ᠴᠠᠭᠠᠬᠤᠪᠤᠭ᠎ᠠ ᠰᠦᠮ᠎ᠡ
ᠨᠡᠶᠢᠲᠡᠯᠡᠭᠰᠡᠨ ᠴᠠᠭ᠄
2019-08-06
     ᠴᠠᠭᠠᠬᠤᠪᠤᠭ᠎ᠠ ᠰᠦᠮ᠎ᠡ ︵ᠳ᠋ᠠᠷ᠎ᠡ ᠡᠭᠡ ᠶᠢᠨ ᠰᠦᠮ᠎ᠡ︶ ᠶᠢ ᠲᠤᠮᠳᠠᠲᠦ ᠢᠷᠭᠡᠨ ᠤᠯᠤᠰ ᠤᠨ ᠠᠷᠪᠠᠳᠤᠭᠠᠷ ᠤᠨ ︵1921 ᠤᠨ︶ ᠳᠤ ᠮᠤᠤᠮᠢᠩᠭᠠᠨ ᠬᠤᠰᠢᠭᠤᠨ ᠤ ᠠᠷᠪᠠᠳᠤᠭᠠᠷ ᠦᠶ᠎ᠡ ᠶᠢᠨ ᠵᠠᠰᠠᠭ ᠴᠢᠮᠡᠳᠷᠢᠨᠴᠢᠨᠬᠤᠷᠯᠦ ᠦᠪᠡᠷ  ᠤᠨ ᠬᠤᠰᠢᠭᠤ ᠵᠠᠰᠠᠭ ᠤᠨ ᠭᠡᠷ ᠤᠨ ᠰᠢᠲᠦᠭᠡᠨ ᠤ ᠰᠦᠮ᠎ᠡ ᠪᠤᠯᠭᠠᠨ ᠪᠠᠶᠢᠭᠤᠯᠵᠦ᠂ ᠤᠤᠯ ᠤᠨ ᠦᠷᠭᠦᠭᠡᠨ ᠳᠠᠬᠢ ᠰᠢᠲᠦᠭᠡᠨ ᠢᠶᠠᠨ ᠰᠦᠮ᠎ᠡ ᠳᠤ ᠵᠠᠯᠠᠵᠦ᠂ ᠦᠷ᠎ᠡ ᠭᠡᠦᠭᠡᠳ ᠦᠭᠡᠢ ᠪᠤᠯᠬᠤᠷ ᠲᠤᠰᠬᠠᠶᠢᠯᠠᠨ ᠨᠤᠭᠤᠭᠠᠨ ᠳ᠋ᠠᠷ᠎ᠡ ᠡᠭᠡ ᠪᠤᠷᠬᠠᠨ ᠢ ᠱᠤᠭᠤᠯᠭᠠᠵᠦ᠂ ᠦᠷ᠎ᠡ ᠶᠢᠨ ᠬᠤᠳᠤᠭ ᠵᠠᠶᠠᠭᠠᠬᠤ ᠶᠢ ᠲᠠᠭᠠᠳᠬᠠᠵᠠᠢ᠃ ᠲᠤᠰ ᠰᠦᠮ᠎ᠡ ᠲᠦᠪᠡᠳ ᠮᠠᠶ᠋ᠢᠭ  ᠤᠨ ᠲᠤᠭᠠᠩ ᠨᠢᠭᠡ᠂ ᠲᠡᠭᠦᠨ ᠤ ᠡᠮᠦᠨ᠎ᠡ ᠨᠢ ᠬᠤᠶᠠᠷ ᠮᠤᠩᠭᠤᠯ ᠭᠡᠷ ᠪᠠᠶᠢᠵᠠᠢ᠃ ᠡᠨᠡ ᠨᠢ ᠵᠢᠰᠢᠶᠠᠨ ᠤ ᠯᠠᠮᠠ ᠰᠠᠭᠤᠳᠠᠭ ᠭᠡᠷ ᠪᠤᠯᠤᠨ᠎ᠡ᠃ ᠡᠨᠡ ᠰᠦᠮ᠎ᠡ ᠬᠤᠪᠢᠯᠭᠠᠨ ᠯᠠᠮᠠ ᠦᠭᠡᠢ᠂ ᠮᠤᠩᠭᠤᠯ ᠲᠦᠪᠡᠳ ᠨᠤᠮ ᠤᠨ ᠤᠩᠰᠢᠯᠭ᠎ᠠ  ᠲᠠᠢ᠃ ᠬᠤᠶᠢᠲᠦ ᠲᠦᠰᠢᠯᠭᠡ ᠪᠤᠯᠤᠭᠰᠡᠨ ᠴᠠᠭᠠᠨ ᠤᠪᠤᠭ᠎ᠠ ᠶᠢ ᠲᠠᠬᠢᠳᠠᠭ ᠪᠠᠶᠢᠨ᠎ᠡ᠃ ᠲᠤᠭᠠᠩ ᠤᠨ ᠡᠮᠦᠨᠡᠬᠢ ᠬᠤᠩᠬᠢᠯ ᠤᠨ ᠬᠤᠶᠠᠷ ᠲᠡᠯ᠎ᠡ ᠶᠢᠨ ᠬᠡᠷᠡᠮ ᠢ ᠴᠠᠭᠠᠨ ᠴᠤᠬᠤᠢ ᠪᠠᠷ ᠴᠤᠬᠤᠶᠢᠳᠠᠭᠰᠡᠨ ᠪᠠᠶᠢᠳᠠᠭ᠃ ᠲᠤᠭᠠᠩ ᠤᠨ ᠲᠤᠳᠤᠷ᠎ᠡ ᠲᠡᠭᠡᠪᠦᠷ ᠪᠤᠯᠤᠨ ᠬᠠᠨ᠎ᠡ ᠲᠡᠭᠡᠷ᠎ᠡ ᠨᠢ ᠤᠯᠠᠨ ᠶᠠᠩᠵᠦ ᠶᠢᠨ ᠪᠤᠷᠬᠠᠨ ᠤ ᠬᠦᠷᠦᠭ ᠵᠢᠷᠤᠵᠦ᠂ ᠲᠤᠭᠠᠩ ᠤᠨ ᠲᠡᠭᠡᠪᠦᠷ ᠠᠴᠠ ᠤᠯᠠᠨ ᠯᠠᠪᠷᠢ ᠪᠤᠯᠤᠨ ᠬᠠᠳᠠᠭ ᠤᠨᠵᠢᠭᠤᠯᠵᠦ᠂ ᠲᠤᠭᠠᠩ ᠤᠨ ᠲᠦᠪ ᠭᠤᠤᠯ ᠳᠤᠨᠢ ᠪᠤᠷᠬᠠᠨ ᠤ ᠱᠤᠭᠤᠮᠠᠯ ᠬᠦᠷᠦᠭ ᠲᠠᠬᠢᠵᠦ᠂ ᠡᠮᠦᠨ᠎ᠡ ᠨᠢ ᠲᠠᠬᠢᠯ ᠤᠨ ᠰᠢᠷᠡᠭᠡ ᠵᠠᠰᠠᠵᠦ ᠪᠠᠶᠢᠵᠠᠢ᠃ ᠰᠢᠷᠡᠭᠡᠨ ᠭᠤᠤᠯ ᠳᠤᠨᠢ ᠠᠶᠠᠭᠠᠨ ᠴᠢᠨᠡᠭᠡ ᠲᠤᠮᠤ ᠮᠦᠩᠭᠦᠨ ᠵᠤᠯᠠ ᠲᠠᠯᠪᠢᠵᠦ᠂ ᠮᠦᠩᠭᠦᠨ ᠵᠤᠯᠠ ᠶᠢᠨ ᠬᠤᠶᠠᠷ ᠬᠠᠵᠠᠭᠤ ᠳᠤᠨᠢ ᠤᠰᠤᠨ ᠤ ᠲᠠᠬᠢᠯ ᠬᠡᠵᠦ ᠨᠠᠢᠮᠠᠨ ᠮᠦᠩᠭᠦᠨ ᠲᠠᠬᠢᠯ ᠲᠠᠢ᠂ ᠲᠤᠮᠤ ᠮᠦᠩᠭᠦᠨ ᠵᠤᠯᠠ ᠶᠢᠨ ᠡᠮᠦᠨ᠎ᠡ ᠨᠢ ᠬᠦᠵᠢᠨ ᠤ ᠬᠢᠰᠡ ᠲᠠᠢ᠂ ᠲᠡᠭᠦᠨ ᠤ ᠬᠤᠶᠠᠷ ᠬᠠᠵᠠᠭᠤ ᠳᠤ ᠲᠤᠰᠤᠨ ᠳᠤ ᠬᠠᠭᠠᠷᠢᠬᠰᠡᠨ ᠪᠤᠤᠪᠤ᠂ ᠴᠠᠭᠠᠨ ᠢᠲᠡᠭᠡ ᠵᠡᠷᠭᠡ ᠲᠠᠬᠢᠯ ᠲᠠᠯᠪᠢᠵᠦ ᠪᠠᠶᠢᠳᠠᠭ᠃ ᠲᠠᠬᠢᠯ ᠤᠨ ᠰᠢᠷᠡᠭᠡᠨ ᠤ ᠪᠠᠷᠠᠭᠤᠨ ᠦᠨᠴᠦᠭ ᠲᠡᠭᠡᠷ᠎ᠡ ᠨᠠᠷᠢᠨ ᠬᠦᠵᠦᠭᠦᠦ ᠲᠠᠢ ᠮᠦᠩᠭᠦᠨ ᠬᠤᠪᠢᠩ ᠳᠤ ᠲᠤᠭᠤᠰ  ᠤᠨ ᠭᠤᠷᠪᠠᠨ ᠦᠲᠦ ᠬᠠᠳᠬᠤᠵᠦ᠂ ᠵᠠᠭᠦᠨ ᠪᠠᠷᠠᠭᠤᠨ ᠬᠤᠶᠠᠷ ᠬᠠᠶᠠᠭᠠᠨ ᠤ ᠰᠢᠷᠡᠭᠡᠨ ᠳᠤ ᠰᠢᠷ᠎ᠡ ᠪᠤᠭᠤᠯᠲᠡ ᠲᠠᠢ ᠭᠡᠳᠤᠨ ᠰᠤᠳᠤᠷ ᠲᠠᠯᠪᠢᠵᠦ ᠪᠠᠶᠢᠳᠠᠭ᠃      ᠲᠤᠭᠠᠩ ᠤᠨ ᠡᠮᠦᠨᠡᠬᠢ ᠬᠤᠶᠠᠷ ᠮᠤᠩᠭᠤᠯ ᠭᠡᠷ ᠲᠤ ᠰᠠᠭᠤᠳᠠᠭ ᠯᠠᠮᠠ ᠦᠷᠯᠦᠭᠡ ᠪᠦᠷᠢ ᠵᠤᠯᠠ ᠳᠤ ᠰᠢᠷ᠎ᠡ ᠲᠤᠰᠤ ᠨᠡᠮᠡᠵᠦ᠂ ᠤᠰᠤᠨ ᠲᠠᠬᠢᠯ ᠤᠨ ᠤᠰᠤ ᠶᠢ ᠰᠤᠯᠢᠵᠦ᠂ ᠬᠦᠵᠢᠨ ᠤ ᠬᠢᠰᠡ ᠳᠤ ᠬᠦᠵᠢ ᠠᠰᠠᠭᠠᠵᠦ᠂ ᠠᠯᠠᠭ᠎ᠠ ᠪᠠᠨ ᠬᠠᠪᠰᠤᠷᠴᠦ ᠨᠤᠮ ᠤᠩᠰᠢᠨ ᠵᠠᠯᠪᠠᠷᠢᠵᠦ ᠲᠠᠭᠠᠳᠬᠠᠳᠠᠭ᠃ ᠮᠤᠩᠭᠤᠯ ᠬᠢᠲᠡᠳ ᠨᠤᠮ ᠤᠨ ᠤᠩᠰᠢᠯᠭ᠎ᠠ ᠨᠢ ᠵᠠᠰᠠᠭ ᠨᠤᠶᠠᠨ ᠤ ᠡᠩᠭᠡ ᠠᠮᠤᠭᠤᠯᠠᠩ᠂ ᠦᠯᠵᠠᠢ ᠮᠦᠷ ᠲᠠᠢ᠂ ᠤᠷᠲᠦ ᠨᠠᠰᠤᠯᠠᠵᠦ ᠤᠳᠠᠭᠠᠨ ᠵᠢᠷᠭᠠᠬᠤ ᠶᠢ ᠵᠠᠯᠪᠠᠷᠢᠨ ᠲᠠᠭᠠᠳᠬᠠᠳᠠᠭ ᠪᠠᠶᠢᠨ᠎ᠡ᠃ ᠵᠠᠰᠠᠭ ᠨᠤᠶᠠᠨ ᠴᠦ ᠵᠢᠯ ᠴᠠᠭᠠᠨ ᠰᠡᠷ᠎ᠡ ᠪᠡ ᠪᠠᠶᠠᠷ ᠤᠢ ᠶᠢᠨ ᠡᠳᠤᠷ ᠦᠪᠡᠷ ᠤᠨ ᠪᠡᠶ᠎ᠡ  ᠪᠠᠷ ᠢᠶᠠᠨ ᠮᠦᠷᠭᠦᠯ ᠲᠠᠬᠢᠯᠭ᠎ᠠ ᠬᠢᠵᠦ᠂ ᠦᠯᠵᠠᠢ ᠮᠦᠷ ᠲᠠᠢ ᠦᠭᠡᠲᠡ ᠡᠰᠡᠷᠡᠭ ᠡᠩᠭᠡ ᠠᠮᠤᠭᠤᠯᠠᠩ ᠶᠠᠪᠤᠬᠤ ᠶᠢ ᠪᠤᠷᠬᠠᠨ ᠰᠠᠬᠢᠭᠤᠯᠰᠤᠨ ᠠᠴᠠ ᠠᠪᠤᠷᠡᠯ ᠠᠪᠬᠤ ᠶᠢ ᠴᠢᠩ ᠰᠡᠳᠬᠢᠯ ᠠᠴᠠ ᠪᠠᠨ ᠲᠠᠭᠠᠳᠬᠠᠳᠠᠭ᠃      ᠭᠡᠲᠡᠯ᠎ᠡ ᠭᠡᠨ ᠮᠡᠲᠡᠬᠦ ᠠᠵᠢ᠃ ᠶᠠᠫᠤᠨ ᠡᠵᠡᠷᠭᠡᠭ ᠲᠦᠷᠢᠮᠡᠭᠡᠶᠢᠲᠡᠨ ᠲᠦᠷᠢᠮᠡᠭᠡᠢ ᠰᠡᠪᠡᠷ ᠢᠶᠠᠨ ᠮᠤᠤᠮᠢᠩᠭᠠᠨ ᠳᠤ ᠰᠤᠩᠭᠠᠵᠦ ᠢᠷᠡᠭᠦᠯᠦᠭᠰᠡᠨ ᠤ ᠲᠡᠷᠠᠭ᠎ᠠ᠂ 1941 ᠤᠨ ᠤ 3 ᠰᠡᠷ᠎ᠡ ᠶᠢᠨ ᠰᠡᠭᠦᠯᠴᠢ ᠪᠠᠷ ᠵᠠᠰᠠᠭ ᠨᠤᠶᠠᠨ ᠴᠢᠮᠡᠳᠷᠢᠨᠴᠢᠨᠬᠤᠷᠯᠦ ᠬᠢᠨᠲᠡᠨ ᠳᠤ ᠬᠤᠷᠢᠬᠳᠠᠵᠦ᠂ ᠲᠤᠰ ᠵᠢᠯ ᠤᠨ ᠲᠦᠷᠪᠠᠨ ᠰᠡᠷ᠎ᠡ ᠶᠢᠨ ᠰᠡᠭᠦᠯ ᠳᠤ ᠪᠠᠳᠤᠬᠠᠭᠠᠯᠭ᠎ᠠ  ᠳᠠᠬᠢ ᠶᠠᠫᠤᠨ ᠤ ᠲᠠᠩᠨᠠᠭᠤᠯ ᠤᠨ ᠪᠠᠶᠢᠭᠤᠯᠭ᠎ᠠ ᠳᠤ ᠦᠭᠦᠵᠠᠢ᠃ ᠢᠩᠭᠢᠭᠰᠡᠨ ᠠᠴᠠ ᠭᠡᠷ ᠤᠨ ᠰᠦᠮ᠎ᠡ ᠶᠢᠨ ᠯᠠᠮᠠ ᠶᠢᠨ ᠵᠠᠯᠪᠠᠷᠢᠯ ᠲᠠᠭᠠᠳᠬᠠᠯ ᠭᠡᠢ ᠬᠤᠭᠤᠰᠤᠨ ᠪᠤᠯᠵᠦ᠂ ᠵᠠᠰᠠᠭ ᠨᠤᠶᠠᠨ ᠤ ᠬᠦᠰᠡᠯ ᠴᠦ ᠬᠤᠭᠤᠰᠤᠨ ᠪᠤᠯᠵᠠᠢ᠃ ᠡᠭᠦᠨ ᠠᠴᠠ ᠬᠤᠶᠢᠰᠢ ᠤᠯᠠᠨ ᠤᠳᠠᠭᠠᠨ ᠤ ᠴᠡᠷᠢᠭ ᠲᠠᠶᠢᠨ ᠤ ᠬᠦᠯ ᠳᠤ ᠲᠠᠭᠠᠷᠢᠬᠳᠠᠨ ᠲᠠᠬᠢᠯᠭ᠎ᠠ ᠴᠦ ᠠᠯᠠᠭ᠎ᠠ ᠪᠤᠯᠵᠦ᠂ ᠡᠴᠤᠰ  ᠲᠡᠭᠡᠨ ᠭᠠᠭᠴᠡ ᠪᠤᠷᠬᠠᠨ ᠤ ᠱᠤᠭᠤᠮᠠᠯ ᠬᠦᠷᠦᠭ ᠨᠢ ᠬᠦᠨᠲᠠᠢ ᠲᠤᠭᠠᠩ ᠳᠤ ᠪᠠᠨ ᠴᠤᠤᠵᠢᠯᠠᠬᠳᠠᠵᠦ᠂ ᠦᠯᠡᠲᠡᠭᠰᠡᠨ ᠪᠤᠷᠬᠠᠨ ᠰᠢᠲᠦᠭᠡᠨ ᠤ ᠨᠤᠮ ᠰᠤᠳᠤᠷ ᠢ ᠨᠢ ᠪᠤᠷᠬᠠᠨᠲᠦ ᠶᠢᠨ ᠰᠦᠮ᠎ᠡ ᠳᠤ ᠨᠡᠭᠦᠯᠭᠡᠵᠦ᠂ ᠴᠢᠯᠦᠭᠡᠯᠡᠭᠲᠡᠬᠦ ᠠᠴᠠ ᠡᠮᠦᠨᠡᠭᠡᠨ ᠪᠤᠯᠳᠠᠯ᠎ᠡ ᠵᠢᠯ ᠪᠦᠷᠢ ᠶᠢᠨ ᠵᠤᠨ ᠤ ᠦᠶ᠎ᠡ ᠪᠠᠷ ᠳ᠋ᠡᠷ᠎ᠡ ᠡᠭᠡ ᠶᠢᠨ ᠬᠤᠷᠡᠯ ᠢ ᠪᠤᠷᠬᠠᠨᠲᠦ ᠶᠢᠨ ᠰᠦᠮ᠎ᠡ ᠳᠤ ᠬᠢᠵᠦ ᠪᠠᠶᠢᠪᠡ᠃      ᠴᠢᠯᠦᠭᠡᠯᠡᠭᠲᠡᠭᠰᠡᠨ ᠤ ᠲᠠᠷᠠᠭ᠎ᠠ᠂ ᠵᠠᠰᠠᠭ ᠨᠤᠶᠠᠨ ᠤ ᠭᠡᠷ ᠤᠨ ᠰᠦᠮ᠎ᠡ ᠳᠤ ᠵᠠᠰᠠᠯᠲᠡ ᠰᠠᠯᠪᠢᠯᠲᠡ ᠦᠭᠡᠢ ᠪᠤᠯᠵᠦ ᠬᠠᠶᠠᠬᠳᠠᠪᠡ᠃ ᠬᠡᠪᠡᠴᠦ ᠵᠠᠰᠠᠭ ᠨᠤᠶᠠᠨ ᠤ ᠰᠦᠮ᠎ᠡ ᠶᠢᠨ ᠪᠠᠷᠢᠯᠭ᠎ᠠ ᠨᠢ ᠬᠠᠷᠢᠨ ᠪᠠᠲᠦ ᠪᠠᠬᠢ ᠪᠠᠶᠢᠯ᠎ᠡ᠃1959 ᠤᠨ ᠳᠤ ᠪᠦᠬᠦ ᠤᠯᠤᠰ ᠤᠨ ᠠᠷᠡᠳ ᠤᠨ ᠲᠦᠯᠦᠭᠡᠯᠡᠭᠴᠢᠳ ᠤᠨ ᠶᠡᠭᠡ ᠬᠤᠷᠠᠯ ᠤᠨ ᠪᠠᠶᠢᠩᠭᠤ ᠶᠢᠨ ᠬᠤᠷᠢᠶᠠᠨ ᠤ ᠲᠡᠳ᠋ ᠬᠤᠷᠢᠶᠠᠨ ᠲᠠᠷᠤᠭ᠎ᠠ ᠪᠠᠨᠴᠢᠨ ᠡᠷᠳᠠᠨᠢ ᠪᠤᠭᠤᠲᠦ ᠶᠢᠨ ᠪᠤᠯᠤᠳ ᠲᠡᠮᠦᠷ ᠤᠨ ᠦᠢᠯᠡᠳᠪᠦᠷᠢ ᠬᠢᠭᠡᠳ ᠪᠠᠶ᠋ᠬᠠᠤᠪᠤᠭ᠎ᠠ ᠶᠢᠨ ᠬᠦᠲᠡᠷ ᠤᠨ ᠠᠭᠤᠷᠬᠠᠢ ᠶᠢ ᠪᠠᠶᠢᠴᠠᠭᠠᠬᠤ ᠳᠠᠭᠠᠨ ᠰᠢᠨᠡᠪᠤᠯᠠᠭ ᠰᠤᠮᠤᠨ ᠳᠤ ︵ᠴᠠᠭᠠᠬᠤᠪᠤᠭ᠎ᠠ︶ ᠤᠴᠢᠬᠤ ᠳᠤ ᠲᠤᠰ ᠰᠦᠮ᠎ᠡ ᠶᠢᠨ ᠲᠤᠭᠠᠩ ᠬᠡᠪ ᠢᠶᠠᠷ ᠢᠶᠠᠨ ᠪᠠᠶᠢᠬᠰᠡᠨ ᠪᠢᠯᠡ᠃ ᠲᠤᠬᠠᠢ ᠶᠢᠨ ᠦᠶ᠎ᠡ ᠶᠢᠨ ᠰᠢᠷ᠎ᠡ ᠶᠢᠨ ᠱᠠᠰᠢᠨ ᠤ ᠶᠡᠭᠡ ᠪᠠᠭᠰᠢ ᠪᠠᠨᠴᠢᠨ ᠪᠤᠬᠲᠡ᠂ ᠡᠨᠡ ᠬᠦ ᠮᠤᠩᠭᠤᠯ ᠵᠠᠰᠠᠭ ᠨᠤᠶᠠᠨ ᠤ ᠭᠡᠷ ᠤᠨ ᠰᠦᠮ᠎ᠡ ᠶᠢ ᠦᠵᠡᠭᠡᠳ ᠴᠤᠬᠤᠮ ᠶᠠᠮᠠᠷ ᠲᠦᠷᠦᠭᠲᠡᠯ ᠤᠯᠵᠦ ᠶᠠᠭᠤ ᠪᠤᠳᠤᠵᠦ ᠶᠠᠪᠤᠭᠰᠠᠨ ᠪᠤᠯ ᠳ᠋ᠠ᠃
 
ᠢᠷᠡᠯᠲᠡ᠄ ᠲᠠᠷᠬᠠᠨ ᠮᠤᠤᠮᠢᠩᠭᠠᠨ ᠤ ᠵᠠᠰᠠᠭ ᠤᠨ ᠤᠷᠳᠤᠨ ᠤ ᠮᠤᠩᠭᠤᠯ ᠰᠦᠯᠵᠢᠶ᠎ᠡ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号