| ᠮᠤᠩᠭᠤᠯ ᠦᠨᠳᠦᠰᠦᠲᠡᠨ ᠤ ᠢᠲᠡᠭᠡᠨ ᠤᠮᠳᠠᠭᠠᠨ ᠤ ᠲᠡᠯ᠎ᠡ ᠪᠠᠷ ᠤᠯᠠᠨ ᠲᠦᠷᠦᠯ ᠵᠦᠢᠯ ᠪᠠᠶᠢᠳᠠᠭ ᠪᠦᠭᠡᠳ | ᠮᠠᠰᠢ ᠠᠷᠪᠢᠨ ᠬᠡᠯᠡᠯᠭᠡ ᠪᠤᠯᠤᠨ ᠶᠤᠰᠤ ᠲᠠᠢ ᠪᠠᠶᠢᠳᠠᠭ᠃ ᠤᠳᠤᠮᠰᠢᠯᠲᠦ ᠢᠲᠡᠭᠡᠨ ᠤᠮᠳᠠᠭᠠᠨ ᠨᠢ ᠰᠦ ᠴᠠᠭ᠎ᠠ᠂ ᠮᠢᠬ᠎ᠠ | ᠲᠤᠰᠤ ᠪᠠᠷ ᠭᠤᠤᠯᠳᠠᠵᠦ᠂ ᠠᠮᠦ ᠪᠤᠳᠠᠭ᠎ᠠ ᠪᠠᠷ ᠲᠡᠳ᠋ᠯᠡᠲᠡᠭ ᠪᠢᠯᠡ᠃ ᠡᠲᠦᠭᠡ ᠬᠦᠨᠡᠰᠦᠨ ᠨᠤᠭᠤᠭ᠎ᠠ ᠪᠤᠯᠤᠨ ᠠᠯᠢᠮ᠎ᠡ | ᠵᠢᠮᠢᠰ ᠤᠨ ᠬᠠᠷᠢᠴᠠᠯ ᠴᠦ ᠶᠡᠭᠡᠲᠡ ᠨᠡᠮᠡᠭᠲᠡᠭᠰᠡᠨ ᠪᠠᠶᠢᠨ᠎ᠡ᠃ ᠮᠠᠯᠵᠢᠬᠤ ᠤᠷᠤᠨ ᠳᠤ ᠰᠦ ᠰᠠᠭᠠᠯᠢ᠂ ᠮᠢᠬ᠎ᠠ ᠲᠤᠰᠤ᠂ | ᠠᠮᠦ ᠪᠤᠳᠠᠭ᠎ᠠ ᠪᠠᠷᠤᠭ ᠭᠤᠷᠪᠠᠨ ᠤ ᠨᠢᠭᠡ ᠬᠤᠪᠢ ᠶᠢ ᠡᠵᠡᠯᠡᠲᠡᠭ᠂ ᠬᠠᠭᠠᠰ ᠲᠠᠷᠢᠶᠠᠯᠠᠬᠤ ᠬᠠᠭᠠᠰ ᠮᠠᠯᠵᠢᠬᠤ ᠤᠷᠤᠨ | ᠳᠤ ᠠᠮᠦ ᠪᠤᠳᠠᠭ᠎ᠠ ᠪᠠᠷ ᠭᠤᠤᠯᠯᠠᠵᠦ᠂ ᠮᠢᠬ᠎ᠠ ᠰᠦ ᠪᠠᠷ ᠲᠠᠳ᠋ᠯᠡᠵᠦ᠂ ᠴᠤᠯ ᠲᠠᠷᠢᠶᠠᠯᠠᠬᠤ ᠤᠷᠤᠨ ᠳᠤ ᠮᠢᠬ᠎ᠠ ᠰᠦ ᠶᠢᠨ | ᠬᠠᠷᠢᠴᠠᠯ ᠮᠠᠰᠢ ᠪᠠᠭ᠎ᠠ ᠪᠠᠶᠢᠳᠠᠭ᠃ ᠮᠤᠩᠭᠤᠯ ᠦᠨᠳᠦᠰᠦᠲᠡᠨ ᠤ ᠤᠳᠤᠮᠰᠢᠯᠲᠦ ᠢᠲᠡᠭᠡᠨ ᠳᠤ ᠰᠦ ᠰᠠᠭᠠᠯᠢ᠂ ᠮᠢᠬ᠎ᠠ | ᠲᠤᠰᠤ ᠲᠤᠳᠠᠵᠦ ᠪᠤᠯᠳᠠᠭ ᠦᠭᠡᠢ᠃ ᠦᠭᠡᠷ ᠬᠤᠨᠢᠨ ᠤ ᠮᠢᠬ᠎ᠠ ᠪᠠᠷ ᠭᠤᠤᠯᠳᠠᠵᠦ᠂ ᠮᠦᠴᠢ ᠰᠢᠭᠦᠰᠦ ᠴᠢᠨᠠᠵᠦ ᠢᠲᠡᠭᠦ | ᠲᠤᠷᠠᠳᠠᠢ ᠪᠠᠶᠢᠳᠠᠭ᠃ ᠡᠰᠡᠪᠡᠰᠦ ᠮᠢᠬ᠎ᠠ ᠪᠤᠷᠴᠠᠯᠠᠵᠦ ᠡᠪᠡᠷᠡᠭᠡᠭᠡᠳ ᠢᠲᠡᠲᠡᠭ᠃ ᠤᠷᠲᠦ ᠤᠳᠠᠭᠠᠨ ᠬᠤᠭᠤᠴᠠᠭᠠᠨ ᠤ | ᠨᠡᠭᠦᠲᠡᠯ ᠮᠠᠯᠵᠢᠯ ᠤᠨ ᠠᠮᠢᠳᠤᠷᠡᠯ ᠲᠤᠮᠲᠡ ᠮᠤᠩᠭᠤᠯᠴᠤᠳ ᠰᠦ ᠴᠠᠭ᠎ᠠ ᠶᠢ ᠬᠠᠳᠠᠭᠠᠯᠠᠵᠦ ᠡᠳ᠋ᠯᠡᠬᠦ ᠠᠷᠭ᠎ᠠ ᠶᠢ | ᠡᠭᠦᠳᠴᠠᠢ᠃ ᠰᠦ ᠶᠢ ᠡᠭᠡᠲᠡᠩ ᠬᠦᠴᠢᠲᠠᠢ ᠰᠦ ᠪᠤᠶᠦ ᠠᠶᠢᠷᠠᠭ ᠪᠤᠯᠭᠠᠭᠰᠡᠨ ᠤ ᠲᠠᠷᠠᠭ᠎ᠠ ᠠᠶᠢᠷᠠᠭ ᠪᠦᠯᠢᠬᠦ᠂ | ᠠᠭᠠᠷᠴᠠ ᠰᠢᠭᠦᠭᠦ᠂ ᠠᠭᠠᠷᠤᠤᠯ ᠬᠠᠳᠠᠭᠠᠬᠤ ᠵᠡᠷᠭᠡ ᠤᠷ᠎ᠡ ᠶᠠᠪᠤᠴᠡ ᠪᠠᠷ ᠲᠠᠮᠵᠢᠨ ᠦᠷᠦᠮ᠎ᠡ᠂ ᠰᠢᠷ᠎ᠡ ᠲᠤᠰᠤ᠂ ᠰᠠᠭᠠᠯᠢ | ᠶᠢᠨ ᠠᠷᠠᠵᠡ᠂ ᠡᠭᠡᠵᠡᠭᠡᠢ᠂ ᠬᠤᠷᠤᠳ ᠬᠢᠬᠦ ᠠᠴᠠ ᠭᠠᠳᠠᠨ᠎ᠡ ᠰᠦ ᠶᠢ ᠪᠤᠴᠠᠯᠭᠠᠨ ᠰᠠᠮᠦᠷᠴᠦ ᠪᠠᠶᠢᠭᠠᠳ ᠬᠠᠳᠠᠭᠠᠭᠰᠡᠨ | ᠦᠷᠦᠮ᠎ᠡ ︵ᠲᠤᠭᠤᠭᠠᠨ ᠤ ᠦᠷᠦᠮ᠎ᠡ︶ ᠬᠢᠲᠡᠭ᠃ ᠡᠲᠡᠭᠡᠷ ᠴᠠᠭᠠᠨ ᠢᠲᠡᠭᠡᠨ ᠨᠢ ᠰᠢᠮ᠎ᠡ ᠲᠡᠵᠢᠭᠡᠯ ᠲᠠᠢ ᠮᠦᠷᠲᠡᠭᠡᠨ | ᠦᠨᠦᠷ ᠠᠮᠲᠡ ᠨᠢ ᠭᠤᠶᠢᠲᠡ ᠰᠠᠶᠢᠬᠠᠨ ᠪᠠᠶᠢᠳᠠᠭ᠃ ᠮᠤᠩᠭᠤᠯᠴᠤᠳ ᠪᠠᠰᠡ ᠤᠳᠤᠷ ᠬᠠᠶᠢᠳᠠᠭ ᠶᠠᠪᠤᠬᠤ ᠳᠤ ᠲᠦᠭᠦᠮ | ᠪᠠᠶᠢᠳᠠᠭ ᠦᠯ ᠰᠠᠶᠢᠳᠠᠢ ᠬᠠᠭᠤᠷᠤᠭᠰᠡᠨ ᠪᠤᠳᠠᠭ᠎ᠠ ᠢᠲᠡᠬᠦ ᠮᠠᠰᠢ ᠲᠤᠷᠠᠳᠠᠢ ᠪᠠᠶᠢᠳᠠᠭ᠃ ᠰᠦ ᠲᠠᠢ ᠴᠠᠢ ᠪᠤᠯ | ᠮᠤᠩᠭᠤᠯᠴᠤᠳ ᠤᠨ ᠨᠠᠰᠤᠨ ᠲᠤᠷᠰᠢ ᠰᠠᠯᠵᠦ ᠪᠤᠯᠠᠰᠢ ᠦᠭᠡᠢ ᠤᠮᠳᠠᠭᠠᠨ ᠨᠢ ᠶᠤᠮᠰᠠᠨ᠃ | ᠴᠠᠭᠠᠨ ᠢᠲᠡᠭᠡ ᠶᠢ ᠭᠡᠭᠦᠦ᠂ ᠦᠨᠢᠶ᠎ᠡ᠂ ᠬᠤᠨᠢ ᠢᠮᠠᠭ᠎ᠠ ᠪᠤᠯᠤᠨ ᠢᠩᠭᠡᠨ ᠤ ᠰᠦ ᠪᠠᠷ ᠦᠢᠯᠡᠳᠲᠡᠭ ᠪᠤᠯᠬᠤᠷ | ᠲᠦᠷᠦᠯ ᠵᠦᠢᠯ ᠤᠯᠠᠨ᠂ ᠠᠮᠳᠠ ᠰᠢᠮᠲᠡ ᠰᠠᠶᠢᠳᠠᠢ᠂ ᠰᠢᠮ᠎ᠡ ᠲᠡᠵᠢᠭᠡᠯ ᠢᠶᠠᠷ ᠡᠯᠪᠡᠭ ᠪᠠᠶᠢᠳᠠᠭ᠃ ᠶᠡᠷᠦ ᠨᠢ ᠴᠠᠭᠠᠨ | ᠢᠲᠡᠭᠡᠨ ᠪᠤᠯ ᠮᠤᠩᠭᠤᠯ ᠦᠨᠳᠦᠰᠦᠲᠡᠨ ᠤ ᠲᠡᠭᠡᠲᠦ ᠵᠡᠷᠭᠡ ᠶᠢᠨ ᠢᠲᠡᠭᠡᠨ ᠪᠤᠯᠬᠤᠷ ᠬᠦᠮᠦᠰ ︽ᠢᠲᠡᠭᠡᠨ ᠤ ᠲᠡᠭᠡᠵᠢ︾ | ᠬᠡᠲᠡᠭ ᠪᠢᠯᠡ᠃ ᠬᠡᠷ ᠵᠠᠭᠤᠷ᠎ᠡ ᠪᠠᠨ ᠢᠲᠡᠵᠦ ᠤᠤᠭᠤᠬᠤ᠂ ᠬᠡᠶᠢᠴᠢᠨ ᠵᠤᠴᠢᠨ ᠲᠠᠶᠢᠯᠠᠬᠤ᠂ ᠲᠡᠭᠡᠳᠤᠰ ᠰᠠᠬᠢᠭᠤᠰᠦ ᠳᠤ | ᠪᠠᠨ ᠡᠷᠭᠦᠭᠦ ᠳᠤ ᠪᠦᠷ ᠲᠤᠳᠠᠵᠦ ᠪᠤᠯᠤᠰᠢ ᠢᠲᠡᠭᠡᠨ ᠪᠢᠯᠡ᠃ | ᠬᠠᠭᠤᠷᠤᠭᠰᠡᠨ ᠪᠤᠳᠠᠭ᠎ᠠ᠂ ᠰᠦ ᠲᠠᠢ ᠴᠠᠢ ᠵᠢᠴᠢ ᠦᠷᠦᠮ᠎ᠡ᠂ ᠰᠢᠷ᠎ᠡ ᠲᠤᠰᠤ᠂ ᠬᠠᠳᠠᠭᠠᠭᠰᠡᠨ ᠦᠷᠦᠮ᠎ᠡ᠂ | ᠠᠭᠠᠷᠤᠤᠯ ᠡᠭᠡᠵᠡᠭᠡᠢ ᠪᠤᠯᠤᠨ ᠠᠶᠢᠷᠠᠭ ᠵᠡᠷᠭᠡ ᠨᠢ ᠮᠤᠩᠭᠤᠯᠴᠤᠳ ᠤᠨ ᠬᠠᠮᠤᠭ ᠤᠨ ᠤᠨᠴᠠᠯᠢᠭ ᠪᠦᠬᠦᠢ ᠢᠲᠡᠭᠡᠨ | ᠤᠮᠳᠠᠭᠠᠨ ᠪᠤᠯᠤᠨ᠎ᠡ᠃ ᠬᠡᠯᠡᠯᠭᠡᠨ ᠦᠭᠡᠢ ᠮᠦᠴᠢ᠂ ᠰᠢᠭᠦᠰᠦ ᠪᠤᠶᠦ ᠤᠭᠤᠴᠡ ᠵᠡᠷᠭᠡ ᠴᠤ ᠪᠤᠢ᠃ ᠮᠤᠩᠭᠤᠯᠴᠤᠳ | ᠢᠲᠡᠭᠡᠨ ᠤᠮᠳᠠᠭᠠᠨ ᠤ ᠰᠤᠶᠤᠯ ᠢ ᠶᠡᠭᠡᠲᠡ ᠡᠷᠬᠢᠮᠯᠡᠲᠡᠭ ᠪᠤᠯᠬᠤᠷ ᠦᠷᠭᠦᠯᠵᠢ ᠲᠠᠭᠤᠤ ᠬᠦᠭᠵᠢᠮ ᠬᠠᠪᠰᠤᠷᠭᠠᠬᠤ | ᠪᠤᠶᠦ ᠬᠦᠷ ᠨᠠᠷᠬᠢᠶᠠᠨ ᠲᠠᠢ ᠲᠠᠯᠠᠪᠠᠢ ᠳᠤ ᠲᠤᠰᠬᠠᠢ ᠢᠷᠦᠭᠡᠯ ᠮᠠᠬᠳᠠᠭᠠᠯ ᠤᠩᠰᠢᠵᠦ᠂ ᠮᠠᠬᠳᠠᠭᠠᠯ ᠲᠠᠭᠤᠤ ᠲᠠᠭᠤᠯᠠᠳᠠᠭ | ᠰᠠᠨ᠃ ᠵᠤᠩᠬᠢᠯᠠᠬᠤ ᠮᠤᠩᠭᠤᠯᠴᠤᠳ ᠠᠷᠢᠬᠢ ᠲᠠᠷᠠᠰᠦ ᠤᠤᠭᠤᠳᠠᠭ᠃ ᠬᠠᠷ᠎ᠡ ᠠᠷᠢᠬᠢ ᠪᠠᠷ ᠭᠤᠤᠯᠳᠠᠵᠦ᠂ ᠫᠢᠸᠤ᠋ ᠠᠷᠢᠬᠢ | ᠶᠢ ᠪᠤᠯ ᠪᠠᠷᠤᠭ ᠤᠮᠳᠠᠭᠠᠨ ᠤ ᠤᠷᠤᠨ ᠳᠤ ︽ᠡᠳ᠋ᠯᠡᠲᠡᠭ︾ ᠯᠡ ᠪᠤᠶᠠᠨ᠃ ᠵᠠᠷᠢᠮ ᠭᠠᠵᠠᠷ ᠪᠠᠰᠡ ᠰᠠᠭᠠᠯᠢ ᠶᠢᠨ ᠠᠷᠡᠵᠡ | ᠪᠤᠯᠤᠨ ᠴᠡᠭᠡ ︵ᠬᠠᠯᠬ᠎ᠠ ᠳᠤ ᠠᠶᠢᠷᠠᠭ ᠬᠡᠨ᠎ᠡ︶ ᠤᠤᠭᠤᠳᠠᠭ᠃ ᠴᠡᠭᠡ ᠪᠤᠯ ᠤᠤᠭᠤᠬᠤ ᠳᠤ ᠭᠤᠴᠦ ᠰᠠᠶᠢᠬᠠᠨ᠂ ᠤᠮᠳᠠ | ᠴᠠᠩᠭᠠᠭ᠎ᠠ ᠲᠠᠶᠢᠯᠬᠤ ᠳᠤ ᠤᠬᠢ ᠰᠠᠶᠢᠬᠠᠨ ᠰᠡᠷᠢᠭᠦᠨ ᠤᠮᠳᠠᠭᠠᠨ ᠶᠤᠮ᠃ ᠮᠤᠩᠭᠤᠯᠴᠤᠳ ᠡᠷᠬᠢᠮ ᠬᠦᠨᠳᠦᠲᠦ ᠵᠤᠴᠢᠨ | ᠢᠶᠠᠨ ᠴᠡᠭᠡ ᠪᠠᠷ ᠲᠠᠶᠢᠯᠠᠳᠠᠭ᠃ ᠢᠯᠠᠩᠭᠤᠶ᠎ᠡ ᠪᠠᠶᠠᠷ ᠲᠤᠷᠠᠰᠬᠠᠯ ᠤᠨ ᠡᠳᠤᠷ ᠠᠬ᠎ᠠ ᠲᠡᠭᠦᠦ ᠨᠠᠶᠢᠵᠡ ᠨᠠᠷ ᠴᠤᠬᠯᠠᠷᠠᠪᠡᠯ | ᠶᠡᠭᠡ ᠬᠡᠮᠵᠢᠶ᠎ᠡ ᠪᠠᠷ ᠴᠡᠭᠡ ᠤᠤᠭᠤᠵᠠᠭᠠᠳᠠᠭ ᠶᠤᠮ᠃ ᠲᠡᠯ᠎ᠡ ᠨᠤᠳᠤᠭ ᠲᠤ ᠬᠦᠷᠴᠦ ᠵᠤᠴᠢᠯᠠᠬᠳᠠᠪᠡᠯ ᠬᠡᠦᠭᠡᠨᠴᠤᠤᠯ ᠤᠨ | ᠠᠷᠢᠬᠢᠨ ᠤ ᠲᠠᠭᠤᠤ ᠶᠢ ᠰᠤᠨᠤᠰᠬᠤ ᠳᠤ ᠭᠤᠶᠦ ᠪᠤᠯᠪᠠᠴᠦ ᠰᠤᠬᠳᠤᠬᠤ ᠳᠤ ᠬᠢᠯᠪᠡᠷ ᠪᠠᠶᠢᠳᠠᠭ᠃ ᠲᠤᠰᠤᠯ ᠠᠷᠢᠬᠢ | ᠠᠮᠰᠠᠳᠠᠭ ᠦᠭᠡᠢ ᠬᠦᠮᠦᠨ ᠴᠦ ᠬᠡᠰᠡᠨ ᠲᠡᠯ᠎ᠡ ᠨᠤᠳᠤᠭ᠂ ᠲᠠᠷᠠᠭ ᠠᠶᠢᠷᠠᠭ᠂ ᠤᠶᠠᠩᠭᠠᠲᠦ ᠲᠠᠭᠤ ᠳᠤ ᠶᠡᠭᠡᠲᠡ | ᠰᠤᠬᠳᠤᠭᠤᠷᠠᠳᠠᠭ ᠠᠵᠢ︕ | ᠬᠠᠭᠤᠷᠤᠭᠰᠡᠨ ᠪᠤᠳᠠᠭ᠎ᠠ ᠪᠤᠯ ᠮᠤᠩᠭᠤᠯᠴᠤᠳ ᠤᠨ ᠡᠳᠤᠷ ᠲᠤᠳᠤᠮ ᠤᠨ ᠢᠲᠡᠭᠡᠨ ᠤ ᠨᠢᠭᠡ ᠪᠢᠯᠡ᠃ ᠵᠠᠷᠢᠮ | ᠭᠠᠵᠠᠷ ᠪᠠᠰᠡ ︽ᠮᠤᠩᠭᠤᠯ ᠠᠮᠦ︾ ᠭᠡᠲᠡᠭ᠃ ᠨᠤᠯᠤ ᠰᠢᠷ᠎ᠡ ᠦᠩᠭᠡ ᠲᠠᠢ᠂ ᠮᠦᠬᠦᠯᠢᠭ ᠨᠢ ᠬᠠᠳᠠᠭᠤ ᠰᠢᠭ᠋ | ᠬᠠᠷᠠᠬᠳᠠᠪᠠᠴᠦ ᠢᠲᠡᠬᠦ ᠳᠤ ᠬᠡᠦᠷᠡᠭ ᠮᠠᠰᠢ ᠠᠮᠲᠡ ᠰᠢᠮᠲᠡ ᠲᠠᠢ ᠪᠠᠶᠢᠳᠠᠭ ᠰᠠᠨ᠃ ᠬᠠᠭᠤᠷᠤᠭᠰᠡᠨ ᠪᠤᠳᠠᠭ᠎ᠠ ᠶᠢ | ᠬᠡᠦᠷᠡᠭ ᠬᠢᠭᠡᠳ ᠴᠢᠯᠲᠡᠩ ᠭᠡᠵᠦ ᠬᠤᠶᠠᠷ ᠵᠦᠢᠯ ᠢᠶᠠᠷ ᠠᠩᠭᠢᠯᠠᠳᠠᠭ᠃ ᠢᠲᠡᠬᠦ ᠠᠷᠭ᠎ᠠ ᠨᠢ ᠬᠡᠪᠡᠯ ᠮᠢᠬᠠᠨ ᠤ ᠱᠦᠯᠦᠨ | ᠳᠤ ᠪᠤᠶᠦ ᠵᠢᠵᠢᠭᠯᠡᠨ ᠬᠡᠷᠴᠢᠭᠰᠡᠨ ᠮᠢᠬ᠎ᠠ ᠲᠠᠢ ᠴᠢᠨᠠᠵᠦ ᠤᠭᠤᠴᠢᠯᠠᠭᠤᠷ ᠪᠤᠳᠠᠭ᠎ᠠ ᠬᠢᠵᠦ ᠢᠲᠡᠬᠦ ᠠᠴᠠ ᠭᠠᠳᠠᠨ᠎ᠡ ᠰᠦ | ᠲᠠᠢ ᠴᠠᠢ ᠪᠠᠷ ᠲᠡᠪᠳᠤᠭᠡᠵᠦ ᠢᠲᠡᠬᠦ ᠳᠤ ᠰᠢᠷ᠎ᠡ ᠲᠤᠰᠤ᠂ ᠠᠭᠠᠷᠤᠤᠯ ᠬᠤᠷᠤᠳ ᠬᠢᠵᠦ ᠢᠲᠡᠪᠡᠯ ᠤᠯᠠᠮ ᠴᠦ ᠭᠤᠶᠦ | ᠪᠠᠶᠢᠳᠠᠭ ᠪᠢᠯᠡ᠃ ᠪᠠᠰᠡ ᠬᠦᠴᠢᠲᠠᠢ ᠰᠦ᠂ ᠰᠠᠭᠠᠮᠠᠯ ᠰᠦ ᠡᠰᠡᠪᠡᠰᠦ ᠪᠦᠯᠢᠯᠭᠡ ᠶᠢᠨ ᠦᠷᠦᠮ᠎ᠡ ᠪᠤᠶᠦ ᠲᠦᠭᠦᠭᠡᠢ | ᠦᠷᠦᠮ᠎ᠡ ︵ᠵᠦᠭᠡᠭᠡᠢ︶᠂ ᠰᠢᠬᠢᠷ ︵ᠱᠠᠳᠠᠩ︶ ᠲᠠᠢ ᠵᠢᠭᠤᠷᠠᠵᠦ ᠢᠲᠡᠬᠦ ᠳᠤ ᠶᠤᠰᠤᠳᠠᠢ ᠴᠢᠬᠢ ᠤᠬᠳᠤᠯᠪᠠᠴᠦ ᠮᠡᠲᠡᠬᠦ | ᠦᠭᠡᠢ ᠬᠡᠮᠡᠷ᠃ ᠬᠠᠭᠤᠷᠤᠭᠰᠡᠨ ᠪᠤᠳᠠᠭ᠎ᠠ ᠲᠦᠭᠦᠮ᠂ ᠪᠡᠯᠡᠨ ᠮᠦᠷᠲᠡᠭᠡᠨ ᠦᠯ ᠰᠠᠶᠢᠳᠠᠢ ᠪᠠᠶᠢᠳᠠᠭ ᠠᠴᠠ | ᠮᠤᠩᠭᠤᠯᠴᠤᠳ ᠤᠨ ᠠᠮᠢᠳᠤᠷᠡᠯ᠂ ᠦᠢᠯᠡᠳᠪᠦᠷᠢᠯᠡᠯ᠂ ᠤᠳᠤᠷ ᠶᠠᠪᠤᠬᠤ ᠳᠤ ᠲᠤᠳᠠᠵᠦ ᠪᠤᠯᠤᠰᠢ ᠦᠭᠡᠢ ᠶᠤᠮ᠃ | ᠰᠦ ᠲᠠᠢ ᠴᠠᠢ ᠶᠢ ᠪᠠᠰᠡ ᠮᠤᠩᠭᠤᠯ ᠴᠠᠢ ᠬᠡᠨ᠎ᠡ᠃ ᠮᠤᠩᠭᠤᠯ ᠬᠦᠮᠦᠨ ᠤ ᠲᠤᠳᠠᠭᠳᠠᠵᠦ ᠪᠤᠯᠤᠰᠢ ᠦᠭᠡᠢ | ᠤᠬᠢ ᠤᠮᠳᠠᠭᠠᠨ ᠪᠢᠯᠡ᠃ ᠵᠠᠷᠢᠮ ᠬᠦᠮᠦᠰ ︽ᠮᠠᠯᠵᠢᠬᠤ ᠤᠷᠤᠨ ᠳᠤ ᠨᠢᠭᠡ ᠡᠷᠢᠨ ᠬᠤᠭᠤᠯᠠ ᠢᠲᠡᠬᠦ ᠦᠭᠡᠢ ᠪᠠᠶᠢᠵᠦ | ᠪᠤᠯᠤᠨ᠎ᠡ᠂ ᠬᠠᠷᠢᠨ ᠴᠠᠢ ᠤᠤᠭᠤᠬᠤ ᠦᠭᠡᠢ ᠪᠠᠶᠢᠵᠦ ᠦᠯᠦ ᠪᠤᠯᠤᠨ᠎ᠡ︾ ᠬᠡᠵᠦ ᠬᠡᠯᠡᠲᠡᠭ ᠨᠢ ᠪᠠᠰᠡ ᠤᠷᠤ ᠲᠠᠢ ᠦᠭᠡ᠃ | ᠰᠦ ᠲᠠᠢ ᠴᠠᠢ ᠪᠤᠴᠠᠯᠭᠠᠬᠤ ᠳᠤ ᠬᠡᠪ ᠤᠨ ᠴᠠᠢ ᠶᠢ ᠨᠦᠳᠦᠵᠦ ᠪᠠᠯᠪᠠᠭᠠᠳ ᠠᠳᠬᠤ ᠬᠠᠭᠤᠷᠠᠢ ᠴᠠᠢ ᠶᠢ ᠵᠢᠵᠢᠭ | ᠪᠦᠰ ᠰᠢᠭᠤᠲᠠᠢ ᠳᠤ ᠰᠠᠪᠠᠯᠠᠨ ᠲᠤᠭᠤᠭ᠎ᠠ ᠲᠠᠢ ᠤᠰᠤᠨ ᠳᠤ ᠬᠢᠵᠦ ᠪᠤᠴᠠᠯᠭᠠᠨᠡ᠃ ᠲᠤᠭᠤᠭ᠎ᠠ ᠲᠠᠢ ᠴᠠᠢ ᠪᠤᠴᠠᠯᠬᠤ | ᠳᠤ ᠴᠠᠢ ᠪᠠᠨ ᠲᠠᠰᠤᠷᠠᠭ᠎ᠠ ᠦᠭᠡᠢ ᠰᠠᠮᠤᠷᠤᠨ᠂ ᠵᠤᠬᠢᠬᠤ ᠬᠡᠮᠵᠢᠶᠡᠨ ᠤ ᠰᠦ᠂ ᠲᠠᠪᠤᠰᠦ ᠤᠷᠬᠢᠨ ᠪᠤᠴᠠᠯᠭᠠᠨᠡ᠃ ᠴᠠᠢ᠂ | ᠰᠦ᠂ ᠲᠠᠪᠤᠰᠦ ᠤᠰᠤ ᠨᠢ ᠲᠡᠩᠴᠡᠪᠡᠯ ᠰᠦ ᠲᠠᠢ ᠴᠠᠢ ᠶᠢᠨ ᠦᠨᠦᠷ ᠭᠡᠷ ᠲᠦᠭᠦᠷᠡᠩ ᠬᠠᠩᠬᠤᠯᠤᠨᠡ ᠠᠵᠢ︕ ᠪᠠᠰᠠ | ᠵᠠᠷᠢᠮ ᠭᠠᠵᠷ ᠰᠦ ᠲᠠᠢ ᠴᠠᠢ ᠪᠤᠴᠠᠯᠭᠠᠬᠤ ᠳᠠᠭᠠᠨ ᠲᠠᠪᠤᠰᠦ ᠤᠷᠬᠢᠳᠠᠭ ᠦᠭᠡᠢ᠃ ᠪᠠᠰᠡ ᠵᠠᠷᠢᠮ ᠨᠢ ᠰᠦ ᠲᠠᠢ ᠴᠠᠢ | ᠪᠤᠴᠠᠯᠭᠠᠬᠤ ᠳᠠᠭᠠᠨ ᠬᠠᠭᠤᠷᠤᠭᠰᠡᠨ ᠪᠤᠳᠠᠭ᠎ᠠ ᠪᠤᠶᠦ ᠨᠠᠷᠢᠮᠦ ᠶᠢ ᠰᠢᠷ᠎ᠡ ᠲᠤᠰᠤ ᠪᠤᠶᠦ ᠦᠭᠡᠷ ᠤᠨ ᠱᠦᠯᠦᠨ ᠤ | ᠲᠤᠰᠤ ᠪᠠᠷ ᠬᠠᠭᠤᠷᠴᠦ ᠲᠠᠬᠢᠨ ᠴᠠᠢ ᠳᠠᠭᠠᠨ ᠤᠷᠬᠢᠵᠦ ᠪᠤᠴᠠᠯᠭᠠᠳᠠᠭ᠃ ᠲᠡᠭᠡᠭᠦ ᠳᠤ ᠴᠠᠢ ᠪᠤᠳᠠᠭ᠎ᠠ ᠰᠢᠷ᠎ᠡ ᠲᠤᠰᠤ | ᠶᠢᠨ ᠦᠨᠦᠷ ᠬᠤᠯᠢᠯᠳᠤᠨ ᠬᠠᠩᠬᠤᠯᠵᠦ ᠢᠲᠡᠭᠡᠳ ᠭᠤᠶᠦ ᠪᠠᠶᠢᠳᠠᠭ︕ | ᠦᠷᠦᠮ᠎ᠡ ᠳᠤ ᠲᠦᠭᠦᠭᠡᠢ ᠦᠷᠦᠮ᠎ᠡ ︵ᠵᠦᠭᠡᠭᠡᠢ︶ ᠪᠤᠯᠤᠨ ᠬᠠᠳᠠᠭᠠᠭᠰᠡᠨ ᠦᠷᠦᠮ᠎ᠡ ︵ᠲᠤᠭᠤᠭᠠᠨ ᠤ ᠦᠷᠦᠮ᠎ᠡ︶ | ᠬᠡᠵᠦ ᠬᠤᠶᠠᠷ ᠵᠦᠢᠯ ᠪᠤᠢ᠃ ᠵᠠᠷᠢᠮ ᠭᠠᠵᠠᠷ ᠪᠠᠰᠡ ᠪᠦᠯᠢᠯᠭᠡ ᠶᠢᠨ ᠦᠷᠦᠮ᠎ᠡ ᠭᠡᠵᠦ ᠪᠠᠶᠢᠳᠠᠭ᠃ ᠦᠨᠢᠶᠠᠨ ᠤ ᠰᠦ᠂ | ᠬᠡᠭᠦᠦ᠂ ᠢᠩᠭᠡᠨ ᠤ ᠰᠦ ᠪᠡ ᠬᠤᠨᠢ ᠢᠮᠠᠭᠠᠨ ᠤ ᠰᠦ ᠶᠢ ᠵᠠᠳᠠᠭᠠᠢ ᠠᠮᠠᠰᠠᠷ ᠲᠠᠢ ᠰᠡᠪᠡᠨ ᠳᠤ ᠠᠭᠤᠯᠵᠦ ᠨᠢᠭᠡ ᠠᠴᠠ | ᠬᠤᠶᠠᠷ ᠡᠳᠤᠷ ᠲᠠᠯᠪᠢᠨ ᠡᠭᠡᠳᠡᠷᠡᠭᠦᠯᠵᠦ ᠲᠡᠭᠡᠭᠦᠷ ᠨᠢ ᠰᠠᠭᠤᠭᠰᠡᠨ ᠬᠤᠷᠤᠭᠤ ᠵᠤᠵᠠᠭᠠᠨ ᠵᠦᠢᠯ ᠢ ︽ᠲᠦᠭᠦᠭᠡᠢ | ᠦᠷᠦᠮ᠎ᠡ︾ ︵ᠵᠦᠭᠡᠭᠡᠢ︶ ᠬᠡᠲᠡᠭ᠃ ᠡᠭᠦᠨ ᠢ ᠲᠠᠬᠢᠨ ᠪᠤᠴᠠᠯᠭᠠᠵᠦ ᠪᠤᠯᠪᠠᠰᠤᠷᠠᠭᠤᠯᠪᠡᠯ ᠰᠢᠷ᠎ᠡ ᠲᠤᠰᠤ ᠪᠤᠯᠳᠠᠭ ᠰᠠᠨ᠃ | ᠪᠠᠰᠡ ᠨᠢᠭᠡ ᠵᠦᠢᠯ ᠨᠢ ᠪᠤᠯ ᠰᠠᠭᠠᠮᠠᠯ ᠰᠦ ᠪᠠᠨ ᠲᠤᠭᠤᠭᠠᠨ ᠳᠤ ᠪᠠᠨ ᠬᠢᠵᠦ ᠪᠤᠴᠠᠯᠭᠠᠨ ᠰᠢᠨᠠᠭ᠎ᠠ ᠪᠠᠷ ᠤᠯᠠᠨᠲᠡ | ᠰᠠᠮᠤᠷᠴᠦ ᠬᠦᠭᠡᠰᠦᠷᠦᠭᠦᠯᠦᠭᠡᠳ ᠭᠠᠯ ᠢ ᠨᠢ ᠪᠠᠭᠠᠰᠠᠬᠨ ᠨᠠᠮᠳᠠᠭᠤᠯᠤᠨᠡ᠃ ᠨᠠᠯᠢᠶᠠᠳ ᠬᠡᠳᠤᠨ ᠴᠠᠭ ᠪᠤᠯᠤᠭᠰᠡᠨ ᠤ | ᠲᠠᠷᠠᠭ᠎ᠠ ᠲᠤᠭᠤᠭ᠎ᠠ ᠲᠠᠢ ᠰᠦᠨ ᠤ ᠲᠡᠭᠡᠭᠦᠷ ᠲᠦᠷᠦᠰᠦᠯᠡᠨ ᠦᠷᠤᠮᠡᠰᠢᠭᠰᠡᠨ ᠢ ᠰᠠᠪᠬ᠎ᠠ ᠪᠠᠷ ᠡᠪᠳᠠᠶᠢᠭᠡᠨ ᠡᠯᠭᠦᠵᠦ | ᠠᠪᠤᠨ ᠰᠦ ᠶᠢ ᠨᠢ ᠰᠢᠭᠦᠷᠡᠭᠦᠯᠦᠭᠡᠳ ᠲᠡᠯ᠎ᠡ ᠲᠤᠭᠤᠢ ᠰᠠᠷ᠎ᠡ ᠰᠢᠭ᠋ ᠪᠤᠯᠭᠠᠨ ᠡᠪᠡᠷᠡᠭᠡᠨ ᠬᠠᠳᠠᠭᠠᠳᠠᠭ ᠶᠤᠮ᠃ ᠡᠭᠦᠨ ᠢ | ᠬᠠᠳᠠᠭᠠᠭᠰᠡᠨ ᠦᠷᠦᠮ᠎ᠡ ︵ᠪᠠᠰᠡ ᠲᠤᠭᠤᠭᠠᠨ ᠤ ᠦᠷᠦᠮ᠎ᠡ ᠪᠤᠶᠦ ᠪᠤᠯᠤᠭᠰᠡᠨ ᠦᠷᠦᠮ᠎ᠡ︶ ᠭᠡᠲᠡᠭ᠃ ᠦᠷᠦᠮ᠎ᠡ ᠨᠢ | ᠦᠨᠦᠷ ᠠᠮᠲᠡ ᠰᠠᠶᠢᠬᠠᠨ ᠪᠦᠭᠡᠳ ᠰᠢᠮ᠎ᠡ ᠲᠡᠵᠢᠭᠡᠯ ᠲᠠᠢ ᠮᠦᠷᠲᠡᠭᠡᠨ ᠡᠮ ᠵᠠᠰᠠᠯ ᠤᠨ ᠦᠢᠯᠡᠳᠤᠯ ᠲᠠᠢ ᠶᠤᠮ᠃ | ᠬᠠᠭᠤᠷᠤᠭᠰᠡᠨ ᠪᠤᠳᠠᠭ᠎ᠠ ᠲᠠᠢ ᠢᠲᠡᠬᠦ ᠳᠤ ᠦᠨᠡᠭᠡᠷ ᠭᠤᠶᠤ ᠡᠳ᠋᠃ | ᠰᠠᠭᠠᠯᠢ ᠶᠢᠨ ᠠᠷᠡᠵᠡ ᠪᠤᠯᠤᠨ ᠴᠡᠭᠡ ᠶᠢ ᠭᠡᠭᠦᠦ᠂ ᠦᠨᠢᠶ᠎ᠡ᠂ ᠬᠤᠨᠢ ᠢᠮᠠᠭ᠎ᠠ᠂ ᠢᠩᠭᠡᠨ ᠤ ᠰᠠᠭᠠᠮᠠᠯ ᠰᠦ ᠪᠠᠷ | ᠲᠦᠭᠦᠭᠡᠢ ᠮᠠᠲ᠋ᠧᠷᠢᠶᠡᠯ ᠪᠤᠯᠭᠠᠨ ᠨᠡᠷᠡᠳᠡᠭ ᠶᠤᠮ᠃ ᠤᠳᠤᠮᠰᠢᠯᠲᠦ ᠪᠤᠯᠪᠠᠰᠤᠷᠡᠭᠤᠯᠬᠤ ᠠᠷᠭ᠎ᠠ ᠨᠢ ᠲᠠᠷᠤᠢ ᠰᠠᠭᠠᠮᠠᠯ | ᠰᠦ ᠪᠠᠨ ᠰᠢᠷᠢᠨ ᠬᠦᠨᠦᠭ ᠪᠤᠶᠦ ᠠᠭᠠᠷᠦ ᠮᠤᠳᠤᠨ ᠬᠦᠨᠦᠭ ᠲᠤ ᠴᠤᠬᠯᠠᠭᠤᠯᠤᠨ ᠢᠰᠭᠡᠵᠦ ᠵᠤᠬᠢᠬᠤ ᠬᠡᠮᠵᠢᠶᠡᠨ ᠳᠤ | ᠬᠦᠷᠦᠭᠰᠡᠨ ᠤ ᠲᠠᠷᠠᠭ᠎ᠠ ᠪᠦᠯᠢᠭᠦᠷ ᠢᠶᠠᠷ ᠲᠠᠬᠢᠨ ᠲᠠᠪᠳᠠᠨ ᠪᠦᠯᠢᠲᠡᠭ᠃ ᠢᠩᠭᠢᠵᠦ ᠪᠦᠯᠢᠭᠰᠡᠨ ᠰᠦ ᠶᠢᠨ ᠬᠠᠯᠠᠭᠤᠨ | ᠨᠢ ᠲᠡᠭᠡᠭᠰᠢᠯᠡᠵᠦ ᠲᠤᠰᠤᠯᠢᠭ ᠰᠢᠯᠢᠲᠡᠭ ᠨᠢ ᠲᠡᠭᠡᠭᠦᠷ ᠨᠢ ᠬᠦᠪᠴᠦ᠂ ᠰᠢᠭᠠᠷᠦ ᠪᠤᠷᠵᠠᠩ ᠨᠢ ᠢᠷᠤᠭᠠᠷ ᠲᠤᠨᠢ | ᠲᠤᠨᠳᠠᠭ ᠰᠠᠨ᠃ ᠡᠨᠡ ᠪᠤᠯ ᠲᠠᠷᠤᠢ ᠰᠠᠭᠠᠯᠢ ᠶᠢᠨ ᠠᠷᠡᠵᠡ ᠶᠤᠮ᠃ ᠴᠡᠭᠡ ᠶᠢᠨ ᠤᠮᠳᠠᠭᠠᠨ ᠢ ᠭᠤᠤᠯᠳᠠᠭᠤ ᠵᠤᠨ | ᠨᠠᠮᠦᠷ ᠤᠨ ᠤᠯᠠᠷᠢᠯ ᠦᠭᠡᠷ ᠠᠳᠤᠭᠤᠳ ᠲᠠᠷᠭᠤ ᠠᠪᠤᠭᠰᠡᠨ ᠨᠠᠯᠠᠭᠠᠷ ᠨᠠᠮᠤᠷ ᠲᠠᠭᠠᠨ ᠦᠢᠯᠡᠳᠲᠡᠭ᠃ ᠴᠡᠭᠡ ᠶᠢᠨ | ᠦᠩᠭᠡ ᠨᠢ ᠲᠤᠩᠭᠠᠯᠠᠭ ᠰᠡᠪᠡᠭᠦᠨ᠂ ᠰᠫᠧᠷᠲ ᠤᠨ ᠬᠡᠮᠵᠢᠶ᠎ᠡ ᠲᠤᠩ ᠲᠤᠤᠷ᠎ᠡ ᠪᠠᠶᠢᠳᠠᠭ᠃ ᠴᠡᠭᠡ ᠤᠤᠭᠤᠬᠤ ᠳᠤ | ᠠᠮᠲᠡ ᠰᠢᠮᠲᠡ ᠲᠠᠢ ᠮᠦᠷᠲᠡᠭᠡᠨ ᠨᠤᠵᠤᠭᠤᠷᠡᠮᠡ ᠢᠰᠭᠦᠯᠡᠩ᠂ ᠰᠦ ᠬᠠᠩᠬᠤᠯᠳᠠᠭ᠃ ᠪᠦᠯᠢᠶᠠᠨ ᠴᠢᠨᠠᠷ ᠲᠠᠢ᠂ ᠬᠦᠢᠲᠡᠨ | ᠢ ᠬᠦᠭᠡᠭᠡᠵᠦ᠂ ᠴᠢᠰᠦᠨ ᠰᠤᠲᠡᠯ ᠢ ᠠᠮᠢᠳᠤᠯᠢᠬᠵᠢᠭᠤᠯᠵᠦ᠂ ᠰᠢᠷᠪᠤᠰᠦ ᠪᠤᠯᠴᠢᠩ ᠢ ᠴᠢᠩᠭᠠᠯᠠᠨ᠂ ᠬᠤᠳᠤᠭᠤᠲᠦ ᠬᠡᠪᠡᠯᠢ | ᠵᠠᠰᠠᠨ ᠠᠭᠤᠰᠬᠢ ᠠᠮᠢᠰᠬᠤᠯ ᠳᠤ ᠲᠤᠰᠡ ᠲᠠᠢ ᠪᠠᠶᠢᠳᠠᠭ᠃ | ᠬᠦᠴᠢᠲᠠᠢ ︵ᠴᠠᠭ᠎ᠠ᠂ ᠠᠶᠢᠷᠠᠭ ᠴᠦ ᠬᠡᠲᠡᠭ︶ ᠰᠦ ᠪᠤᠯ ᠮᠠᠯᠵᠢᠬᠤ ᠤᠷᠤᠨ ᠤ ᠡᠬᠢ ᠰᠢᠯᠢᠲᠡᠭ ᠤᠮᠳᠠᠭᠠᠨ ᠤ | ᠨᠢᠭᠡ ᠪᠤᠯᠤᠨ᠎ᠡ᠃ ᠮᠠᠯᠴᠢᠳ ᠪᠠᠷᠤᠭ ᠲᠠᠭᠠᠨ ᠰᠠᠭᠠᠮᠠᠯ ᠰᠦ ᠤᠤᠭᠤᠳᠠᠭ ᠦᠭᠡᠢ ᠬᠠᠷᠢᠨ ᠬᠦᠴᠢᠲᠠᠢ ᠰᠦ ᠤᠤᠭᠤᠳᠠᠭ | ᠶᠤᠮ᠃ ᠬᠦᠴᠢᠲᠠᠢ ᠰᠦ ᠶᠢ ᠨᠢᠭᠡ ᠪᠤᠯ ᠲᠤᠭᠤᠭᠠᠨ ᠳᠤ ᠬᠢᠵᠦ ᠴᠢᠨᠠᠭᠠᠳ ᠲᠠᠬᠢᠨ ᠬᠦᠷᠦᠭᠡᠵᠦ ᠡᠭᠡᠳᠡᠷᠡᠭᠦᠯᠵᠦ ᠬᠢᠲᠡᠭ᠃ | ᠡᠰᠡ ᠪᠤᠯ ᠪᠤᠳᠤᠩ ᠰᠠᠪᠡ ᠲᠠᠢ ᠰᠠᠭᠠᠮᠠᠯ ᠰᠦ ᠪᠠᠨ ᠨᠠᠷᠡᠨ ᠡᠭᠡᠪᠦᠷ ᠭᠠᠵᠠᠷ ᠪᠤᠶᠦ ᠬᠠᠯᠠᠭᠤᠨ ᠭᠠᠵᠠᠷ ᠲᠠᠯᠪᠢᠵᠦ | ᠡᠭᠡᠳᠡᠷᠡᠭᠦᠯᠦᠨ ᠢᠰᠭᠡᠵᠦ ᠦᠢᠯᠡᠳᠲᠡᠭ᠃ ᠬᠦᠴᠢᠲᠠᠢ ᠰᠦ ᠶᠢᠨ ᠦᠨᠦᠷ ᠨᠢ ᠬᠠᠮᠠᠷ ᠴᠤᠷᠬᠢᠨ ᠰᠡᠩᠭᠢᠨᠡᠵᠦ᠂ ᠤᠤᠭᠤᠬᠤ | ᠳᠤ ᠰᠡᠷᠢᠭᠦᠨ᠂ ᠤᠮᠲᠡ ᠬᠠᠷᠢᠳᠠᠭ᠃ ᠪᠠᠰᠡ ᠬᠠᠭᠤᠷᠤᠭᠰᠡᠨ ᠪᠤᠳᠠᠭ᠎ᠠ ᠪᠤᠶᠦ ᠰᠢᠭᠦᠭᠰᠡᠨ ᠪᠤᠳᠠᠭ᠎ᠠ ᠲᠠᠢ ᠵᠢᠭᠤᠷᠠᠵᠦ | ᠢᠲᠡᠲᠡᠭ᠃ ᠵᠤᠨ ᠳᠠᠭᠠᠨ ᠤᠮᠲᠡ ᠲᠠᠶᠢᠯᠦᠨ ᠬᠠᠯᠠᠭᠤᠨ ᠲᠠᠭᠤᠳᠠᠭ ᠮᠦᠷᠲᠡᠭᠡᠨ ᠰᠢᠩᠭᠡᠭᠡᠯᠲᠡ ᠳᠤ ᠲᠤᠰᠠᠳᠠᠢ | ᠪᠠᠶᠢᠳᠠᠭ ᠪᠢᠯᠡ᠃ | ᠪᠦᠯᠢᠯᠭᠡ ᠶᠢᠨ ᠦᠷᠦᠮ᠎ᠡ ᠶᠢ ᠰᠠᠭᠠᠮᠠᠯ ᠰᠦ ᠪᠠᠨ ᠸᠠᠭᠠᠷ ᠪᠤᠳᠤᠩ᠂ ᠬᠦᠨᠦᠭ ᠰᠠᠪᠠᠨ ᠳᠤ ᠬᠢᠵᠦ ᠢᠰᠭᠡᠨ | ᠡᠭᠡᠳᠡᠷᠡᠭᠦᠯᠦᠭᠡᠳ ᠲᠠᠭᠢᠨ ᠪᠦᠯᠢᠭᠦᠷ ᠢᠶᠠᠷ ᠲᠠᠬᠢᠨ ᠲᠠᠪᠳᠠᠨ ᠪᠦᠯᠢᠵᠦ᠂ ᠰᠦᠨ ᠲᠡᠭᠡᠭᠦᠷ ᠬᠤᠶᠠᠷ ᠬᠤᠷᠤᠭᠤ ᠵᠤᠵᠠᠭᠠᠨ | ᠬᠦᠭᠡᠰᠦᠷᠡᠭ ᠲᠤᠰᠤ ᠦᠷᠦᠮᠡᠰᠢᠵᠦ ᠲᠤᠬᠳᠠᠭᠰᠡᠨ ᠢ ᠪᠦᠯᠢᠯᠭᠡ ᠶᠢᠨ ᠦᠷᠦᠮ᠎ᠡ ︵ᠵᠠᠷᠢᠮ ᠨᠤᠳᠤᠭ ᠲᠤ ᠴᠠᠭᠠᠨ ᠲᠤᠰᠤ | ᠬᠡᠨ᠎ᠡ︶ ᠬᠡᠲᠡᠭ᠃ ᠡᠭᠦᠨ ᠢ ᠲᠤᠭᠤᠭᠠᠨ ᠳᠤ ᠬᠢᠵᠦ ᠵᠦᠭᠡᠭᠡᠯᠡᠨ ᠭᠠᠯ ᠢᠶᠠᠷ ᠰᠢᠷᠭᠠᠭᠠᠨ ᠪᠤᠴᠠᠯᠭᠠᠵᠦ ᠰᠢᠷ᠎ᠡ ᠲᠤᠰᠤ | ᠰᠢᠪᠬᠠᠳᠠᠭ ᠶᠤᠮ᠃ | ᠬᠤᠷᠤᠳ ᠬᠢᠬᠦ ᠳᠤ ᠦᠷᠦᠮ᠎ᠡ ᠶᠢ ᠨᠢ ᠠᠪᠤᠭᠰᠡᠨ ᠬᠦᠴᠢᠲᠠᠢ ᠰᠦ ᠪᠠᠨ ᠪᠤᠴᠠᠯᠭᠠᠵᠦ ᠲᠠᠬᠢᠨ ᠪᠦᠰ | ᠰᠢᠭᠤᠲᠠᠢ ᠳᠤ ᠬᠢᠭᠡᠳ ᠰᠢᠷᠠᠦᠰᠦ ᠶᠢ ᠨᠢ ᠰᠢᠪᠬᠠᠵᠦ᠂ ᠰᠦᠨ ᠤ ᠡᠭᠡᠲᠡᠮᠡᠭ ᠢ ᠨᠢ ᠬᠤᠷᠤᠳ ︵ᠡᠭᠡᠵᠡᠭᠡᠢ︶ ᠶᠢᠨ ᠬᠡᠪ | ᠲᠤ ᠬᠢᠵᠦ ᠬᠡᠪᠯᠡᠭᠡᠳ ᠬᠠᠳᠠᠭᠠᠳᠠᠭ᠃ ᠬᠤᠷᠤᠳ ᠨᠢ ᠬᠦᠴᠢᠯᠯᠢᠭ ᠪᠦᠭᠡᠳ ᠠᠮᠳᠠᠷᠬᠠᠭ ᠪᠠᠶᠢᠳᠠᠭ᠃ ᠵᠠᠷᠢᠮ ᠳᠠᠭᠠᠨ | ᠬᠤᠷᠤᠳ ᠬᠢᠬᠦ ᠳᠤ ᠰᠢᠬᠢᠷ ᠬᠤᠯᠢᠳᠠᠭ ᠶᠤᠮ᠃ ᠬᠠᠳᠠᠭᠠᠭᠰᠡᠨ ᠬᠤᠷᠤᠳ ᠢ ᠤᠷᠲᠦ ᠬᠤᠭᠤᠴᠠᠭ᠎ᠠ ᠪᠠᠷ ᠬᠠᠳᠠᠭᠠᠯᠠᠨ | ᠲᠠᠯᠪᠢᠵᠦ ᠪᠤᠯᠳᠠᠭ᠃ ᠬᠤᠷᠤᠳ ᠢ ᠬᠠᠭᠤᠷᠤᠭᠰᠡᠨ ᠪᠤᠳᠠᠭ᠎ᠠ ᠰᠦ ᠲᠠᠢ ᠴᠠᠢ ᠲᠠᠢ ᠢᠲᠡᠲᠡᠭ ᠪᠦᠭᠡᠳ ᠮᠠᠯ ᠳᠤ ᠪᠤᠶᠦ | ᠬᠤᠯᠠ ᠠᠶᠠᠨ ᠳᠤ ᠶᠠᠪᠤᠬᠤ ᠳᠠᠭᠠᠨ ᠬᠦᠨᠡᠰᠦ ᠪᠤᠯᠭᠠᠳᠠᠭ ᠶᠤᠮ᠃ ᠬᠤᠷᠤᠳ ᠪᠤᠯᠤᠨ ᠠᠭᠠᠷᠤᠤᠯ ᠨᠢ ᠤᠮᠲᠡ | ᠴᠠᠩᠭᠠᠭ᠎ᠠ ᠲᠠᠶᠢᠯᠵᠦ ᠦᠯ ᠲᠠᠷᠤᠳᠠᠭ ᠪᠦᠭᠡᠳ ᠬᠤᠤᠷ ᠲᠠᠶᠢᠯᠳᠠᠭ ᠰᠠᠶᠢᠨ ᠡᠳ᠋ ᠪᠢᠯᠡ᠃ | ᠪᠦᠬᠦᠯᠢ ᠬᠤᠨᠢᠨ ᠤ ᠰᠢᠭᠦᠰᠦ ᠪᠤᠯ ᠮᠤᠩᠭᠤᠯᠴᠤᠳ ᠤᠨ ᠬᠦᠨᠲᠦᠲᠦ ᠵᠤᠴᠢᠨ ᠢᠶᠠᠨ ᠲᠠᠶᠢᠯᠠᠳᠠᠭ | ᠤᠳᠤᠮᠰᠢᠯᠲᠦ ᠢᠲᠡᠭᠡᠨ ᠪᠤᠯᠤᠨ᠎ᠡ᠃ ᠮᠠᠰᠢ ᠡᠷᠲᠡ ᠳᠡᠭᠡᠨ ᠦᠪᠡᠳᠡᠭᠰᠢ ᠶᠡᠭᠡ ᠨᠠᠶᠢᠷ ᠬᠤᠷᠢᠮ᠂ ᠬᠤᠷᠡᠯ ᠴᠢᠭᠤᠯᠭ᠎ᠠ | ᠪᠤᠶᠦ ᠬᠦᠨᠲᠦᠲᠦ ᠵᠤᠴᠢᠨ ᠲᠠᠶᠢᠯᠠᠬᠤ ᠳᠤ ᠪᠦᠬᠦᠯᠢ ᠵᠠᠰᠠᠳᠠᠭ ᠶᠤᠮ᠃ ᠪᠦᠬᠦᠯᠢ ᠬᠤᠨᠢ ᠪᠠᠨ ᠪᠤᠷᠤᠯᠠᠭᠤᠯᠤᠭᠰᠡᠨ ᠤ | ᠲᠠᠷᠠᠭ᠎ᠠ ᠤᠷᠳᠤᠯᠵᠢᠨ ᠮᠤᠳᠤᠨ ᠴᠠᠷᠡ ᠳᠤ ᠵᠠᠰᠠᠵᠦ ᠲᠠᠯᠪᠢᠳᠠᠭ᠃ ᠲᠡᠷᠡ ᠨᠢ ᠶᠠᠭ ᠯᠡ ᠠᠮᠢᠳᠤ ᠬᠤᠨᠢ ᠬᠡᠪᠲᠡᠭᠰᠡᠨ | ᠰᠢᠭ ᠬᠠᠷᠠᠭᠳᠠᠳᠠᠭ᠂ ᠦᠨᠦᠷ ᠠᠮᠲᠡ ᠨᠢ ᠬᠠᠩᠬᠤᠯᠵᠦ᠂ ᠰᠠᠮᠰᠠ ᠭᠤᠪᠤᠭᠤᠨᠠᠭᠤᠯᠤᠨ ᠬᠤᠪᠳᠤᠭ ᠬᠦᠷᠭᠡᠬᠦ ᠠᠵᠢ᠃ | ᠲᠠᠶᠢᠯᠠᠯᠭ᠎ᠠ ᠡᠬᠢᠯᠡᠬᠦ ᠳᠤ ᠡᠷᠭᠡᠪᠰᠢ ᠢᠷᠦᠭᠡᠯ ᠮᠠᠬᠳᠠᠭᠠᠯ ᠤᠩᠰᠢᠵᠦ᠂ ᠲᠦᠭᠡᠭᠡᠯ ᠠᠮᠰᠠᠭᠤᠯᠬᠤ᠂ ᠬᠦᠨᠲᠡᠬᠦ ᠵᠡᠷᠭᠡ | ᠶᠤᠰᠤᠯᠡᠯ ᠢ ᠶᠠᠪᠤᠭᠤᠯᠳᠠᠭ᠃ ᠲᠡᠦᠭᠡᠨ ᠮᠠᠲ᠋ᠧᠷᠢᠶᠡᠯ ᠳᠤ ᠴᠢᠩᠬᠢᠰ ᠬᠠᠭᠠᠨ ᠪᠦᠬᠦᠯᠢ ᠰᠢᠭᠦᠰᠦ ᠲᠠᠯᠪᠢᠵᠦ᠂ ᠬᠤᠪᠢᠯᠠᠢ | ᠰᠠᠭᠤᠷᠢᠨ ᠳᠤ ᠰᠠᠭᠤᠬᠤ ᠳᠤ ᠴᠦ ᠪᠦᠬᠦᠯᠢ ᠰᠢᠭᠦᠰᠦ ᠵᠠᠰᠠᠵᠦ ᠲᠡᠭᠡᠳᠤᠰ ᠰᠠᠬᠢᠭᠤᠰᠦ ᠳᠠᠭᠠᠨ ᠲᠡᠭᠡᠵᠢᠯᠠᠨ ᠬᠡᠶᠢᠴᠢᠨ | ᠵᠤᠴᠢᠨ ᠢᠶᠠᠨ ᠲᠠᠶᠢᠯᠡᠪᠡ ᠭᠡᠵᠦ ᠲᠡᠮᠲᠡᠭᠯᠡᠵᠦ ᠪᠤᠢ᠃ ᠴᠢᠩ ᠤᠯᠤᠰ ᠤᠨ ᠦᠶ᠎ᠡ ᠳᠤ ᠬᠦᠷᠴᠦ ᠢᠷᠡᠭᠡᠳ ᠪᠦᠬᠦᠯᠢ | ᠰᠢᠭᠦᠰᠦ ᠲᠠᠯᠪᠢᠬᠤ ᠨᠢ ᠤᠯᠠᠮ ᠴᠦ ᠦᠪᠡᠲᠡᠭᠰᠢ ᠶᠤᠰᠤ ᠭᠤᠷᠢᠮ ᠲᠠᠢ ᠪᠤᠯᠵᠠᠢ᠃ ᠡᠲᠦᠭᠡ ᠦᠪᠦᠷ ᠮᠤᠩᠭᠤᠯ ᠤᠨ | ᠡᠯ᠎ᠡ ᠠᠶᠢᠮᠠᠭ ᠬᠤᠲᠡ ᠬᠤᠰᠢᠭᠤ ᠰᠢᠶᠠᠨ ᠬᠦᠨᠲᠦᠲᠦ ᠭᠡᠶᠢᠴᠢᠨ ᠵᠤᠴᠢᠨ ᠲᠠᠶᠢᠯᠠᠬᠤ ᠳᠤ ᠪᠦᠬᠦᠯᠢ ᠵᠠᠰᠠᠳᠠᠭ ᠪᠤᠯᠵᠠᠢ᠃ | ᠡᠨᠡ ᠨᠢ ᠭᠠᠳᠠᠭᠠᠲᠦ ᠲᠤᠳᠤᠭᠠᠲᠦ ᠳᠤ ᠦᠭᠡᠢ ᠨᠡᠷ᠎ᠡ ᠠᠯᠳᠠᠷᠰᠢᠵᠠᠢ᠃ | ᠪᠦᠬᠦᠯᠢ ᠵᠤᠮᠡ ᠪᠤᠯᠤᠨ ᠰᠢᠷᠡᠬᠰᠡᠨ ᠬᠤᠨᠢᠨ ᠤ ᠭᠤᠶ᠎ᠡ ᠪᠤᠯ ᠦᠪᠦᠷ ᠮᠤᠩᠭᠤᠯ ᠤᠨ ᠡᠯ᠎ᠡ ᠭᠠᠵᠠᠷ᠂ | ᠢᠯᠠᠩᠭᠤᠶ᠎ᠡ ᠠᠯᠠᠱᠠ ᠨᠤᠳᠤᠭ ᠤᠨ ᠮᠤᠩᠭᠤᠯᠴᠤᠳ ᠤᠨ ᠡᠷᠬᠢᠮ ᠬᠦᠨᠲᠦᠲᠦ ᠵᠤᠴᠢᠨ ᠢᠶᠠᠨ ᠬᠦᠨᠲᠦ ᠪᠠᠷ ᠲᠠᠶᠢᠯᠠᠳᠠᠭ | ᠢᠲᠡᠭᠡᠨ ᠶᠤᠮ᠃ ᠪᠦᠬᠦᠯᠢ ᠵᠤᠮᠡ ᠶᠢ ᠬᠢᠬᠦ ᠳᠤ ᠬᠤᠨᠢᠨ ᠤ ᠬᠡᠲᠡᠰᠦ ᠲᠤᠳᠤᠷ ᠲᠠᠪᠤᠨ ᠴᠤᠯᠤ ᠶᠢ ᠨᠢ ᠭᠠᠷᠭᠠᠵᠦ᠂ | ᠠᠷᠡᠰᠦ ᠶᠢ ᠨᠢ ᠦᠪᠴᠢᠯ ᠦᠭᠡᠢ ᠤᠨᠴᠠᠭᠠᠢ ᠵᠤᠭᠤᠭᠰᠡᠨ ᠲᠤᠯᠭ᠎ᠠ ᠳᠤ ᠰᠢᠷᠡᠵᠦ ᠪᠤᠯᠭᠠᠳᠠᠭ᠃ ᠠᠷᠡᠰᠦᠨ ᠳᠤᠨᠢ | ᠲᠤᠰᠤ ᠨᠡᠪᠴᠢᠨ ᠰᠢᠷᠡᠯᠡᠵᠦ᠂ ᠦᠨᠦᠷ ᠠᠮᠲᠡ ᠨᠢ ᠡᠲᠡᠭᠡᠳ ᠭᠤᠶᠦ ᠪᠠᠶᠢᠳᠠᠭ ᠰᠠᠨ᠃ | ᠮᠦᠴᠢ ᠰᠢᠭᠦᠰᠦ ᠪᠤᠯ ᠮᠤᠩᠭᠤᠯᠴᠤᠳ ᠤᠨ ᠪᠠᠶᠢᠩᠭᠤ ᠢᠲᠡᠲᠡᠭ ᠨᠢᠭᠡ ᠵᠦᠢᠯ ᠤᠨ ᠢᠲᠡᠭᠡᠨ ᠶᠤᠮ᠃ ᠬᠤᠨᠢᠨ | ᠤ ᠶᠠᠰᠦ ᠲᠠᠢ ᠮᠢᠬ᠎ᠠ ᠶᠢ ᠦᠶ᠎ᠡ ᠮᠦᠴᠢ ᠪᠠᠷ ᠨᠢ ᠡᠪᠲᠠᠢ ᠰᠠᠯᠭᠠᠵᠦ᠂ ᠴᠡᠪᠡᠷ ᠤᠰᠤᠨ ᠳᠤ ᠴᠢᠨᠠᠵᠦ ︵ᠪᠠᠭ᠎ᠠ ᠰᠠᠭ᠎ᠠ | ᠲᠠᠪᠤᠰᠦ ᠬᠢᠵᠦ ᠴᠢᠨᠠᠨᠡ︶ ᠪᠤᠯᠭᠤᠭᠠᠨᠡ᠃ ᠰᠢᠷᠦᠭᠦᠨ ᠪᠤᠰᠤ ᠭᠠᠯ ᠢᠶᠠᠷ ᠪᠤᠴᠠᠯᠭᠠᠵᠦ ᠪᠤᠷᠤᠯᠠᠭᠤᠯᠤᠮᠠᠬᠴᠠ ᠫᠢᠯᠠ | ᠰᠠᠪᠠᠨ ᠳᠤ ᠭᠠᠷᠭᠠᠵᠦ ᠢᠲᠡᠵᠡᠭᠡᠲᠡᠭ᠃ ᠰᠠᠪᠬ᠎ᠠ ᠰᠡᠷᠡᠭᠡ ᠬᠡᠷᠡᠭᠯᠡᠬᠦ ᠦᠭᠡᠢ ᠭᠠᠭᠴᠠ ᠬᠢᠳᠤᠭ᠎ᠠ ᠯᠡ ᠬᠡᠷᠡᠭᠯᠡᠲᠡᠭ᠃ | ᠮᠤᠩᠭᠤᠯ ᠦᠨᠳᠦᠰᠦᠲᠡᠨ ᠤ ᠢᠲᠡᠭᠡᠨ ᠤᠮᠳᠠᠭᠠᠨ ᠤ ᠵᠠᠩᠰᠢᠯ ᠳᠤ ᠴᠠᠭᠠᠨ ᠢᠲᠡᠭᠡ ᠤᠯᠠᠭᠠᠨ ᠢᠲᠡᠭᠡ ᠭᠡᠵᠦ | ᠠᠩᠭᠢᠯᠠᠳᠠᠭ᠃ ᠴᠠᠭᠠᠨ ᠢᠲᠡᠭᠡ ᠨᠢ ᠲᠠᠷᠤᠢ ᠰᠦ ᠰᠠᠭᠠᠯᠢ ᠶᠢᠨ ᠵᠦᠢᠯ ᠪᠤᠯᠤᠨ᠎ᠡ᠃ ᠤᠯᠠᠭᠠᠨ ᠢᠲᠡᠭᠡ ᠨᠢ ᠮᠢᠬ᠎ᠠ | ᠲᠤᠰᠤᠨ ᠤ ᠵᠦᠢᠯ ᠪᠤᠯᠤᠨ᠎ᠡ᠃ ᠡᠨᠡ ᠬᠦ ᠨᠡᠷᠡᠶᠢᠳᠤᠯ ᠨᠢ ᠦᠩᠭᠡ ᠪᠤᠳᠤᠭ ᠤᠨ ᠰᠡᠳᠬᠢᠯᠭᠡ ᠪᠠᠷ ᠪᠠᠶᠠᠯᠢᠭ ᠪᠦᠭᠡᠳ | ᠠᠮᠢᠳᠤᠯᠢᠭ ᠰᠠᠨᠠᠬᠳᠠᠨᠡ᠃ ᠮᠤᠩᠭᠤᠯᠴᠤᠳ ᠴᠠᠭᠠᠨ ᠦᠩᠭᠡ ᠶᠢ ᠲᠡᠭᠡᠳᠤᠯᠡᠵᠦ ᠦᠵᠡᠨ ᠦᠯᠵᠠᠢ ᠲᠡᠮᠪᠡᠷᠢᠯ ᠲᠠᠢ | ᠭᠡᠲᠡᠭ᠃ ᠶᠡᠭᠡ ᠪᠠᠭ᠎ᠠ ᠨᠠᠶᠢᠷ ᠬᠤᠷᠢᠮ ᠬᠡᠰᠡᠨ ᠦᠭᠡᠢ ᠪᠦᠷ ᠴᠠᠭᠠᠨ ᠢᠲᠡᠭᠡ ᠪᠠᠷ ᠲᠡᠭᠡᠵᠢᠯᠡᠵᠦ ᠡᠬᠢᠯᠡᠲᠡᠭ ᠪᠢᠯᠡ᠃ | ᠬᠡᠷ ᠤᠨ ᠡᠵᠡᠨ ᠮᠦᠩᠭᠦᠨ ᠠᠶᠠᠭᠠᠨ ᠳᠤ ᠴᠠᠭᠠᠨ ᠢᠲᠡᠭᠡ ᠲᠦᠭᠦᠷᠭᠡᠵᠦ ᠠᠬᠠᠮᠠᠳ ᠲᠡᠭᠡᠷ᠎ᠡ ᠦᠶ᠎ᠡ ᠠᠴᠠ | ᠡᠬᠢᠯᠡᠭᠦᠯᠦᠨ ᠴᠠᠭᠠᠨ ᠢᠲᠡᠭᠡ ᠠᠮᠰᠠᠭᠤᠯᠤᠨᠡ᠃ ᠡᠨᠡ ᠪᠤᠯ ᠨᠢᠭᠡ ᠵᠦᠢᠯ ᠤᠨ ᠠᠷᠢᠭᠤᠨ ᠲᠡᠭᠡᠲᠦ ᠶᠤᠰᠤᠯᠠᠯ ᠶᠤᠮ᠃ | ᠬᠦᠮᠦᠰ ᠪᠦᠷ ᠭᠡᠷ ᠤᠨ ᠡᠵᠡᠨ ᠤ ᠦᠭᠭᠦᠭᠰᠡᠨ ᠴᠠᠭᠠᠨ ᠢᠲᠡᠭᠡ ᠠᠴᠠ ᠬᠢᠴᠢᠶᠠᠩᠭᠦᠶᠢᠯᠠᠨ ᠠᠮᠰᠠᠵᠠᠭᠠᠳᠠᠭ᠃ ᠬᠡᠷᠪᠡ | ᠴᠦ ᠬᠦᠲᠡᠭᠡ ᠨᠤᠳᠤᠭ ᠮᠤᠩᠭᠤᠯ ᠠᠶᠢᠯ ᠳᠤ ᠤᠴᠢᠭᠠᠳ ᠮᠢᠬ᠎ᠠ ᠰᠢᠭᠦᠰᠦ ᠭᠠᠷᠭᠠᠬᠤ ᠲᠠᠢ ᠲᠤᠬᠢᠶᠠᠯᠳᠤᠬᠤ ᠳᠤ | ᠤᠷᠢᠳ ᠢᠶᠠᠷ ᠴᠠᠭᠠᠨ ᠢᠲᠡᠭᠡ ᠠᠮᠰᠠᠭ᠎ᠠ ᠦᠭᠡᠢ ᠪᠠᠷ ᠴᠢᠨᠠᠬᠰᠡᠨ ᠮᠢᠬᠠᠨ ᠳᠤ ᠭᠠᠷ ᠬᠦᠷᠪᠡᠯ ᠭᠡᠷ ᠤᠨ ᠡᠵᠡᠨ ᠤ | ᠲᠤᠷ᠎ᠡ ᠦᠭᠡᠶᠢᠴᠡᠯ ᠢ ᠬᠦᠷᠭᠡᠬᠦ ᠪᠤᠯᠤᠨ᠎ᠡ᠃ | ᠤᠮᠳᠠᠭᠠᠨ ᠢᠶᠠᠷ ᠭᠤᠤᠯᠯᠠᠳᠠᠭ ᠨᠢ ᠮᠤᠩᠭᠤᠯᠴᠤᠳ ᠤᠨ ᠨᠢᠭᠡ ᠤᠨᠴᠠᠯᠢᠭ ᠪᠤᠶᠦ᠃ ︽ᠦᠰᠦᠭ ᠤᠨ ᠡᠬᠢᠨ ᠠ᠂ | ᠢᠲᠡᠭᠡᠨ ᠤ ᠡᠬᠢᠨ ᠴᠠᠢ︾ ᠬᠡᠲᠡᠭ ᠢᠶᠠᠷ ᠴᠠᠢ ᠪᠤᠯ ᠮᠤᠩᠭᠤᠯ ᠬᠦᠮᠦᠨ ᠤ ᠴᠢᠷᠠᠢ ᠮᠦᠨ᠃ ᠮᠦᠨ ᠴᠦ ᠮᠤᠩᠭᠤᠯᠴᠤᠳ | ᠤᠨ ᠭᠤᠤᠯ ᠤᠮᠳᠠᠭᠠᠨ ᠪᠤᠯᠤᠨ᠎ᠡ᠃ ᠬᠦᠲᠡᠭᠡ ᠨᠤᠳᠤᠭ ᠤᠨ ᠮᠤᠩᠭᠤᠯ ᠠᠶᠢᠯ ᠢᠶᠠᠷ ᠶᠠᠪᠤᠬᠤ ᠪᠤᠯᠭᠠᠨ ᠭᠡᠷ ᠤᠨ | ᠡᠵᠡᠭᠲᠠᠢ ᠠᠴᠠ ᠲᠠᠨᠢᠬᠤ ᠦᠭᠡᠢ ᠬᠦᠮᠦᠨ ᠳᠤ ᠪᠦᠷ ᠴᠠᠢ ᠠᠶᠠᠭᠠᠯᠠᠳᠠᠭ ᠰᠠᠨ᠃ ᠶᠡᠷᠦ ᠠᠴᠠ ︽ᠴᠠᠢ ᠴᠦ ᠦᠭᠡᠢ | ᠴᠢᠷᠠᠢ ᠴᠦ ᠦᠭᠡᠢ︾ ᠮᠤᠩᠭᠤᠯ ᠠᠶᠢᠯ ᠪᠠᠷᠤᠭ ᠪᠠᠶᠢᠳᠠᠭ ᠦᠭᠡᠢ᠃ ᠮᠤᠩᠭᠤᠯᠴᠤᠳ ᠦᠷᠯᠦᠭᠡ᠂ ᠦᠲᠡ᠂ ᠤᠷᠤᠢ | ᠦᠭᠡᠢ ᠴᠠᠢ ᠤᠤᠭᠤᠳᠠᠭ᠃ ︽ᠨᠢᠭᠡ ᠡᠷᠢᠨ ᠬᠤᠭᠤᠯᠠ ᠢᠲᠡᠭᠦ ᠦᠭᠡᠢ ᠴᠦ ᠨᠢᠭᠡ ᠡᠷᠢᠨ ᠴᠠᠢ ᠤᠤᠭᠤᠬᠤ ᠦᠭᠡᠢ | ᠦᠯᠦ ᠪᠤᠯᠬᠤ︾ ᠬᠡᠲᠡᠭ ᠡᠨᠡ᠃ ᠮᠠᠯᠴᠢᠨ ᠬᠦᠮᠦᠨ ᠴᠠᠢ ᠤᠤᠭᠤᠬᠤ ᠳᠠᠭᠠᠨ ᠬᠠᠭᠤᠷᠤᠭᠰᠡᠨ ᠪᠤᠳᠠᠭ᠎ᠠ᠂ ᠰᠢᠷ᠎ᠡ ᠲᠤᠰᠤ᠂ | ᠠᠭᠠᠷᠤᠤᠯ᠂ ᠰᠢᠬᠢᠷ ᠵᠡᠷᠭᠡ ᠶᠢ ᠬᠢᠵᠦ᠂ ᠡᠪᠤᠯ ᠳᠡᠭᠡᠨ ᠮᠢᠬ᠎ᠠ ᠬᠦᠰᠭᠦᠯᠵᠡᠲᠡᠭ᠃ ᠮᠠᠯᠴᠢᠨ ᠠᠶᠢᠯ ᠳᠤ ᠵᠤᠴᠢᠯᠠᠵᠦ | ᠤᠴᠢᠪᠡᠯ ᠠᠶᠠᠭ᠎ᠠ ᠲᠠᠢ ᠴᠠᠢ ᠲᠠᠭᠤᠰᠬᠤ ᠲᠠᠢ ᠵᠡᠷᠭᠡ ᠴᠠᠢ ᠨᠡᠮᠡᠵᠦ ᠠᠶᠠᠭᠠᠯᠠᠨᠡ᠃ ᠡᠨᠡ ᠨᠢ ᠪᠠᠷᠤᠭ ᠮᠤᠩᠭᠤᠯ | ᠬᠢᠲᠡᠳ ᠬᠦᠮᠦᠨ ᠤ ᠢᠲᠡᠭᠡᠨ ᠤᠮᠳᠠᠭᠠᠨ ᠤ ᠢᠯᠭᠠᠭ᠎ᠠ ᠪᠢᠵᠡ︖ ᠬᠢᠲᠡᠳ ᠬᠦᠮᠦᠨ ᠪᠠᠭ᠎ᠠ ᠠᠴᠠ ᠪᠠᠨ ᠬᠠᠭᠤᠷᠠᠢ | ᠬᠠᠳᠠᠭᠤ ᠶᠠᠭᠤᠮ᠎ᠡ ᠢᠲᠡᠵᠦ ᠵᠠᠩᠰᠢᠬᠰᠡᠨ ᠤᠴᠢᠷ ᠠᠴᠠ ᠰᠢᠩᠭᠡᠨ ᠨᠤᠶᠢᠲᠡᠨ ᠶᠠᠭᠤᠮ᠎ᠡ ᠢᠲᠡᠪᠡᠯ ᠴᠠᠳᠤᠬᠰᠡᠨ ᠦᠭᠡᠢ | ᠰᠢᠭ ᠪᠠᠶᠢᠳᠠᠭ᠃ ᠮᠤᠩᠭᠤᠯ ᠬᠦᠮᠦᠨ ᠪᠠᠭ᠎ᠠ ᠠᠴᠠ ᠪᠠᠨ ᠴᠠᠢ ᠤᠤᠭᠤᠵᠦ᠂ ᠰᠦ ᠴᠠᠭ᠎ᠠ ᠤᠭᠤᠴᠢᠯᠠᠭᠤᠷ ᠪᠤᠳᠠᠭ᠎ᠠ | ᠵᠡᠷᠭᠡ ᠰᠢᠩᠭᠡᠨ ᠨᠤᠶᠢᠲᠡᠨ ᠶᠠᠭᠤᠮ᠎ᠡ ᠢᠲᠡᠵᠦ ᠵᠠᠩᠰᠢᠬᠰᠡᠨ ᠲᠤᠯᠠ ᠬᠠᠳᠠᠭᠤ ᠬᠠᠭᠤᠷᠠᠢ ᠶᠠᠭᠤᠮ᠎ᠡ ᠢᠲᠡᠪᠡᠯ ᠲᠤᠳᠤᠷ᠎ᠡ | ᠨᠢ ᠲᠦᠩᠭᠦᠶᠢᠵᠦ ᠡᠪ ᠦᠭᠡᠶᠢᠷᠡᠲᠡᠭ᠃ ᠤᠮᠳᠠᠭᠠᠨ ᠢᠶᠠᠷ ᠭᠤᠤᠯ ᠢᠲᠡᠰᠢ ᠤᠤᠭᠤᠰᠢ ᠪᠤᠯᠭᠠᠳᠠᠭ ᠨᠢ ᠮᠤᠩᠭᠤᠯᠴᠤᠳ | ᠤᠨ ᠵᠠᠩᠰᠢᠯ ᠪᠤᠯᠤᠬᠰᠡᠨ ᠤ ᠴᠤ ᠶᠤᠮ ᠤᠤ ᠮᠤᠩᠭᠤᠯᠴᠤᠳ ᠵᠤᠨ ᠳᠠᠭᠠᠨ ᠬᠤᠨᠢ ᠭᠠᠷᠭᠠᠵᠦ ᠮᠢᠬ᠎ᠠ ᠢᠲᠡᠬᠦ ᠶᠢ | ︽ᠱᠦᠯᠦ ᠤᠤᠭᠤᠨᠡ︾ ᠬᠡᠲᠡᠭ᠃ | ᠠᠪᠴᠦ ᠶᠠᠪᠤᠬᠤ ᠳᠤ ᠲᠦᠭᠦᠮ᠂ ᠢᠲᠡᠵᠦ ᠤᠤᠭᠤᠬᠤ ᠳᠤ ᠪᠡᠯᠡᠨ ᠪᠠᠶᠢᠳᠠᠭ ᠨᠢ ᠮᠤᠩᠭᠤᠯᠴᠤᠳ ᠤᠨ ᠢᠲᠡᠭᠡᠨ | ᠤᠮᠳᠠᠭᠠᠨ ᠤ ᠨᠢᠭᠡᠨ ᠤᠨᠴᠠᠯᠢᠭ ᠪᠢᠯᠡ᠃ ᠰᠦ ᠲᠠᠢ ᠴᠠᠢ ᠳᠤ ᠬᠠᠭᠤᠷᠤᠭᠰᠡᠨ ᠪᠤᠳᠠᠭ᠎ᠠ ᠲᠡᠪᠳᠤᠭᠡᠵᠦ ᠢᠲᠡᠲᠡᠭ ᠨᠢ | ᠨᠡᠭᠦᠳᠠᠯᠴᠢ ᠮᠠᠯᠴᠢᠨ ᠤ ᠨᠢᠭᠡ ᠶᠡᠭᠡ ᠡᠭᠦᠲᠦᠯᠲᠡ ᠮᠦᠨ᠃ ᠡᠨᠡ ᠨᠢ ᠠᠮᠢᠳᠤᠷᠡᠯ ᠤᠨ ᠦᠨᠳᠦᠰᠦ ᠪᠠᠷᠢᠮᠲᠡ ᠲᠠᠢ | ᠮᠦᠷᠲᠡᠭᠡᠨ ᠰᠢᠨᠵᠢᠯᠡᠬᠦ ᠤᠬᠠᠭᠠᠨ ᠤ ᠦᠨᠳᠦᠰᠦ ᠪᠠᠷᠢᠮᠲᠡ ᠲᠠᠢ ᠪᠢᠯᠡ᠃ ᠨᠢᠭᠡ ᠡᠷᠢᠨ ᠮᠢᠬ᠎ᠠ ᠢᠲᠡᠴᠢᠭᠡᠭᠡᠳ | ᠰᠠᠶᠢᠬᠠᠨ ᠢᠲᠡᠭᠡᠰᠢᠭ ᠴᠠᠢ ᠤᠤᠭᠤᠪᠡᠯ ᠦᠭᠡᠬᠦ ᠲᠤᠰᠤ᠂ ᠬᠠᠷᠠᠰᠦ ᠪᠤᠷᠤᠰᠦ ᠶᠢ ᠵᠤᠬᠢᠴᠠᠭᠤᠯᠤᠨ᠂ ᠦᠳᠭᠡᠨ ᠰᠢᠩᠭᠡᠨ | ᠲᠠᠭᠠᠷᠠᠵᠦ᠂ ᠱᠠᠩᠳᠠᠭᠤ ᠬᠦᠷᠬᠦ ᠦᠭᠡᠢ ᠮᠦᠷᠲᠡᠭᠡᠨ ᠬᠤᠳᠤᠭᠤᠲᠦ ᠬᠡᠪᠡᠯᠢ ᠲᠦᠩᠭᠦᠶᠢᠬᠦ ᠦᠭᠡᠢ᠂ ᠢᠲᠡᠰᠢ ᠤᠤᠭᠤᠰᠢ | ᠪᠠᠨ ᠰᠢᠩᠭᠡᠭᠡᠬᠦ ᠴᠦ ᠮᠠᠰᠢ ᠲᠤᠰᠡ ᠲᠠᠢ ᠪᠢᠯᠡ᠃ ᠮᠠᠯᠵᠢᠬᠤ ᠤᠷᠤᠨ ᠤ ᠮᠤᠩᠭᠤᠯᠴᠤᠳ ᠬᠠᠭᠤᠷᠤᠭᠰᠡᠨ ᠪᠤᠳᠠᠭ᠎ᠠ | ᠪᠠᠨ ᠲᠤᠭᠤᠯ ᠤᠨ ᠠᠷᠡᠰᠦᠨ ᠲᠤᠯᠤᠮ ᠳᠤ ᠰᠠᠪᠠᠯᠠᠵᠦ ︵ᠵᠠᠷᠢᠮ ᠳᠠᠭᠠᠨ ᠪᠤᠷᠴᠠ ᠰᠠᠪᠠᠯᠠᠳᠠᠭ︶᠂ ᠰᠢᠷ᠎ᠡ ᠲᠤᠰᠤ ᠪᠠᠨ | ᠬᠦᠵᠡᠭᠡᠨ ᠳᠤ ᠰᠠᠪᠠᠯᠠᠨ ᠭᠠᠨᠵᠤᠭᠠᠯᠠᠵᠦ ᠶᠠᠪᠤᠬᠤ ᠳᠤ ᠮᠠᠰᠢ ᠲᠦᠭᠦᠮ ᠪᠠᠶᠢᠳᠠᠭ᠃ ᠬᠦᠮᠦᠨ ᠬᠠᠷ᠎ᠡ ᠡᠵᠡᠭᠦᠢ ᠭᠡᠭᠡᠷ᠎ᠡ | ᠲᠡᠯ᠎ᠡ ᠳᠤ ᠤᠴᠢᠬᠰᠡᠨ ᠴᠦ ᠤᠰᠦ ᠯᠡ ᠪᠠᠶᠢᠳᠠᠭ ᠰᠠᠨ ᠪᠤᠯ ᠬᠡᠳᠤᠨ ᠠᠷᠭᠠᠯ ᠲᠡᠭᠦᠵᠦ ᠴᠠᠢ ᠴᠢᠨᠠᠵᠦ ᠤᠤᠭᠤᠳᠠᠭ᠃ | ᠡᠳᠦᠭᠡ ᠪᠤᠯᠳᠠᠯ᠎ᠡ ᠬᠠᠳᠤᠯᠠᠩ ᠳᠤ ᠭᠠᠷᠬᠤ᠂ ᠤᠳᠤᠷ ᠬᠠᠶᠢᠳᠠᠭ ᠶᠠᠪᠤᠬᠤ᠂ ᠬᠤᠯᠠ ᠠᠶᠠᠨ ᠪᠤᠶᠦ ᠲᠠᠪᠤᠰᠤᠨ ᠤ ᠠᠶᠠᠨ᠂ | ᠠᠩ ᠬᠦᠷᠦᠭᠡ ᠬᠢᠬᠦ ᠵᠡᠷᠭᠡ ᠳᠤ ᠮᠦᠨ ᠯᠡ ᠡᠨᠡ ᠬᠦ ᠲᠦᠭᠦᠮ ᠮᠦᠷᠲᠡᠭᠡᠨ ᠪᠡᠯᠡᠨ ᠪᠤᠷᠤᠬᠵᠢᠭᠤᠨ ᠠᠮᠢᠳᠤᠷᠡᠯ ᠤᠨ | ᠬᠡᠯᠪᠡᠷᠢ ᠶᠢ ᠪᠠᠷᠢᠮᠳᠠᠯᠠᠭᠰᠠᠭᠠᠷ ᠪᠠᠶᠢᠨ᠎ᠡ᠃ | ︽ᠮᠤᠩᠭᠤᠯ ᠰᠤᠶᠤᠯ ᠤᠨ ᠲᠠᠶᠢᠯᠦᠮᠵᠢ︾ ᠨᠤᠮ ᠠᠴᠠ ᠪᠠᠭᠤᠯᠭᠠᠪᠡ |