ᠢᠲᠡᠷᠡᠭᠦᠨ ᠵᠢᠪᠬᠤᠭ᠎ᠠ ᠬᠢᠭᠡᠳ ᠤᠷᠠᠨ ᠨᠤᠭᠤᠷᠡᠯ — ᠮᠤᠩᠭᠤᠯ ᠪᠦᠵᠢᠭ
ᠨᠡᠶᠢᠲᠡᠯᠡᠭᠰᠡᠨ ᠴᠠᠭ᠄
2019-08-07
     ᠮᠤᠩᠭᠤᠯ ᠦᠨᠳᠦᠰᠦᠲᠡᠨ ᠪᠤᠯ ︽ᠬᠦᠭᠵᠢᠮᠴᠢ ᠦᠨᠳᠦᠰᠦᠲᠡᠨ︾᠂ ︽ᠰᠢᠯᠦᠭᠴᠢ ᠦᠨᠳᠦᠰᠦᠲᠡᠨ︾ ᠢᠶᠠᠷ ᠦᠯᠦ ᠪᠠᠷᠠᠮ ᠪᠦᠵᠢᠭ ᠤᠨ ᠬᠡᠪ ᠨᠠᠮᠪᠡ ᠨᠢ ᠴᠦ ᠡᠲᠡᠭᠡᠳ ᠭᠠᠶᠢᠬᠠᠯᠲᠠᠢ ᠪᠠᠶᠢᠳᠠᠭ᠃ ᠤᠳᠤᠮᠰᠢᠯᠲᠦ ᠪᠦᠵᠢᠭ ᠲᠤ ︽ᠠᠨᠳᠠᠢ ᠪᠦᠵᠢᠭ︾᠂ ︽ᠬᠤᠨᠳᠠᠭᠠᠨ ᠪᠦᠵᠢᠭ︾᠂ ︽ᠰᠡᠪᠬᠠᠨ ᠪᠦᠵᠢᠭ︾᠂ ︽ᠤᠷᠳᠤᠰ ᠪᠦᠵᠢᠭ︾ ᠭᠡᠬᠦ ᠵᠡᠷᠭᠡ ᠪᠤᠢ᠃      ᠰᠠᠪᠬᠠᠨ ᠪᠦᠵᠢᠭ   ᠤᠯᠠᠩᠬᠢ ᠳᠠᠭᠠᠨ ᠡᠷᠡᠭᠲᠠᠢ ᠶᠢᠨ ᠭᠤᠴᠤᠯᠠᠯ ᠪᠦᠵᠢᠭ ᠪᠠᠶᠢᠳᠠᠭ᠃ ᠪᠦᠵᠢᠭᠴᠢᠨ ᠪᠠᠷᠠᠭᠤᠨ ᠭᠠᠷ ᠲᠠᠭᠠᠨ ᠠᠳᠬᠤ ᠰᠠᠪᠬ᠎ᠠ ᠠᠳᠬᠤᠨ ᠭᠠᠷ᠂ ᠮᠦᠷᠦ᠂ ᠨᠢᠷᠤᠭᠤ᠂ ᠬᠦᠯ ᠵᠡᠷᠭᠡ ᠪᠠᠨ ᠰᠠᠪᠠᠴᠢᠵᠦ ᠬᠡᠰᠡᠭ  ᠲᠡᠭᠡᠨ ᠡᠷᠬᠢᠯᠳᠤᠨ᠂ ᠬᠡᠰᠡᠭ ᠲᠡᠭᠡᠨ ᠰᠦᠭᠦᠳᠴᠦ᠂ ᠱᠠᠯᠠ ᠬᠦᠰᠡᠷ ᠢ ᠰᠠᠪᠠᠴᠢᠨ ᠤᠳᠠᠭᠠᠪᠳᠤᠷ ᠠᠴᠠ ᠬᠤᠷᠳᠤᠯᠠᠨ ᠱᠠᠯᠠᠮᠠᠭᠠᠢ ᠪᠦᠵᠢᠭᠯᠡᠲᠡᠭ᠃ ᠪᠦᠵᠢᠭ ᠲᠤ ᠱᠠᠨᠰᠠ᠂ ᠲᠦᠷᠪᠠᠨ ᠤᠳᠠᠰᠦᠲᠦ ᠬᠤᠭᠤᠷ᠂ ᠶᠠᠳᠤᠭ᠎ᠠ᠂ ᠯᠢᠮᠪᠤ ᠵᠡᠷᠭᠡ ᠬᠦᠭᠵᠢᠮ ᠬᠠᠪᠰᠤᠷᠭᠠᠵᠦ᠂ ᠵᠠᠷᠢᠮ ᠳᠠᠭᠠᠨ ᠪᠠᠰᠡ ᠡᠷᠡᠭᠲᠠᠢ ᠡᠮᠡᠭᠲᠠᠢ ᠬᠤᠤᠰᠯᠠᠨ ᠪᠦᠵᠢᠭᠯᠡᠬᠦ ᠪᠤᠶᠦ ᠤᠯᠠᠭᠤᠯᠠ ᠪᠦᠵᠢᠭᠯᠡᠲᠡᠭ᠃      ᠬᠤᠨᠳᠠᠭᠠᠨ ᠪᠦᠵᠢᠭ    ᠦᠪᠦᠷ ᠮᠤᠩᠭᠤᠯ ᠤᠨ ᠤᠷᠳᠤᠰ ᠤᠨ ᠲᠡᠯ᠎ᠡ ᠨᠤᠳᠤᠭ ᠲᠤ ᠨᠡᠶᠢᠲᠡᠮ ᠪᠦᠵᠢᠭᠯᠡᠲᠡᠭ᠃ ᠪᠦᠵᠢᠭᠴᠢᠨ ᠬᠤᠶᠠᠷ ᠭᠠᠷ ᠲᠠᠭᠠᠨ ᠬᠤᠤᠰ ᠬᠤᠨᠳᠠᠭ᠎ᠠ ᠠᠳᠬᠤᠵᠦ᠂ ᠬᠦᠭᠵᠢᠮ ᠤᠨ ᠠᠶᠢᠵᠠᠮ ᠬᠦᠭ ᠲᠤ ᠭᠠᠷ  ᠲᠠᠬᠢ ᠬᠤᠨᠳᠠᠭ᠎ᠠ ᠪᠠᠨ ᠬᠠᠷᠭᠤᠭᠤᠯᠤᠨ ᠲᠤᠤᠭᠠᠷᠭᠠᠵᠦ᠂ ᠬᠤᠷᠳᠤᠨ ᠤᠳᠠᠭᠠᠪᠳᠤᠷ᠂ ᠱᠠᠵᠢᠬᠢᠨᠠᠭᠤᠨ᠂ ᠴᠡᠴᠡᠷᠡᠭᠦᠨ ᠲᠠᠭᠤᠨ ᠭᠠᠷᠭᠠᠳᠠᠭ᠃ ᠬᠦᠯ ᠤᠨ ᠬᠦᠲᠡᠯᠦᠯ ᠨᠢ ᠰᠦᠭᠦᠳᠬᠦ᠂ ᠬᠤᠶᠢᠯᠠᠷᠠᠭ᠎ᠠ ᠠᠯᠬᠤᠳᠡᠯ ᠵᠡᠷᠭᠡ ᠪᠠᠷ ᠭᠤᠤᠯᠯᠠᠳᠠᠭ᠃ ᠪᠦᠵᠢᠭᠴᠢᠨ ᠪᠤᠰᠴᠦ ᠵᠤᠬᠰᠤᠨ ᠬᠤᠶᠠᠷ ᠭᠠᠷ ᠲᠠᠬᠢ ᠬᠤᠤᠰ ᠬᠤᠨᠳᠠᠭ᠎ᠠ ᠪᠠᠨ ᠬᠠᠷᠭᠤᠭᠤᠯᠤᠨ ᠪᠦᠵᠢᠭᠯᠡᠵᠦ᠂ ᠬᠤᠶᠠᠷ ᠬᠦᠯ ᠨᠢ ᠡᠮᠦᠨ᠎ᠡ ᠬᠤᠶᠢᠨ᠎ᠡ ᠲᠡᠪᠰᠡᠨ ᠨᠡᠭᠦᠯᠭᠡᠵᠦ᠂ ︽ᠭᠠᠷ ᠨᠢ ᠪᠦᠵᠢᠭᠯᠡᠨ ᠪᠡᠯᠭᠡᠭᠦᠰᠦ ᠨᠢ ᠮᠤᠰᠬᠢᠯᠲᠤᠵᠦ᠂ ᠨᠢᠲᠦ ᠨᠢ ᠭᠠᠷ ᠤᠨ ᠬᠦᠲᠡᠯᠦᠯ ᠢ ᠠᠯᠲᠡᠯ ᠦᠭᠡᠢ ᠲᠠᠭᠠᠨ ᠰᠢᠷᠲᠡᠪᠡᠴᠦ᠂ ᠬᠦᠯ ᠨᠢ ᠲᠤᠬᠳᠠᠭᠤᠨ ᠬᠡᠪ ᠢᠶᠠᠷ ᠢᠶᠠᠨ︾ ᠪᠠᠶᠢᠵᠦ ᠭᠤᠶᠢᠲᠡ ᠴᠢᠮᠪᠠᠢ᠂ ᠦᠵᠡᠰᠭᠦᠯᠡᠩ ᠬᠦᠬᠡᠷᠦᠭᠦᠨ ᠪᠦᠵᠢᠭ ᠤᠨ ᠤᠷᠠᠯᠠᠯ ᠢ ᠭᠠᠶᠢᠬᠠᠭᠤᠯᠳᠠᠭ ᠪᠢᠯᠡ᠃ ᠱᠠᠨᠰᠠ᠂ ᠶᠠᠳᠤᠭ᠎ᠠ᠂ ᠲᠦᠷᠪᠠᠨ ᠤᠳᠠᠰᠦᠲᠦ ᠬᠤᠭᠤᠷ᠂ ᠯᠢᠮᠪᠦ ᠵᠡᠷᠭᠡ ᠬᠦᠭᠵᠢᠮ ᠢᠶᠠᠷ ᠬᠠᠪᠰᠤᠷᠭᠠᠨ ᠬᠦᠭᠵᠢᠮᠲᠡᠲᠡᠭ᠃ ᠬᠦᠭ ᠠᠶᠠᠰ ᠨᠢ ᠲᠤᠬᠠᠢ ᠶᠢᠨ ᠨᠤᠳᠤᠭ ᠤᠨ ᠬᠦᠭᠵᠢᠮᠯᠢᠭ ᠠᠷᠡᠳ ᠤᠨ ᠲᠠᠭᠤᠤ ᠪᠠᠷ ᠰᠠᠭᠤᠷᠢᠯᠠᠵᠦ ᠵᠠᠷᠢᠮ ᠳᠠᠭᠠᠨ ᠪᠦᠵᠢᠭᠴᠢᠨ ᠵᠤᠯᠠᠢ ᠲᠡᠭᠡᠷ᠎ᠡ ᠪᠠᠨ ᠵᠤᠯᠠ ᠪᠤᠶᠦ ᠠᠶᠠᠭ᠎ᠠ ᠲᠤᠯᠵᠦ ᠪᠦᠵᠢᠭᠯᠡᠲᠡᠭ ᠴᠦ ᠪᠤᠢ᠃      ᠠᠨᠳᠠᠢ ᠪᠦᠵᠢᠭ    ᠭᠤᠤᠯᠳᠠᠭᠤ ᠦᠪᠦᠷ ᠮᠤᠩᠭᠤᠯ ᠤᠨ ᠵᠢᠷᠢᠮ ᠠᠶᠢᠮᠠᠭ ᠵᠢᠴᠢ ᠯᠢᠶᠤᠤᠨᠢᠩ ᠮᠤᠵᠢ ᠶᠢᠨ ᠹᠦᠰᠢᠨ ᠤ ᠮᠤᠩᠭᠤᠯ ᠦᠨᠳᠦᠰᠦᠲᠡᠨ ᠤ ᠦᠪᠡᠷᠲᠡᠭᠡᠨ ᠵᠠᠰᠠᠬᠤ ᠰᠢᠶᠠᠨ ᠪᠤᠯᠤᠨ ᠬᠠᠷᠠᠮᠦ᠋ᠷᠡᠨ ᠮᠤᠵᠢ ᠶᠢᠨ ᠭᠤᠷᠯᠤᠰ ᠮᠤᠩᠭᠤᠯ ᠦᠨᠳᠦᠰᠦᠲᠡᠨ ᠤ ᠦᠪᠡᠷᠲᠡᠭᠡᠨ ᠵᠠᠰᠠᠬᠤ ᠰᠢᠶᠠᠨ ᠵᠡᠷᠭᠡ ᠭᠠᠵᠠᠷ ᠤᠷᠤᠨ ᠨᠤᠭᠤᠳ ᠢᠶᠠᠷ ᠪᠦᠵᠢᠭᠯᠡᠲᠡᠭ᠃ ᠡᠷᠲᠡᠨ ᠤ ︽ᠲᠠᠭᠤᠤ ᠶᠢᠨ ᠠᠶᠢᠵᠠᠮ ᠳᠤ ᠬᠦᠯ ᠲᠡᠪᠰᠡᠯᠡᠨ ᠪᠦᠵᠢᠬᠦ︾᠂ ︽ᠭᠠᠷ ᠮᠦᠷᠦ ᠪᠠᠨ ᠬᠤᠯᠪᠤᠯᠳᠦᠨ ᠪᠦᠵᠢᠬᠦ︾᠂ ︽ᠮᠤᠲᠦ ᠲᠤᠭᠤᠶᠢᠯᠠᠨ ᠪᠦᠵᠢᠬᠦ︾ ᠵᠡᠷᠭᠡ ᠬᠠᠮᠲᠦ ᠶᠢᠨ ᠪᠦᠵᠢᠭ ᠤᠨ ᠬᠡᠯᠪᠡᠷᠢ ᠠᠴᠠ ᠤᠯᠠᠷᠢᠵᠦ ᠢᠷᠡᠵᠠᠢ᠃ ᠠᠩᠬ᠎ᠠ ᠡᠬᠢᠯᠡᠬᠦ ᠳᠡᠭᠡᠨ ᠪᠤᠷᠬᠠᠨ ᠲᠡᠭᠷᠢ ᠠᠴᠠ ᠠᠪᠤᠷᠡᠯ ᠭᠤᠶᠤᠵᠦ ᠡᠪᠡᠳᠴᠢᠨ ᠡᠮᠭᠡᠭ ᠢ ᠠᠷᠢᠯᠭᠠᠬᠤ ᠤᠳᠬ᠎ᠠ ᠲᠠᠢ ᠪᠠᠶᠢᠵᠠᠢ᠃ ᠪᠦᠬᠡ ᠶᠢᠨ ᠱᠠᠰᠢᠨ ᠲᠠᠢ ᠨᠢᠬᠲᠡ ᠬᠤᠯᠪᠤᠭ᠎ᠠ ᠲᠠᠢ ᠪᠠᠶᠢᠳᠠᠭ᠃ ᠬᠠᠮᠲᠦ ᠪᠠᠷ ᠪᠦᠵᠢᠭᠯᠡᠬᠦ ᠳᠤ ᠲᠤᠭᠤᠷᠢᠭ ᠬᠡᠯᠪᠡᠷᠢ  ᠪᠠᠷ ᠵᠢᠬᠰᠡᠨ ᠬᠦᠮᠦᠨ ᠪᠦᠷᠢ ᠨᠢᠵᠡᠭᠡᠳ ᠭᠠᠷ ᠠᠯᠴᠢᠭᠤᠷ ᠪᠤᠶᠦ ᠲᠤᠷᠳᠤᠩ ᠠᠳᠬᠤᠵᠦ᠂ ᠨᠢᠭᠡ ᠨᠢ ᠤᠳᠤᠷᠢᠳᠤᠨ ᠲᠠᠭᠤᠯᠠᠬᠤ ᠳᠤ ᠤᠯᠠᠨ ᠢᠶᠠᠷ ᠢᠶᠠᠨ ᠠᠶᠠᠯᠳᠤᠨ ᠲᠠᠭᠠᠵᠦ᠂ ᠪᠦᠬᠦᠳᠡᠭᠡᠷ ᠲᠠᠭᠤᠯᠠᠯᠳᠤᠨ ᠪᠦᠵᠢᠭᠯᠡᠯᠳᠤᠵᠦ᠂ ᠬᠦᠭᠵᠢᠮ ᠬᠠᠪᠰᠤᠷᠭᠠᠬᠤ ᠦᠭᠡᠢ ᠵᠦᠪᠭᠡᠨ ᠲᠠᠭᠤᠯᠠᠬᠤ ᠠᠶᠠᠰ ᠢᠶᠠᠷ ᠠᠶᠢᠵᠠᠮ ᠲᠢᠭᠯᠡᠲᠡᠭ᠃ ᠡᠬᠢᠯᠡᠩᠭᠦᠲᠡ ᠪᠦᠵᠢᠭ ᠤᠨ ᠬᠦᠲᠡᠯᠦᠯ ᠨᠢ ᠮᠠᠰᠢ ᠲᠦᠭᠦᠮ᠂ ᠲᠠᠭᠤᠯᠠᠬᠤ ᠪᠠᠷ ᠭᠤᠤᠯᠳᠠᠳᠠᠭ ᠪᠤᠯᠬᠤᠷ ︽ᠠᠨᠳᠠᠢ ᠲᠠᠭᠤᠯᠠᠨ᠎ᠡ︾ ᠬᠡᠲᠡᠭ᠃ ᠤᠳᠤ ᠬᠦᠭ ᠠᠶᠠᠰ᠂ ᠬᠦᠲᠡᠯᠦᠯ ᠤᠷᠠᠯᠠᠯ ᠨᠢ ᠬᠦᠭᠵᠢᠭᠡᠳ ᠬᠤᠷᠢ ᠭᠤᠴᠢᠭᠠᠳ ᠲᠦᠷᠦᠯ ᠪᠤᠯᠪᠡ᠃
 
ᠢᠷᠡᠯᠲᠡ᠄ ᠲᠠᠷᠬᠠᠨ ᠮᠤᠤᠮᠢᠩᠭᠠᠨ ᠤ ᠵᠠᠰᠠᠭ ᠤᠨ ᠤᠷᠳᠤᠨ ᠤ ᠮᠤᠩᠭᠤᠯ ᠰᠦᠯᠵᠢᠶ᠎ᠡ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号