᠲᠠᠯᠪᠢᠵᠦ ᠪᠠᠶᠢᠳᠠᠭ᠃      ᠵᠠᠯᠭᠠᠭᠠᠳ ᠨᠤᠮ ᠤᠩᠰᠢᠬᠤ ᠯᠠᠮᠠ ᠴᠢᠩᠭᠢᠰ ᠬᠠᠭᠠᠨ ᠤ ᠰᠠᠩ᠂ ᠬᠠᠷ᠎ᠡ ᠰᠦᠯᠲᠡ ᠶᠢᠨ ᠰᠠᠩ᠂ ᠨᠠᠮᠳᠠᠭ ᠰᠠᠩ᠂ ᠲᠤᠷᠵᠢᠵᠤᠳᠪᠡ ᠰᠠᠩ ᠵᠡᠷᠭᠡ ᠨᠤᠮ ᠢ ᠡᠭᠡᠰᠢᠭᠯᠡᠨ ᠤᠩᠰᠢᠨ᠎ᠡ᠃ ᠬᠦᠬᠦᠭᠡ ᠬᠠᠰᠠᠷ ᠤᠨ ᠤᠨᠤᠳᠠᠭ ᠬᠦᠯᠦᠭ ᠬᠡᠰᠡᠨ ᠴᠠᠭᠠᠨ ᠮᠤᠷᠢ ᠶᠢ ᠬᠦᠲᠦᠯᠵᠦ ᠢᠷᠡᠭᠡᠳ᠂ ᠨᠤᠮ ᠤᠩᠰᠢᠭᠠᠳ᠂ ᠢᠷᠦᠭᠡᠯ ᠮᠠᠬᠳᠠᠭᠠᠯ ᠰᠢᠯᠦᠭᠯᠡᠭᠦᠯᠵᠦ᠂ ᠠᠷᠢᠬᠢ ᠷᠠᠰᠢᠶᠠᠨ ᠱᠠᠪᠰᠢᠭᠤᠯᠵᠦ ᠲᠤᠷᠭᠠᠨ ᠪᠦᠴᠡ ᠵᠡᠭᠦᠯᠭᠡᠭᠰᠡᠨ ᠤ ᠲᠠᠷᠠᠭ᠎ᠠ ᠲᠠᠯᠪᠢᠵᠦ ᠶᠠᠪᠤᠭᠤᠯᠤᠭᠠᠳ᠂ ᠴᠠᠭᠠᠨ ᠠᠷᠭᠤᠮᠠᠭ ᠢ ᠮᠤᠤᠮᠢᠩᠭᠠᠨ ᠤ ᠲᠡᠯ᠎ᠡ ᠨᠤᠳᠤᠭ ᠲᠡᠭᠡᠷ᠎ᠡ ᠴᠢᠯᠦᠭᠡᠲᠠᠢ ᠲᠤᠪᠳᠤᠯᠭᠠᠨ ᠲᠠᠪᠬᠢᠭᠤᠯᠤᠨ᠎ᠡ᠃ ᠲᠡᠭᠦᠨ ᠤ ᠲᠠᠷᠠᠭ᠎ᠠ᠂ ᠵᠠᠰᠠᠭ  ᠤᠨ ᠠᠮᠠᠨ ᠵᠠᠷᠯᠢᠭ ᠢ ᠦᠨᠳᠦᠰᠦᠯᠡᠨ ᠬᠠᠰᠠᠷ ᠲᠤ ᠲᠠᠭᠠᠳᠬᠠᠯ ᠬᠢᠨ᠎ᠡ᠃ ᠡᠷᠡᠯᠭᠡᠭ ᠪᠠᠭᠠᠳᠤᠷᠯᠢᠭ ᠬᠠᠰᠠᠷ ᠤᠨ ᠬᠠᠷᠢᠶᠠᠲᠦ ᠢᠷᠭᠡᠨ ᠤ ᠠᠮᠦᠷ ᠲᠠᠶᠢᠪᠦᠩ ᠦᠯᠵᠠᠢ ᠪᠡᠯᠭᠡ ᠲᠠᠢ ᠪᠠᠶᠢᠬᠤ ᠶᠢ ᠢᠪᠡᠭᠡᠨ ᠰᠤᠶᠤᠷᠬᠠᠬᠤ ᠶᠢ ᠲᠠᠭᠠᠳᠬᠠᠵᠦ᠂ ᠤᠳᠤᠬᠠᠨ ᠤ ᠪᠦᠬᠦ ᠬᠤᠰᠢᠭᠤᠨ ᠳᠤ ᠲᠤᠯᠭᠠᠷᠠᠭᠰᠡᠨ ᠠᠰᠠᠭᠤᠳᠡᠯ᠂ ᠡᠭᠦᠷᠭᠡ ᠶᠢ ᠲᠤᠭᠠᠴᠢᠨ ᠶᠠᠷᠢᠳᠠᠭ᠃ ᠲᠠᠭᠠᠳᠬᠠᠯ  ᠤᠨ ᠢᠷᠦᠭᠡᠯ ᠨᠢ ᠡᠩ ᠤᠨ ᠦᠶ᠎ᠡ ᠳᠤ ᠲᠤᠤᠷᠡᠬᠢ ᠮᠡᠲᠦ ᠪᠠᠶᠢᠳᠠᠭ᠄      ᠪᠤᠬᠲᠡ ᠡᠵᠡᠨ ᠮᠢᠨᠢ      ᠤᠯᠠᠨ ᠠᠷᠡᠳ ᠢᠶᠠᠨ      ᠠᠭᠤᠵᠢᠮ ᠬᠤᠷᠮᠤᠢ ᠳᠠᠭᠠᠨ ᠪᠠᠭᠳᠠᠭᠠᠵᠦ      ᠠᠭᠤᠴᠢᠯᠠᠯ ᠠᠪᠤᠷᠡᠯ ᠳᠠᠭᠠᠨ ᠰᠢᠷᠭᠤᠭᠤᠯᠵᠦ      ᠲᠦᠮᠡᠨ ᠰᠤᠨᠤᠷ ᠲᠠᠭᠠᠨ ᠲᠤᠯᠢᠳᠠᠨ      ᠮᠢᠩᠭᠠᠨ ᠮᠠᠯᠮᠠᠢ ᠳᠡᠭᠡᠨ ᠰᠢᠷᠳᠡᠵᠦ      ᠶᠠᠪᠤᠬᠰᠡᠨ ᠵᠦᠭ ᠲᠤ ᠰᠠᠭᠠᠳ ᠦᠭᠡᠢ      ᠬᠠᠨᠳᠤᠭᠰᠡᠨ ᠵᠦᠭ ᠲᠤ ᠲᠠᠶᠢᠰᠦᠨ ᠦᠭᠡᠢ      ᠠᠯᠢᠪᠡ ᠲᠠᠶᠢᠰᠦᠨ ᠢ ᠠᠷᠢᠯᠭᠠᠵᠦ      ᠠᠮᠦᠷ ᠲᠦᠪᠰᠢᠨ ᠵᠢᠷᠭᠠᠭᠤᠯᠳᠤᠭᠠᠢ︕      ᠁      ᠲᠠᠭᠠᠳᠬᠠᠯ ᠤᠨ ᠲᠠᠷᠠᠭ᠎ᠠ ᠬᠦᠬᠦᠭᠡ ᠠᠴᠠ ᠰᠢᠲᠦᠭᠡᠨ ᠤ ᠡᠮᠦᠨ᠎ᠡ ᠰᠦᠭᠦᠲᠦᠨ ᠵᠦᠭᠡᠭᠦᠯᠭᠡ ᠬᠢᠲᠡᠭ᠃ ᠵᠦᠭᠡᠭᠦᠯᠭᠡ ᠶᠢᠨ ᠦᠭᠡ ᠨᠢ ᠲᠤᠤᠷᠡᠬᠢ ᠮᠡᠲᠦ ᠪᠠᠶᠢᠳᠠᠭ᠄      ᠬᠠᠨ ᠬᠤᠷᠮᠤᠰᠲᠡ ᠨᠠᠷᠡᠨ      ᠠᠪᠤ ᠡᠵᠢ ᠠᠴᠠ ᠡᠷᠬᠢᠮᠰᠦᠭ      ᠴᠢᠩ ᠶᠡᠭᠡ ᠪᠡᠶ᠎ᠡ ᠲᠠᠢ      ᠴᠢᠩᠬᠡᠯᠵᠡᠨ ᠠᠯᠳᠠᠨ ᠵᠢᠷᠦᠭᠡ ᠲᠠᠢ      ᠬᠤᠪᠤᠷ ᠶᠡᠭᠡ ᠪᠡᠶ᠎ᠡ ᠲᠠᠢ      ᠬᠤᠷᠴᠡ ᠶᠡᠭᠡ ᠴᠡᠭᠡᠵᠢ ᠲᠠᠢ      ᠪᠤᠨᠳᠤᠭᠤᠷ ᠲᠤᠯᠤᠭᠠᠢ ᠪᠠᠷ ᠢᠶᠠᠨ ᠮᠦᠷᠭᠦᠵᠦ      ᠪᠤᠬᠢᠷ ᠡᠪᠦᠳᠦᠭ ᠢᠶᠠᠨ ᠰᠦᠭᠦᠳᠴᠦ      ᠲᠠᠬᠢᠨ ᠮᠦᠷᠭᠦᠵᠦ ᠰᠠᠭᠤᠮᠤ︕      ᠵᠦᠭᠡᠭᠦᠯᠭᠡ ᠲᠠᠭᠤᠰᠤᠭᠰᠡᠨ ᠤ ᠲᠠᠷᠠᠭ᠎ᠠ ᠬᠦᠬᠦᠭᠡ ᠰᠠᠨᠠᠭᠤᠯᠭ᠎ᠠ ᠭᠠᠷᠭᠠᠵᠦ᠄      ︽ᠤᠯᠠᠨ ᠨᠤᠶᠠᠳ ᠲᠦᠰᠢᠮᠡᠳ ᠬᠤᠨᠳᠠᠭ᠎ᠠ ᠪᠠᠨ ᠡᠷᠭᠦᠶ᠎ᠡ︕︾      ︽ᠤᠯᠠᠨ ᠢᠶᠠᠷ ᠢᠶᠠᠨ ᠰᠢᠭᠦᠰᠦ ᠠᠮᠰᠠᠵᠠᠭᠠᠶ᠎ᠡ︕︾ ᠬᠡᠬᠦ ᠳᠤ ᠤᠯᠠᠨ ᠨᠤᠶᠠᠳ ᠬᠢᠭᠡᠳ ᠨᠤᠮ ᠤᠩᠰᠢᠬᠤ ᠯᠠᠮᠠ ᠨᠠᠷ ᠡᠮᠦᠨᠡᠬᠢ ᠮᠤᠳᠤᠨ ᠬᠤᠨᠳᠠᠭ᠎ᠠ ᠲᠠᠢ ᠠᠷᠢᠬᠢ ᠪᠠᠨ ᠲᠡᠭᠷᠢ ᠦᠭᠡᠲᠡ ᠡᠷᠭᠦᠨ ᠰᠠᠴᠤᠨ᠎ᠡ᠃      ᠪᠠᠭᠤᠷᠴᠢ ᠦᠷᠭᠦᠭᠡ ᠳᠤ ᠤᠷᠤᠵᠦ ᠰᠢᠭᠦᠰᠦ ᠶᠢ ᠲᠤᠶᠠᠴᠢᠨ ᠰᠠᠯᠭᠠᠵᠦ᠂ ᠭᠡᠷ ᠤᠨ ᠭᠠᠳᠠᠨ᠎ᠡ ᠠᠪᠴᠦ ᠭᠠᠷᠤᠭᠠᠳ᠂ ᠮᠦᠷᠭᠦᠯᠴᠢᠳ ᠤᠨ ᠠᠯᠠᠭᠠᠨ ᠳᠤ ᠰᠢᠭᠤᠳ ᠭᠠᠷᠳᠠᠭᠤᠯᠬᠤ ᠪᠤᠶᠦ ᠲᠡᠳᠡᠨ ᠤ ᠬᠤᠷᠮᠤᠢ ᠲᠡᠭᠡᠷ᠎ᠡ ᠰᠢᠳᠡᠵᠦ ᠦᠭᠲᠡᠭ᠃ ᠰᠢᠭᠦᠰᠦ ᠢᠲᠡᠭᠦ ᠳᠤ ᠶᠡᠷᠦ ᠠᠴᠠ ᠬᠢᠳᠤᠭ᠎ᠠ ᠵᠠᠷᠤᠬᠤ ᠦᠭᠡᠢ᠂ ᠬᠠᠷᠢᠨ ᠭᠠᠷ ᠢᠶᠠᠷ ᠪᠤᠶᠦ ᠰᠢᠲᠦ  ᠪᠠᠷ ᠢᠶᠠᠨ ᠮᠦᠯᠵᠢᠨ ᠢᠲᠡᠲᠡᠭ ᠶᠤᠮ᠃      ᠲᠠᠬᠢᠯᠭ᠎ᠠ ᠶᠢᠨ ᠶᠤᠰᠤᠯᠡᠯ ᠲᠠᠭᠤᠰᠬᠤ ᠦᠶ᠎ᠡ ᠳᠤ ᠬᠦᠬᠦᠭᠡ ︽ᠮᠤᠷᠢᠨ ᠳᠠᠭᠠᠨ ᠮᠤᠷᠳᠠᠵᠦ ᠨᠡᠭᠡᠭᠡᠷᠠᠢ᠂ ᠲᠦᠷᠦᠭᠡ ᠲᠤᠬᠰᠢᠨ᠎ᠡ︕︾ ᠬᠡᠵᠦ ᠨᠠᠶᠢᠳᠠᠯᠡᠨ᠎ᠡ᠃ ᠡᠨᠡ ᠦᠶ᠎ᠡ ᠳᠤ ᠨᠢᠭᠡᠨ ᠲᠠᠶᠢᠵᠢ ᠰᠠᠶᠢᠨ ᠮᠤᠷᠢᠨ ᠳᠤ ᠮᠤᠷᠳᠠᠭᠠᠳ ︵ᠲᠠᠶᠢᠰᠤᠨ ᠤ ᠲᠡᠯ᠎ᠡ ᠪᠠᠷ ᠬᠠᠭᠤᠷᠮᠠᠬᠯᠠᠨ᠎ᠡ︶ ᠲᠠᠪᠬᠢᠨ ᠤᠳᠤᠨ᠎ᠡ᠃ ᠬᠦᠬᠦᠭᠡ ᠴᠠᠭᠠᠨ ᠮᠤᠷᠢᠨ ᠳᠤ ᠮᠤᠷᠳᠠᠭᠠᠳ ᠲᠡᠭᠦᠨ ᠤ ᠠᠷᠦ ᠠᠴᠠ ᠨᠡᠭᠡᠵᠦ᠂ ᠬᠡᠷᠪᠡ ᠨᠡᠭᠡᠵᠦ ᠭᠦᠢᠴᠡᠪᠡᠯ᠂ ᠲᠡᠭᠦᠨ ᠤ ᠲᠦᠷᠦᠭᠡ ᠶᠢ ᠱᠦᠷᠭᠦᠭᠡᠵᠦ᠂ ᠤᠨᠠᠬᠰᠡᠨ ᠮᠤᠷᠢ ᠶᠢ ᠨᠢ ᠲᠠᠰᠢᠭᠤᠷᠳᠠᠭᠠᠳ ᠢᠯᠠᠨ ᠪᠤᠴᠡᠨ᠎ᠡ᠃ ᠬᠡᠷᠪᠡ ᠨᠡᠭᠡᠵᠦ ᠭᠦᠢᠴᠡᠭᠰᠡᠨ ᠦᠭᠡᠢ ᠪᠤᠯ ᠪᠤᠴᠠᠨ ᠢᠷᠡᠲᠡᠭ᠂ ᠬᠡᠪᠡᠴᠦ ᠡᠶᠢᠮᠦᠷᠬᠦᠦ ᠪᠠᠶᠢᠲᠡᠯ ᠢ ᠡᠩ ᠤᠨ ᠦᠶᠡᠰ ︽ᠪᠡᠯᠭᠡ ᠦᠭᠡᠢ︾ ᠭᠡᠵᠦ ᠦᠵᠡᠲᠡᠭ ᠪᠢᠯᠡ︕      ᠪᠢᠲᠡᠭᠦᠨ ᠤ ᠦᠳᠡᠰᠢ᠂ ᠬᠦᠬᠦᠭᠡ ᠭᠡᠷ ᠲᠡᠭᠡᠨ ᠲᠠᠬᠢᠯᠭ᠎ᠠ ᠶᠢᠨ ᠰᠢᠭᠦᠰᠦ ᠪᠠᠨ ᠴᠢᠨᠠᠵᠦ ᠪᠤᠯᠭᠤᠭᠠᠳ ᠲᠠᠬᠢᠯ ᠲᠠᠯᠪᠢᠳᠠᠭ ᠶᠤᠮ᠃ ᠴᠠᠭᠠᠨ ᠰᠡᠷ᠎ᠡ ᠶᠢᠨ ᠠᠷᠪᠠᠨ ᠭᠡᠳᠤᠨ ᠤ ᠨᠢᠭᠡᠨ ᠦᠯᠵᠡᠶᠢᠲᠦ ᠡᠳᠤᠷ ᠯᠠᠮᠠ ᠨᠤᠮ ᠤᠩᠰᠢᠳᠠᠭ ᠪᠦᠭᠡᠳ ᠪᠠᠰᠡ ᠰᠢᠨ᠎ᠡ ᠰᠦ ᠡᠷᠭᠦᠪᠡᠯ ᠪᠢᠲᠡᠭᠦᠨ ᠤ ᠰᠦᠨᠢ ᠶᠢᠨ ᠲᠠᠬᠢᠯᠭ᠎ᠠ ᠴᠦ ᠲᠠᠭᠤᠰᠤᠭᠰᠡᠨ ᠢ ᠨᠡᠶᠢᠳᠡᠯᠡᠲᠡᠭ᠃ ᠡᠩ ᠤᠨ ᠦᠶ᠎ᠡ ᠳᠤ᠂ ᠦᠷᠯᠦᠭᠡ ᠪᠤᠶᠦ ᠦᠳᠡᠰᠢ ᠨᠢᠭᠡ ᠤᠳᠠᠭ᠎ᠠ ᠲᠤᠰᠤᠨ ᠵᠤᠯᠠ ᠠᠰᠠᠭᠠᠵᠦ᠂ ᠬᠦᠵᠢ ᠠᠰᠠᠭᠠᠳᠠᠭ ᠪᠢᠯᠡ᠃ ᠲᠡᠬᠢᠯ ᠤᠨ ᠤᠰᠤ ᠶᠢ ᠰᠡᠷ᠎ᠡ ᠪᠦᠷᠢ ᠶᠢᠨ ᠰᠢᠨ᠎ᠡ ᠶᠢᠨ ᠨᠢᠭᠡᠨ᠂ ᠠᠷᠪᠠᠨ ᠲᠠᠪᠤᠨ ᠲᠤᠬᠢᠶᠠᠯᠳᠤᠪᠡᠯ ᠨᠢᠭᠡ ᠤᠳᠠᠭ᠎ᠠ ᠰᠤᠯᠢᠳᠠᠭ᠃      ᠭᠤᠷᠪᠡ᠂ ᠬᠠᠪᠤᠲᠦ ᠬᠠᠰᠠᠷ ᠤᠨ ᠲᠠᠬᠢᠯᠭ᠎ᠠ ᠶᠢᠨ ᠶᠤᠰᠤᠯᠡᠯ ᠤᠨ ᠴᠡᠭᠡᠷ      ᠬᠠᠪᠤᠲᠦ ᠬᠠᠰᠠᠷ ᠤᠨ ᠲᠠᠬᠢᠯᠭ᠎ᠠ ᠶᠢᠨ ᠶᠤᠰᠤᠯᠡᠯ ᠪᠤᠯ ᠲᠤᠩ ᠠᠷᠢᠭᠤᠨ ᠲᠠᠷᠬᠠᠨ᠂ ᠲᠦᠪ ᠴᠢᠩᠭ᠎ᠠ ᠲᠠᠬᠢᠯᠭ᠎ᠠ  ᠶᠢᠨ ᠠᠵᠢᠯᠯᠠᠭ᠎ᠠ ᠮᠦᠨ᠃ ᠲᠡᠭᠦᠨ ᠤ ᠴᠡᠭᠡᠷ ᠨᠢ ᠪᠦᠷ ᠲᠤᠩ ᠬᠠᠳᠠᠭᠤ ᠴᠢᠩᠭ᠎ᠠ ᠪᠠᠶᠢᠳᠠᠭ ᠶᠤᠮ᠃ ᠡᠩ ᠲᠡᠷᠢᠭᠦᠨ  ᠳᠤ ︽ᠴᠡᠪᠡᠷ ᠠᠷᠢᠭᠤᠨ︾ ᠢ ᠡᠷᠬᠢᠮᠯᠡᠲᠡᠭ ᠶᠤᠮ᠃ ᠡᠮᠡᠭᠳᠠᠶᠢᠴᠤᠳ᠂ ᠡᠷᠡᠭᠦᠦ ᠶᠢᠨ ᠬᠤᠭᠤᠴᠠᠭ᠎ᠠ ᠲᠠᠭᠤᠰᠤᠭᠠᠳᠤᠢ ᠶᠠᠯᠡᠲᠡᠨ᠂ ᠵᠠᠭᠤᠨ ᠡᠳᠤᠷ ᠤᠨ ᠲᠤᠳᠤᠷ᠎ᠡ ᠪᠡᠶ᠎ᠡ ᠪᠠᠨ ᠦᠯᠦ ᠴᠡᠪᠡᠷᠯᠡᠭᠰᠡᠳ᠂ ᠭᠡᠷ ᠲᠤ ᠨᠢ ᠬᠦᠮᠦᠨ ᠨᠠᠰᠦ ᠪᠠᠷᠠᠭᠠᠳ ᠵᠠᠭᠤᠨ ᠡᠳᠤᠷ ᠪᠤᠯᠤᠭ᠎ᠠ ᠦᠭᠡᠢ ᠠᠶᠢᠯ᠂ ᠪᠦᠰᠡᠭᠦᠢ ᠬᠦᠮᠦᠨ ᠰᠡᠷ᠎ᠡ ᠳᠤ ᠰᠠᠭᠤᠭᠠᠳ ᠵᠠᠭᠤᠨ ᠡᠳᠤᠷ ᠬᠦᠢᠴᠡᠭᠡ ᠦᠭᠡᠢ ᠬᠡᠷ ᠪᠦᠯᠢ ᠶᠢᠨ ᠪᠤᠢ ᠪᠦᠬᠦᠢ ᠡᠷᠡᠭᠳᠠᠶᠢᠴᠤᠳ ᠪᠤᠶᠦ ᠠᠷᠪᠠᠨ ᠪᠦᠬᠦᠯᠢ ᠨᠠᠰᠦ ᠬᠦᠷᠦᠭᠡ ᠦᠭᠡᠢ ᠵᠠᠰᠠᠭ ᠨᠤᠶᠠᠨ ᠪᠤᠯ ᠲᠠᠬᠢᠯᠭ᠎ᠠ ᠶᠢᠨ ᠶᠤᠰᠤᠯᠡᠯ ᠳᠤ ᠤᠷᠤᠯᠴᠠᠵᠦ ᠪᠤᠯᠬᠤ ᠦᠭᠡᠢ ᠶᠤᠮ᠃      ᠬᠠᠪᠤᠲᠦ ᠬᠠᠰᠠᠷ ᠤᠨ ᠲᠠᠬᠢᠯᠭ᠎ᠠ ᠶᠢᠨ ᠶᠤᠰᠤᠯᠡᠯ ᠤᠨ ᠴᠡᠭᠡᠷ ᠨᠢ ᠡᠶᠢᠮᠦ ᠬᠠᠳᠠᠭᠤ ᠴᠢᠩᠭ᠎ᠠ ᠪᠠᠶᠢᠳᠠᠭ ᠲᠤᠯᠠ ᠤᠯᠠᠮᠵᠢᠯᠠᠯᠲᠦ ᠲᠠᠬᠢᠯᠭ᠎ᠠ ᠶᠢᠨ ᠠᠵᠢᠯᠯᠠᠭ᠎ᠠ ᠳᠤ ᠨᠢᠭᠤᠴᠡ ᠲᠠᠯᠲᠡ ᠰᠦᠷ ᠵᠢᠪᠬᠤᠯᠠᠩ ᠲᠠᠢ ᠦᠩᠭᠡ ᠪᠤᠳᠤᠭ ᠪᠡ ᠮᠠᠰᠢ ᠤᠯᠠᠨ ᠰᠤᠨᠢᠨ ᠭᠠᠶᠢᠬᠠᠮᠰᠢᠬᠲᠦ ᠤᠯᠠᠮᠵᠢᠯᠠᠯ ᠦᠯᠢᠭᠡᠷ ᠨᠡᠮᠡᠷᠢᠯᠡᠭᠰᠡᠨ ᠪᠢᠯᠡ᠃ ᠬᠡᠷᠪᠡ ᠰᠢᠪᠠᠭᠤ ᠦᠷᠭᠦᠭᠡ ᠶᠢᠨ ᠲᠡᠭᠡᠭᠦᠷ ᠨᠢᠰᠦᠨ ᠦᠩᠭᠡᠷᠡᠪᠡᠯ ᠲᠡᠷᠡ ᠲᠤᠤᠷ᠎ᠡ ᠪᠠᠨ ᠤᠨᠠᠵᠦ ᠦᠭᠦᠨ᠎ᠡ᠂ ᠦᠭᠡᠷ ᠡᠪᠡᠷ ᠢᠶᠠᠷ ᠢᠶᠠᠨ ᠦᠷᠭᠦᠭᠡ ᠶᠢ ᠰᠡᠵᠢᠵᠦ ᠱᠦᠷᠭᠦᠭᠡᠪᠡᠯ ᠡᠪᠡᠷ ᠨᠢ ᠠᠶᠠᠨᠳᠠᠭᠠᠨ ᠬᠤᠭᠤᠷᠠᠵᠦ ᠤᠨᠠᠨ᠎ᠡ᠂ ᠵᠠᠷᠢᠮ ᠴᠡᠭᠡᠷ ᠬᠤᠷᠢᠭ᠎ᠠ ᠶᠢ ᠰᠠᠬᠢᠳᠠᠭ ᠦᠭᠡᠢ ᠬᠦᠮᠦᠨ ᠲᠠᠬᠢᠯᠭ᠎ᠠ ᠶᠢᠨ ᠶᠤᠰᠤᠯᠡᠯ ᠳᠤ ᠤᠷᠤᠯᠴᠠᠭᠠᠳ ᠶᠠᠪᠤᠪᠡᠯ ᠰᠤᠯᠢᠶᠠᠷᠠᠬᠤ ᠪᠤᠶᠦ ᠬᠦᠨᠲᠦ ᠡᠪᠡᠳᠴᠢᠨ ᠲᠤᠰᠬᠤ ᠶᠠᠪᠤᠳᠡᠯ ᠦᠷᠭᠦᠯᠵᠢ ᠡᠭᠦᠰᠲᠡᠭ ᠬᠡᠨ᠎ᠡ᠃ ᠡᠲᠡᠭᠡᠷ ᠨᠢ ᠬᠡᠳᠦᠶᠢᠪᠡᠷ ᠤᠯᠠᠮᠵᠢᠯᠠᠯ ᠶᠡᠷᠢᠶ᠎ᠡ ᠪᠤᠯᠪᠠᠴᠦ ᠮᠤᠩᠭᠤᠯ ᠦᠨᠳᠦᠰᠦᠲᠡᠨ ᠤ ᠠᠷᠡᠳ ᠲᠦᠮᠡᠨ ᠤ ᠡᠪᠦᠭᠡ ᠲᠡᠭᠡᠳᠣᠰ ᠲᠡᠭᠡᠨ ᠡᠪᠦᠷᠯᠡᠨ ᠪᠠᠶᠢᠭ᠎ᠠ ᠬᠦᠨᠳᠦᠳᠭᠡᠯ ᠢ ᠲᠤᠳᠤᠷᠬᠠᠶᠢᠯᠠᠵᠦ ᠪᠠᠶᠢᠨ᠎ᠡ᠃      ᠵᠢᠱᠢᠶᠡᠯᠡᠪᠡᠯ᠂ 1948 ᠤᠨ ᠤ ᠲᠠᠬᠢᠯᠭ᠎ᠠ ᠶᠢᠨ ᠠᠵᠢᠯᠯᠠᠭ᠎ᠠ ᠳᠤ᠂ ᠴᠠᠭᠠᠨ ᠡᠷᠦᠭᠡ ᠶᠢᠨ ᠨᠤᠷᠵᠢᠮ᠎ᠡ ᠶᠢᠨ ᠬᠦᠲᠦᠯᠵᠦ ᠢᠷᠡᠭᠰᠡᠨ ᠲᠠᠬᠢᠯᠭ᠎ᠠ ᠶᠢᠨ ᠬᠤᠨᠢ ᠨᠢ ᠨᠢᠳᠤᠯᠬᠤ ᠠᠴᠠ ᠡᠮᠦᠨ᠎ᠡ ᠤᠶᠠᠭᠠᠨ ᠲᠡᠭᠡᠰᠦ ᠪᠠᠨ ᠦᠪᠡᠷ ᠢᠶᠠᠨ ᠲᠠᠳᠠᠨ ᠲᠠᠰᠤᠯᠤᠭᠠᠳ ᠭᠤᠴᠢᠨ ᠲᠦᠴᠢᠨ ᠭᠠᠵᠠᠷ ᠤᠨ ᠵᠠᠶᠢᠳᠠᠢ ᠭᠡᠷ ᠲᠡᠭᠡᠨ ᠲᠤᠳᠠᠭᠠᠵᠦ ᠬᠠᠷᠢᠪᠡ᠃ ᠨᠤᠷᠵᠢᠮ᠎ᠡ ᠡᠨᠡ ᠤᠴᠢᠷ ᠢ ᠮᠡᠲᠡᠭᠰᠡᠨ ᠤ ᠲᠠᠷᠠᠭ᠎ᠠ᠄ ︽ᠡᠨᠡ ᠬᠤᠨᠢ ᠰᠢᠳᠤᠯᠡᠩ ᠤᠨ ᠦᠶ᠎ᠡ ᠳᠤ᠂ ᠴᠢᠨ᠋ᠸ᠎ᠠ ᠳᠤ ᠬᠠᠵᠠᠬᠳᠠᠭᠰᠡᠨ ᠶᠤᠮ᠂ ᠪᠢ ᠭᠡᠷ ᠲᠡᠭᠡᠨ ᠪᠠᠶᠢᠬᠤ ᠦᠭᠡᠢ ᠦᠶ᠎ᠡ ᠳᠤ᠂ ᠦᠬᠢᠨ ᠡᠨᠡ ᠪᠠᠶᠢᠲᠡᠯ ᠢ ᠮᠡᠲᠡᠭᠦ ᠦᠭᠡᠢ ᠪᠤᠯᠬᠤᠷ ᠲᠠᠬᠢᠯᠭ᠎ᠠ ᠶᠢᠨ ᠬᠤᠨᠢ  ᠪᠠᠨ ᠲᠠᠬᠢᠯᠭ᠎ᠠ ᠶᠢᠨ ᠠᠵᠢᠯᠯᠠᠭ᠎ᠠ ᠳᠤ ᠬᠦᠷᠭᠡᠵᠦ ᠦᠭᠭᠦᠭᠰᠡᠨ ᠪᠠᠶᠢᠬᠤ ᠦᠭᠡᠢ ᠤᠤ᠂ ᠢᠲᠡᠭᠡᠬᠦ ᠦᠭᠡᠢ ᠪᠤᠯ ᠲᠡ ᠨᠠᠷ ᠦᠪᠡᠷ ᠢᠶᠠᠨ ᠪᠠᠶᠢᠴᠠᠭᠠᠵᠦ ᠦᠵᠡᠭᠡᠷᠡᠢ︾ ᠬᠡᠪᠡ᠃ ᠲᠤᠬᠠᠢ ᠶᠢᠨ ᠦᠶ᠎ᠡ ᠳᠤ ᠵᠠᠷᠢᠮ ᠬᠦᠮᠦᠨ ᠲᠡᠷᠡ ᠬᠤᠨᠢ ᠶᠢ ᠪᠠᠷᠢᠵᠦ ᠨᠠᠷᠢᠯᠢᠭ ᠦᠵᠡᠭᠦᠯᠡᠷ ᠬᠦᠵᠦᠭᠦᠨ ᠲᠡᠭᠡᠷ᠎ᠡ ᠨᠢ ᠦᠨᠡᠭᠡᠷ ᠴᠢᠨ᠋ᠸ᠎ᠠ ᠳᠤ ᠬᠠᠵᠠᠬᠳᠠᠭᠰᠡᠨ ᠰᠤᠷᠪᠢ ᠲᠠᠢ ᠶᠢ ᠤᠯᠵᠦ ᠮᠡᠲᠡᠵᠠᠢ᠃      ᠪᠠᠰᠡ ᠨᠢᠭᠡ ᠵᠢᠱᠢᠶ᠎ᠡ ᠬᠡᠪᠡᠯ᠂ 1941 ᠤᠨ ᠳᠤ ᠴᠠᠬᠠᠷ ᠤᠨ ᠭᠠᠯᠴᠢ ᠶᠢᠨ ᠳᠡᠭᠡᠷᠡᠮ ᠤᠨ ᠪᠦᠯᠦᠭ ᠮᠤᠤᠮᠢᠩᠭᠠᠨ ᠬᠤᠰᠢᠭᠤ ᠶᠢ ᠲᠦᠢᠪᠡᠭᠡᠨ ᠦᠢᠮᠡᠭᠦᠯᠬᠦ ᠦᠶ᠎ᠡ ᠳᠤ᠂ ᠬᠤᠰᠢᠭᠤ ᠵᠠᠰᠠᠭ ᠤᠨ ᠶᠠᠮᠤᠨ ᠤ ᠠᠷᠪᠠᠨ ᠵᠢᠷᠭᠤᠳᠤᠭᠠᠷ ᠭᠠᠯ ᠫᠤᠤᠴᠢ ᠬᠠᠰᠠᠷ ᠢ ᠲᠠᠬᠢᠵᠦ ᠴᠢᠩ ᠰᠦᠰᠦᠭ ᠲᠠᠢ ᠪᠠᠷ ᠲᠠᠭᠠᠳᠬᠠᠯ ᠬᠢᠭᠰᠡᠨ ᠤ ᠲᠠᠷᠠᠭ᠎ᠠ᠂ ᠭᠠᠯᠴᠢ  ᠶᠢᠨ ᠲᠡᠭᠡᠷᠡᠮ ᠤᠨ ᠪᠦᠯᠦᠭ ᠲᠠᠢ ᠠᠮᠠᠳᠠᠨ ᠪᠠᠶᠢᠯᠳᠤᠵᠦ᠂ ᠲᠡᠭᠡᠷᠡᠮ ᠤᠨ ᠪᠦᠯᠦᠭ ᠤᠨ 1000 ᠭᠠᠷᠤᠢ ᠭᠠᠯ ᠫᠤᠤᠴᠢ  ᠶᠢ ᠪᠠᠶᠢᠯᠳᠤᠨ ᠢᠯᠠᠭᠠᠳ᠂ ᠮᠤᠤᠮᠢᠩᠭᠠᠨ ᠤ ᠲᠡᠯ᠎ᠡ ᠨᠤᠳᠤᠭ ᠤᠨ ᠠᠮᠦᠷ ᠲᠦᠪᠰᠢᠨ ᠢ ᠬᠠᠮᠠᠭᠠᠯᠠᠭᠰᠡᠨ ᠪᠢᠯᠡ᠃      ᠬᠠᠰᠠᠷ ᠤᠨ ᠲᠠᠬᠢᠯᠭ᠎ᠠ ᠶᠢᠨ ᠠᠰᠠᠭᠠᠭᠰᠡᠨ ᠵᠤᠯᠠ 1966 ᠤᠨ ᠪᠤᠯᠳᠠᠯ᠎ᠡ ᠪᠦᠬᠦᠭᠰᠡᠨ ᠦᠭᠡᠢ ᠶᠤᠮ᠃ 1960 ᠤᠨ ᠳᠤ᠂ ᠦᠷᠭᠦᠭᠡ ᠶᠢᠨ ᠲᠡᠭᠡᠪᠦᠷ ᠲᠤᠭᠤᠷᠭ᠎ᠠ ᠬᠠᠭᠤᠴᠢᠷᠠᠵᠦ ᠰᠢᠷᠠᠯᠠᠬᠤ ᠳᠤ᠂ ᠰᠢᠨᠡᠪᠤᠯᠠᠭ ᠨᠢᠭᠡᠳᠤᠯ  ᠠᠴᠠ ᠰᠢᠷᠡᠰᠦ᠋ᠭᠡ ᠶᠢ ᠲᠤᠮᠢᠯᠠᠨ᠂ ᠦᠷᠭᠦᠭᠡ ᠶᠢᠨ ᠤᠤᠯ ᠤᠨ ᠤᠷᠤᠨ ᠲᠡᠭᠡᠷ᠎ᠡ ᠨᠢᠭᠡᠨ ᠲᠠᠰᠤᠯᠭ᠎ᠠ ᠴᠢᠯᠠᠭᠤᠨ ᠭᠡᠷ ᠪᠠᠶᠢᠭᠤᠯᠵᠦ᠂ ᠲᠠᠬᠢᠯᠭ᠎ᠠ ᠶᠢᠨ ᠠᠵᠢᠯᠯᠠᠭ᠎ᠠ ᠶᠢ ᠦᠷᠭᠦᠯᠵᠢᠯᠠᠨ ᠡᠷᠬᠢᠯᠡᠵᠦ ᠪᠠᠶᠢᠪᠡ᠃ 1966 ᠤᠨ ᠤ ︽ᠰᠤᠶᠤᠯ ᠤᠨ ᠶᠡᠭᠡ ᠬᠤᠪᠢᠰᠬᠠᠯ︾ ᠤᠨ ᠲᠤᠮᠲᠡ ᠲᠠᠬᠢᠯᠭ᠎ᠠ ᠶᠢᠨ ᠠᠵᠢᠯᠯᠠᠭ᠎ᠠ ᠠᠯᠪᠠᠳᠠᠯᠭ᠎ᠠ ᠶᠢᠨ ᠲᠤᠤᠷ᠎ᠡ ᠵᠤᠬᠰᠤᠭᠠᠳ᠂ ᠲᠠᠬᠢᠯᠭ᠎ᠠ  ᠶᠢᠨ ᠲᠠᠷᠬᠠᠨ ᠡᠳ᠋ ᠬᠡᠷᠡᠭᠰᠡᠯ ᠦᠷᠯᠦᠭᠡ ᠦᠳᠡᠰᠢ ᠶᠢᠨ ᠬᠤᠭᠤᠷᠤᠨᠲᠦ ᠦᠨᠡᠰᠦᠨ ᠲᠤᠪᠷᠠᠭ ᠪᠤᠯᠤᠭᠰᠡᠨ ᠶᠤᠮ᠃ 1986 ᠤᠨ ᠳᠤ ᠲᠠᠬᠢᠯᠭ᠎ᠠ ᠶᠢᠨ ᠲᠠᠩᠭᠢᠮ ᠢ ᠲᠠᠬᠢᠭᠠᠳ ᠪᠠᠶᠢᠭᠤᠯᠤᠭᠠᠳ ᠬᠦᠵᠢ ᠵᠤᠯᠠ ᠶᠢ ᠰᠡᠷᠭᠦᠭᠡᠨ ᠠᠰᠠᠬᠭᠠᠭᠰᠡᠨ ᠶᠤᠮ᠃      ᠲᠤᠮᠳᠠᠲᠦ ᠤᠯᠤᠰ ᠤᠨ ᠡᠪ ᠬᠠᠮᠲᠦ ᠨᠠᠮ ᠤᠨ ᠠᠷᠪᠠᠨ ᠨᠢᠭᠡᠳᠤᠭᠡᠷ ᠬᠤᠭᠤᠴᠠᠭᠠᠨ ᠤ ᠭᠤᠷᠪᠠᠳᠤᠭᠠᠷ ᠪᠦᠬᠦᠲᠡ ᠬᠤᠷᠠᠯᠳᠤᠭᠠᠨ ᠤ ᠲᠠᠷᠠᠭ᠎ᠠ᠂ ᠨᠠᠮ ᠤᠨ ᠦᠨᠳᠦᠰᠦᠲᠡᠨ ᠤ ᠲᠦᠷᠦ ᠶᠢᠨ ᠪᠤᠳᠤᠯᠭ᠎ᠠ ᠶᠢᠨ ᠲᠤᠶᠠᠭᠠᠯᠠᠯ ᠲᠤᠤᠷ᠎ᠡ᠂ ᠲᠠᠷᠬᠠᠨ ᠮᠤᠤᠮᠢᠩᠭᠠᠨ ᠬᠤᠯᠪᠤᠭᠠᠲᠦ ᠬᠤᠰᠢᠭᠤᠨ ᠤ ᠤᠳᠤᠷᠢᠳᠤᠯᠭ᠎ᠠ ᠨᠢ ᠦᠨᠳᠦᠰᠦᠲᠡᠨ ᠤ ᠵᠠᠩ ᠲᠡᠳᠬᠠᠯ  ᠢ ᠬᠦᠨᠳᠦᠳᠭᠡᠬᠦ ᠡᠭᠦᠲᠡᠨ ᠠᠴᠠ᠂ ᠦᠷᠭᠡᠨ ᠤᠯᠠᠨ ᠠᠷᠡᠳ ᠲᠦᠮᠡᠨ ᠤ ᠱᠠᠭᠠᠷᠳᠠᠯᠭ᠎ᠠ ᠶᠢ ᠦᠨᠳᠦᠰᠦᠯᠡᠨ᠂ ᠬᠠᠰᠡᠷ ᠤᠨ ᠲᠠᠬᠢᠯᠭ᠎ᠠ ᠶᠢᠨ ᠦᠷᠭᠦᠭᠡ ᠶᠢ ᠲᠠᠬᠢᠨ ᠪᠠᠶᠢᠭᠤᠯᠬᠤ ᠡᠭᠦᠷᠭᠡ ᠶᠢ ᠰᠢᠨᠠᠪᠤᠯᠠᠭ ᠰᠤᠮᠤᠨ ᠳᠤ ᠲᠤᠰᠢᠶᠠᠵᠠᠢ᠃ ᠡᠨᠡ ᠨᠢ ᠦᠷᠭᠡᠨ ᠤᠯᠠᠨ ᠬᠠᠰᠠᠷ ᠤᠨ ᠬᠤᠶᠢᠴᠢ ᠦᠶ᠎ᠡ ᠶᠢᠨ ᠬᠦᠰᠡᠯ ᠡᠷᠡᠮᠡᠯᠵᠠᠯ ᠪᠤᠯᠬᠤ ᠪᠠᠷ ᠪᠠᠷᠠᠬᠤ ᠦᠭᠡᠢ ᠪᠠᠰᠡ ᠦᠷᠭᠡᠨ ᠤᠯᠠᠨ ᠮᠤᠩᠭᠤᠯ ᠠᠷᠡᠳ ᠲᠦᠮᠡᠨ ᠤ ᠬᠠᠮᠲᠦ ᠶᠢᠨ ᠬᠦᠰᠡᠯ ᠡᠷᠡᠮᠡᠯᠵᠠᠯ ᠮᠦᠨ᠃ ᠰᠢᠨᠠᠪᠤᠯᠠᠭ ᠰᠤᠮᠤ ᠨᠢ ᠡᠭᠦᠷᠭᠡ ᠬᠦᠯᠢᠶᠠᠨ ᠠᠪᠤᠭᠰᠡᠨ ᠤ ᠲᠠᠷᠠᠭ᠎ᠠ ᠰᠤᠮᠤᠨ ᠲᠠᠷᠤᠭ᠎ᠠ ᠴᠤᠬᠪᠠᠭᠠᠳᠤᠷ᠂ ᠺᠠᠳ᠋ᠷ ᠰᠢᠷᠡᠰᠦ᠋ᠭᠡ ᠬᠢᠭᠡᠳ ᠤᠤᠯ ᠤᠨ ᠮᠤᠤᠮᠢᠩᠭᠠᠨ ᠬᠤᠰᠢᠭᠤᠨ ᠤ ᠠᠷᠪᠠᠨ ᠬᠤᠶᠠᠳᠤᠭᠠᠷ ᠦᠶ᠎ᠡ ᠶᠢᠨ ᠵᠠᠰᠠᠭ ᠤᠨ ᠵᠠᠯᠭᠠᠮᠵᠢᠯᠠᠬᠴᠢ ᠰᠦᠭᠡ ᠵᠡᠷᠭᠡ ᠬᠦᠮᠦᠰ  ᠤᠨ ᠢᠳᠡᠪᠬᠢᠲᠠᠢ ᠲᠦᠯᠦᠪᠯᠡᠨ ᠪᠡᠯᠡᠳᠭᠡᠵᠦ ᠵᠤᠬᠢᠴᠠᠭᠤᠯᠤᠭᠰᠡᠨ ᠪᠡ ᠬᠠᠰᠠᠷ ᠤᠨ ᠬᠤᠶᠢᠴᠢ ᠦᠶ᠎ᠡ ᠶᠢᠨ ᠬᠢᠨ ᠤ ᠵᠤᠭᠤᠰ ᠵᠤᠭ᠎ᠠ ᠡᠳ᠋ ᠪᠤᠳᠠᠰ ᠤᠨ ᠲᠡᠯ᠎ᠡ ᠶᠢᠨ ᠬᠦᠴᠦᠲᠠᠢ ᠲᠡᠮᠵᠢᠯᠭᠡ ᠲᠤᠰᠠᠯᠠᠮᠵᠢ ᠲᠤᠤᠷ᠎ᠡ᠂ ᠬᠠᠪᠤᠳᠤ ᠬᠠᠰᠠᠷ ᠤᠨ ᠲᠠᠬᠢᠯᠭ᠎ᠠ ᠶᠢᠨ ᠦᠷᠭᠦᠭᠡ ︵ᠲᠠᠩᠭᠢᠮ︶ ᠨᠢ ᠰᠢᠨᠡᠪᠤᠯᠠᠭ ᠰᠤᠮᠤᠨ ᠤ ᠠᠷᠡᠳ ᠤᠨ ᠵᠠᠰᠠᠭ ᠤᠨ ᠤᠷᠳᠤᠨ ᠤ ᠰᠠᠭᠤᠭ᠎ᠠ ᠭᠠᠵᠠᠷ ᠴᠠᠭᠠᠬᠤᠪᠤᠭ᠎ᠠ ᠠᠴᠠ ᠪᠠᠷᠠᠭᠤᠨᠰᠢ ᠲᠠᠪᠤᠨ ᠬᠠᠷ᠎ᠡ ᠴᠠᠭᠠᠨ ᠱᠤᠷᠤᠩ ᠤᠨ ᠠᠭᠤᠯᠠᠨ ᠤ ᠬᠦᠨ ᠳᠤ ᠲᠠᠬᠢᠨᠲᠡ ᠰᠦᠨᠳᠡᠷᠯᠡᠨ ᠪᠤᠰᠴᠦ᠂ ᠦᠩᠭᠡᠷᠡᠭᠰᠡᠨ ᠤ ᠴᠤᠭ ᠵᠢᠪᠬᠤᠭ᠎ᠠ ᠪᠠᠨ ᠲᠠᠬᠢᠨ ᠭᠠᠶᠢᠬᠠᠭᠤᠯᠵᠦ ᠪᠤᠢ᠃
 
ᠢᠷᠡᠯᠲᠡ᠄ ᠲᠠᠷᠬᠠᠨ ᠮᠤᠤᠮᠢᠩᠭᠠᠨ ᠤ ᠵᠠᠰᠠᠭ ᠤᠨ ᠤᠷᠳᠤᠨ ᠤ ᠮᠤᠩᠭᠤᠯ ᠰᠦᠯᠵᠢᠶ᠎ᠡ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号