ᠲᠠᠭ᠎ᠠ ᠶᠢᠨ ᠰᠦᠮ᠎ᠡ
ᠨᠡᠶᠢᠲᠡᠯᠡᠭᠰᠡᠨ ᠴᠠᠭ᠄
2019-08-26
     ᠬᠠᠷ᠎ᠡ ᠲᠠᠭ᠎ᠠ᠂ ᠪᠤᠷᠦ ᠲᠠᠭ᠎ᠠ ᠭᠡᠵᠦ ᠬᠤᠶᠠᠷ ᠤᠨᠴᠠᠭᠠᠢ ᠠᠭᠤᠯᠠ ᠪᠤᠢ᠃ ᠲᠠᠭ᠎ᠠ ᠶᠢᠨ ᠰᠦᠮ᠎ᠡ ᠶᠢ ᠬᠠᠷ᠎ᠡ ᠲᠠᠭ᠎ᠠ ᠶᠢᠨ ᠪᠠᠷᠠᠭᠤᠨᠳᠠᠢ᠂ ᠪᠤᠷᠦ ᠲᠠᠭ᠎ᠠ ᠶᠢᠨ ᠦᠪᠦᠷ ᠡᠩᠭᠡᠷ ᠲᠤ ᠪᠠᠶᠢᠭᠤᠯᠵᠠᠢ᠃ ᠡᠶᠢᠮᠦ ᠠᠴᠠ ᠠᠭᠤᠯᠠ ᠶᠢᠨ ᠨᠠᠷ᠎ᠡ  ᠪᠠᠷ ᠨᠢ ᠨᠠᠷᠡᠯᠡᠭᠰᠡᠨ ᠰᠦᠮ᠎ᠡ ᠪᠤᠯᠤᠨ᠎ᠡ᠃ ᠢᠯᠡᠷᠭᠡᠶᠢᠯᠡᠯ ᠤᠨ ᠨᠡᠷ᠎ᠡ ᠪᠠᠶᠢᠬᠰᠡᠨ ᠡᠰᠡᠬᠦ ᠶᠢ ᠲᠡᠮᠳᠡᠭᠯᠡᠨ ᠦᠯᠡᠲᠡᠭᠰᠡᠨ ᠪᠠᠷᠢᠮᠲᠡ ᠦᠭᠡᠢ᠃ ᠬᠤᠰᠢᠭᠤᠨ ᠤ ᠨᠠᠮ ᠤᠨ ᠲᠡᠦᠭᠡ ᠶᠢ ᠡᠮᠬᠢᠳᠭᠡᠨ ᠨᠠᠶᠢᠷᠠᠭᠤᠯᠬᠤ ᠠᠯᠪᠠᠨ ᠭᠡᠷ ᠤᠨ ᠮᠠᠲ᠋ᠧᠷᠢᠶᠡᠯ ︵ᠽᠠᠨᠳᠠᠨ ᠨᠦᠬᠦᠷ ᠤᠨ ᠡᠮᠬᠢᠳᠭᠡᠭᠰᠡᠨ︶ ᠳᠤ ᠲᠠᠭ᠎ᠠ ᠶᠢᠨ ᠰᠦᠮ᠎ᠡ ᠶᠢ 1917 ᠤᠨ ᠳᠤ ᠪᠠᠶᠢᠭᠤᠯᠪᠡ ᠭᠡᠵᠦ ᠲᠡᠮᠳᠡᠭᠯᠡᠭᠰᠡᠨ ᠪᠠᠶᠢᠨ᠎ᠡ᠃      1990 ᠤᠨ ᠳᠤ ᠲᠡᠦᠭᠡ ᠪᠢᠴᠢᠬᠦ ᠲᠤᠬᠠᠢ ᠰᠢᠨᠡᠪᠤᠯᠠᠭ ᠰᠤᠮᠤᠨ ᠳᠤ ᠨᠠᠰᠤᠳᠠᠶᠢᠴᠤᠳ ᠤᠨ ᠰᠠᠭᠤᠳᠡᠯ ᠤᠨ ᠬᠤᠷᠡᠯ ᠳᠤ ᠲᠤᠤᠷᠡᠬᠢ ᠠᠰᠠᠭᠤᠳᠡᠯ ᠢ ᠶᠠᠷᠢᠯᠴᠠᠭᠠᠳ — ᠤᠤᠯ ᠤᠨ ᠮᠤᠤᠮᠢᠩᠭᠠᠨ ᠬᠤᠰᠢᠭᠤ 1888 ᠤᠨ ᠠᠴᠠ ᠡᠮᠦᠨ᠎ᠡ ᠬᠦᠶᠠᠩ ᠤᠨ ᠵᠡᠭᠦᠨᠲᠡᠬᠢ ᠤᠷᠬᠢᠯ ᠤᠨ ᠰᠦᠮ᠎ᠡ ᠠᠴᠠ ᠵᠡᠭᠦᠨᠲᠠᠢ ᠬᠤᠰᠢᠭᠤ ᠰᠦᠮ᠎ᠡ ᠶᠢᠨ ᠲᠡᠯ᠎ᠡ ᠳᠤ ᠬᠤᠰᠢᠭᠤ ᠵᠠᠰᠠᠭ ᠤᠨ ᠤᠷᠳᠤᠨ ᠨᠢ 1872—1888 ᠤᠨ ᠪᠤᠯᠳᠠᠯ᠎ᠡ 16 ᠵᠢᠯ ᠰᠠᠭᠤᠵᠦ ᠪᠠᠶᠢᠪᠡ᠃ ᠶᠡᠷᠦ ᠨᠢ ᠬᠤᠰᠢᠭᠤ ᠵᠠᠰᠠᠭ ᠤᠨ ᠤᠷᠳᠤᠨ ᠨᠢ ᠬᠠᠮᠢᠭ᠎ᠠ ᠪᠠᠶᠢᠪᠡᠯ ᠬᠤᠰᠢᠭᠤ ᠰᠦᠮ᠎ᠡ ᠪᠡ ᠬᠠᠪᠤᠲᠦ ᠬᠠᠰᠠᠷ ᠤᠨ ᠲᠠᠬᠢᠯᠭ᠎ᠠ ᠶᠢᠨ ᠭᠠᠵᠠᠷ ᠨᠢ ᠬᠠᠮᠲᠦ ᠲᠠᠭᠠᠵᠦ ᠪᠠᠶᠢᠳᠠᠭ ᠲᠡᠦᠭᠡᠨ ᠲᠡᠮᠲᠡᠭᠯᠡᠯ ᠲᠠᠢ ᠶᠤᠮ᠃ ᠡᠶᠢᠮᠦ ᠠᠴᠠ ᠬᠤᠰᠢᠭᠤ ᠰᠦᠮ᠎ᠡ ᠨᠢ 1917 ᠤᠨ ᠳᠤ ᠮᠤᠤᠮᠢᠩᠭᠠᠨ ᠬᠤᠰᠢᠭᠤᠨ ᠤ ᠵᠠᠰᠠᠭ ᠤᠨ ᠤᠷᠳᠤᠨ ᠴᠠᠭᠠᠠᠤᠪᠤᠭ᠎ᠠ ᠳᠤ ᠨᠡᠭᠦᠯᠭᠡᠵᠦ᠂ ᠬᠠᠪᠤᠲᠦ ᠬᠠᠰᠠᠷ ᠤᠨ ᠲᠠᠬᠢᠯᠭ᠎ᠠ ᠶᠢᠨ ᠦᠷᠦᠭᠡ ᠪᠠᠨ ᠬᠠᠷ᠎ᠡ ᠴᠠᠭᠠᠨ ᠬᠤᠶᠠᠷ ᠱᠤᠷᠤᠩ ᠤᠨ ᠠᠷᠦ ᠳᠤ ᠨᠡᠭᠦᠯᠭᠡᠨ ᠪᠠᠶᠢᠭᠤᠯᠵᠦ᠂ ᠬᠠᠪᠤᠳᠦ ᠬᠠᠰᠠᠷ ᠤᠨ ᠰᠠᠭᠠᠳᠠᠭ ᠨᠤᠮᠤ᠂ ᠬᠤᠶᠠᠭ ᠲᠤᠭᠤᠯᠠᠭ᠎ᠠ᠂ ᠰᠡᠷᠡᠭᠡ ᠵᠡᠷᠭᠡ ᠵᠡᠷ ᠵᠡᠪᠰᠡᠭ ᠢ ᠲᠠᠭ᠎ᠠ ᠶᠢᠨ ᠰᠦᠮ᠎ᠡ  ᠳᠤ ᠪᠤᠩᠬᠤᠯᠠᠵᠦ᠂ ᠲᠠᠭ᠎ᠠ ᠶᠢᠨ ᠰᠦᠮ᠎ᠡ ᠶᠢ ᠬᠤᠰᠢᠭᠤ ᠰᠦᠮ᠎ᠡ ᠪᠤᠯᠭᠠᠭᠰᠡᠨ ᠪᠠᠶᠢᠬ᠎ᠠ᠃      ᠴᠤᠬᠤᠮ ᠲᠠᠭ᠎ᠠ ᠶᠢᠨ ᠰᠦᠮ᠎ᠡ ᠨᠢ ᠡᠷᠲᠡ ᠪᠠᠶᠢᠭᠤᠯᠤᠭᠳᠠᠭᠰᠡᠨ ᠰᠢᠭ᠋ ᠨᠠᠰᠤᠳᠠᠶᠢᠴᠤᠳ ᠲᠤ ᠪᠤᠳᠤᠬᠳᠠᠵᠦ ᠪᠠᠶᠢᠨ᠎ᠡ᠃ ᠲᠠᠭ᠎ᠠ ᠶᠢᠨ ᠰᠦᠮ᠎ᠡ ᠨᠢ ᠰᠢᠷᠠᠴᠢᠯᠠᠭᠤᠨ ᠰᠦᠮ᠎ᠡ ᠶᠢᠨ ᠲᠠᠷᠠᠭ᠎ᠠ 1800 ᠤᠨ ᠠᠴᠠ ᠡᠮᠦᠨ᠎ᠡ ᠡᠰᠡᠭᠦᠯ᠎ᠡ ᠲᠡᠷᠡ ᠦᠶ᠎ᠡ ᠳᠤ ᠪᠠᠶᠢᠭᠤᠯᠤᠭᠳᠠᠭᠰᠡᠨ ᠪᠠᠶᠢᠬ᠎ᠠ᠃ ᠲᠤᠰ ᠰᠦᠮ᠎ᠡ ᠳᠤ ᠬᠤᠪᠢᠯᠭᠠᠨ ᠯᠠᠮᠠ ᠭᠡᠵᠦ ᠦᠭᠡᠢ᠃ ᠲᠤᠰ ᠰᠦᠮ᠎ᠡ ᠠᠴᠠ 1962 ᠤᠨ ᠤ ᠦᠶ᠎ᠡ ᠪᠠᠷ ᠬᠠᠪᠤᠲᠦ ᠬᠠᠰᠠᠷ ᠤᠨ ᠬᠤᠶᠠᠭ ᠲᠤᠭᠤᠯᠠᠭ᠎ᠠ᠂ ᠵᠡᠷ ᠵᠡᠪᠰᠡᠭ ᠪᠡ ᠰᠦᠮ᠎ᠡ  ᠳᠤ ᠪᠠᠶᠢᠬᠰᠡᠨ ᠭᠠᠨᠵᠤᠤᠷ ᠳ᠋ᠠᠨᠵᠤᠤᠷ ᠵᠡᠷᠭᠡ ᠨᠤᠮ ᠰᠤᠳᠤᠷ ᠪᠡ ᠬᠠᠪᠤᠲᠦ ᠬᠠᠰᠠᠷ ᠤᠨ ᠲᠠᠬᠢᠯᠭ᠎ᠠ ᠶᠢᠨ ᠤᠷᠳᠤᠨ ᠳᠤ ᠬᠠᠳᠠᠭᠠᠯᠠᠵᠦ ᠪᠠᠶᠢᠬᠰᠡᠨ ︽ᠠᠯᠳᠠᠨ ᠲᠤᠪᠴᠢ︾ ︵ᠮᠤᠩᠭᠤᠯ ᠪᠢᠴᠢᠮᠠᠯ ᠲᠡᠪᠲᠡᠷ︶ ᠵᠡᠷᠭᠡ ᠶᠢ ᠦᠪᠦᠷ ᠮᠤᠩᠭᠤᠯ ᠤᠨ ᠨᠡᠶᠢᠭᠡᠮ ᠤᠨ ᠰᠢᠨᠵᠢᠯᠡᠬᠦ ᠤᠬᠠᠭᠠᠨ ᠤ ᠬᠦᠷᠢᠶᠠᠯᠠᠩ ᠤᠨ ᠲᠤᠷᠤᠩᠭ᠎ᠠ ᠬᠡᠲᠡᠭ ᠬᠦᠮᠦᠨ ᠬᠡᠳᠦᠨ ᠲᠡᠮᠡᠭᠡᠨ ᠳᠤ ᠠᠴᠢᠵᠦ ᠪᠠᠶ᠋ᠬᠠᠤᠪᠤᠭ᠎ᠠ ᠠᠭᠤᠷᠬᠠᠢ ᠳᠤ ᠪᠠᠭᠤᠯᠭᠠᠨ ᠭᠠᠯᠲᠦ ᠲᠡᠷᠭᠡ ᠪᠠᠷ ᠦᠪᠦᠷ ᠮᠤᠩᠭᠤᠯ ᠳᠤ ᠠᠪᠠᠴᠢᠬᠰᠡᠨ ᠪᠠᠶᠢᠨ᠎ᠡ᠃      ᠲᠤᠰ ᠰᠦᠮ᠎ᠡ ᠳᠤ ᠲᠦᠴᠢᠭᠡᠳ ᠤᠨ ᠠᠴᠠ ᠲᠡᠮᠴᠦᠭᠳᠤᠩᠷᠤᠪ ᠤᠨ ᠨᠠᠢᠮᠠᠳᠤᠭᠠᠷ ᠳ᠋ᠢᠸᠢᠽᠢ ᠶᠢᠨ ᠨᠢᠭᠡ ᠰᠤᠮᠤ ᠴᠡᠷᠢᠭ᠂ ᠲᠠᠷᠠᠭ᠎ᠠ ᠨᠢ ᠬᠤᠷᠢᠨ ᠲᠤᠯᠤᠳᠤᠭᠠᠷ ᠬᠤᠷᠢᠶ᠎ᠡ ᠶᠢᠨ ᠴᠡᠷᠢᠭ ᠪᠡ ᠬᠤᠰᠢᠭᠤᠨ ᠤ ᠠᠮᠦᠷ ᠢ ᠬᠠᠮᠠᠭᠠᠯᠠᠬᠤ ᠴᠡᠷᠢᠭ ᠰᠠᠭᠤᠵᠦ ᠦᠩᠭᠡᠷᠡᠵᠠᠢ᠃ ᠵᠢᠷᠠᠭᠠᠳ ᠤᠨ ᠳᠤ ᠪᠠᠰᠡ ᠮᠠᠯ ᠭᠡᠭᠡᠯᠳᠤᠭᠦᠯᠭᠡ ᠶᠢᠨ ᠦᠷᠲᠡᠭᠡ ᠰᠠᠭᠤᠵᠦ ᠪᠠᠶᠢᠵᠠᠢ᠃ ᠰᠤᠶᠤᠯ ᠤᠨ ᠬᠤᠪᠢᠰᠬᠠᠯ ᠤᠨ ᠲᠦᠢᠪᠡᠭᠡᠨ ᠳᠤ ᠲᠤᠰ ᠰᠦᠮ᠎ᠡ ᠶᠢᠨ ᠪᠠᠷᠢᠯᠭ᠎ᠠ ᠰᠢᠲᠦᠭᠡᠨ ᠨᠢ ᠰᠦᠢᠳᠭᠡᠭᠲᠡᠵᠦ ᠲᠠᠭᠤᠰᠤᠭᠰᠡᠨ ᠪᠠᠶᠢᠨ᠎ᠡ᠃
 
ᠢᠷᠡᠯᠲᠡ᠄ ᠲᠠᠷᠬᠠᠨ ᠮᠤᠤᠮᠢᠩᠭᠠᠨ ᠤ ᠵᠠᠰᠠᠭ ᠤᠨ ᠤᠷᠳᠤᠨ ᠤ ᠮᠤᠩᠭᠤᠯ ᠰᠦᠯᠵᠢᠶ᠎ᠡ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号