ᠮᠠᠨᠳᠠᠯ ᠤᠨ ᠰᠦᠮ᠎ᠡ
ᠨᠡᠶᠢᠲᠡᠯᠡᠭᠰᠡᠨ ᠴᠠᠭ᠄
2019-08-20
     ᠮᠠᠨᠳᠠᠯ ᠤᠨ ᠰᠦᠮ᠎ᠡ ᠶᠢᠨ ᠢᠯᠡᠷᠭᠡᠶᠢᠯᠡᠯ ᠤᠨ ᠨᠡᠷ᠎ᠡ ᠨᠢ ︽ᠢᠷᠦᠭᠡᠯ ᠢ ᠪᠠᠳᠠᠷᠠᠭᠤᠯᠤᠭᠴᠢ ᠰᠦᠮ᠎ᠡ︾ ᠭᠡᠲᠡᠭ᠃ ᠲᠤᠰ ᠰᠦᠮ᠎ᠡ ᠶᠢ ᠲᠦᠪᠡᠳ ᠠᠴᠠ ᠲᠤᠷᠤᠨ᠎ᠡ ᠭᠠᠵᠠᠷ ᠪᠠᠭᠤᠵᠦ ᠢᠷᠡᠭᠰᠡᠨ ᠵᠤᠴᠢ ᠯᠠᠮᠠ᠂ ᠮᠠᠨᠳᠠᠯ ᠭᠡᠰᠡᠨ ᠭᠠᠵᠠᠷ ᠤᠨ ᠲᠠᠪᠤᠨ ᠬᠤᠷᠤᠭᠤ ᠰᠢᠭ᠋ ᠠᠭᠤᠯᠠᠨ ᠤ ᠡᠩᠭᠡᠷ ᠲᠤ ᠲᠦᠷᠦ ᠭᠡᠷᠡᠯᠲᠦ ᠶᠢᠨ ᠬᠤᠷᠢᠨ ᠨᠢᠭᠡᠳᠤᠭᠡᠷ ᠤᠨ ︵1841 ᠤᠨ︶ ᠳᠤ ᠮᠤᠤᠮᠢᠩᠭᠠᠨ ᠬᠤᠰᠢᠭᠤᠨ ᠤ ᠲᠤᠯᠤᠳᠤᠭᠠᠷ ᠦᠶ᠎ᠡ ᠶᠢᠨ ᠵᠠᠰᠠᠭ ᠴᠤᠬᠪᠠᠳᠠᠷᠠᠬᠤ ᠶᠢᠨ ᠦᠶ᠎ᠡ ᠳᠤ ᠪᠠᠶᠢᠭᠤᠯᠵᠠᠢ᠃ ᠲᠤᠰ ᠰᠦᠮ᠎ᠡ ᠲᠡᠦᠭᠡᠨ ᠳᠤ ᠱᠠᠷᠠᠢ ᠰᠤᠮᠤᠨ ᠳᠤ ᠬᠠᠮᠢᠶᠠᠷᠤᠬᠳᠠᠵᠦ ᠪᠠᠶᠢᠪᠡ᠃ ᠲᠦᠪᠡᠳ ᠨᠤᠮ ᠤᠨ ᠤᠩᠰᠢᠯᠭ᠎ᠠ ᠲᠠᠢ᠂ ᠮᠠᠨᠳᠠᠯ ᠤᠨ ᠤᠪᠤᠭ᠎ᠠ ᠶᠢ ᠲᠠᠬᠢᠵᠦ ᠪᠠᠶᠢᠬᠰᠡᠨ ᠪᠤᠯᠬᠤᠷ ᠮᠠᠨᠳᠠᠯ ᠤᠨ ᠰᠦᠮ᠎ᠡ ᠭᠡᠵᠦ ᠨᠠᠷᠠᠶᠢᠳᠴᠠᠢ᠃ ᠵᠤᠴᠢ ᠯᠠᠮᠠ  ᠶᠢᠨ ᠰᠡᠭᠦᠯ ᠤᠨ ᠬᠤᠪᠢᠯᠭᠠᠨ ᠨᠢ 1949 ᠤᠨ ᠤ ᠬᠠᠪᠤᠷ ᠨᠠᠰᠦ ᠪᠠᠷᠠᠪᠡ᠃      ᠭᠤᠤᠯ ᠪᠤᠯᠬᠤ ᠬᠤᠷᠡᠯ ᠬᠤᠢ ᠨᠢ᠂ ᠵᠢᠯ ᠪᠦᠷᠢ ᠶᠢᠨ ᠲᠤᠯᠤᠭᠠᠨ ᠰᠡᠷ᠎ᠡ ᠶᠢᠨ ᠠᠷᠪᠠᠨ ᠳᠤ ᠤᠯᠠᠭᠠᠨ ᠰᠠᠬᠢᠭᠤᠯᠰᠤᠨ ᠢ ᠲᠠᠬᠢᠵᠦ᠂ ᠬᠦᠷᠦ ᠲᠠᠭᠤᠯᠠᠨ᠂ ᠴᠠᠮ ᠴᠠᠮᠨᠠᠳᠠᠭ᠃ ᠦᠷᠯᠦᠭᠡᠭᠦᠷ ᠮᠦᠷᠭᠦᠯᠴᠢᠨ ᠤᠪᠤᠨ ᠴᠤᠪᠤᠨ ᠦᠷᠭᠦᠯᠵᠢᠯᠠᠵᠦ ᠬᠤᠶᠠᠷ ᠰᠠᠩ ᠪᠡ ᠱᠠᠪᠢ ᠨᠠᠷ ᠤᠨ ᠳᠤ ᠢᠷᠡᠵᠦ᠂ ᠰᠦᠮ᠎ᠡ ᠲᠤᠭᠠᠩ᠂ ᠰᠠᠬᠢᠭᠤᠯᠰᠤᠨ ᠳᠤ ᠮᠦᠷᠭᠦᠵᠦ ᠡᠷᠭᠦᠴᠡ ᠪᠠᠷᠢᠨ᠂ ᠦᠲᠡ ᠪᠤᠯᠬᠤ ᠶᠢᠨ ᠦᠶ᠎ᠡ ᠪᠠᠷ ᠭᠤᠤᠯ ᠲᠤᠭᠠᠩ ᠤᠨ ᠡᠭᠦᠲᠡᠨ ᠡᠮᠦᠨᠡᠬᠢ ᠲᠠᠪᠴᠠᠩ ᠳᠤ ᠬᠤᠶᠠᠷ ᠲᠦᠰᠢᠯᠭᠡᠲᠠᠢ ᠰᠢᠷᠡᠭᠡᠨ ᠳᠤ ᠮᠠᠨᠳᠠᠯ ᠵᠡᠭᠡᠰᠤᠲᠠᠢ ᠬᠤᠶᠠᠷ ᠰᠦᠮ᠎ᠡ ᠶᠢᠨ ᠬᠤᠪᠢᠯᠭᠠᠨ ᠯᠠᠮᠠ ᠶᠢ ᠰᠠᠭᠤᠯᠭᠠᠨ ᠤᠷᠤᠬᠰᠢ  ᠪᠠᠨ ᠬᠤᠶᠠᠷ ᠭᠠᠷᠯᠠᠨ ᠤᠯᠪᠤᠭ ᠲᠠᠪᠢᠰᠴᠦ᠂ ᠲᠤᠰ ᠬᠤᠰᠢᠭᠤᠨ ᠤ ᠪᠡ ᠵᠡᠷᠭᠡᠯᠡᠲᠡᠭᠡ ᠬᠤᠰᠢᠭᠤᠨ ︵ᠵᠡᠭᠦᠨ ᠬᠦᠩ᠂ ᠲᠤᠮᠳᠠᠲᠦ ᠬᠦᠩ ᠤᠨ ᠬᠤᠰᠢᠭᠤ︶ ᠠᠴᠠ ᠢᠷᠡᠭᠰᠡᠨ ᠬᠡᠷᠬᠡᠮᠲᠡᠨ ᠲᠤᠰᠢᠶᠠᠯᠳᠠᠨ ᠨᠠᠷ ᠢ ᠰᠠᠭᠤᠯᠭᠠᠨ᠂ ᠪᠤᠰᠤᠳ ᠡᠩ  ᠤᠨ ᠮᠦᠷᠭᠦᠯᠴᠢᠳ ᠵᠡᠭᠦᠨ ᠪᠠᠷᠠᠭᠤᠨ ᠲᠡᠯ᠎ᠡ ᠪᠠᠷ ᠨᠢ ᠰᠤᠯᠠ ᠵᠤᠬᠰᠤᠵᠦ᠂ ᠲᠠᠪᠴᠠᠩ ᠤᠨ ᠲᠤᠮᠳᠠ ᠨᠢ ᠬᠦᠷᠦ ᠲᠠᠭᠤᠯᠠᠵᠦ᠂ ᠲᠠᠪᠤᠨ ᠡᠮᠡᠭᠲᠠᠢ ᠬᠦᠭᠵᠢᠮ᠂ ᠳ᠋ᠢᠩᠱᠠᠭ ᠰᠤᠳᠤᠷ ᠵᠡᠷᠭᠡ ᠶᠢ ᠲᠤᠰ ᠲᠤᠰ ᠠᠳᠬᠤᠵᠦ᠂ ᠨᠤᠮ ᠤᠨ ᠦᠭᠡ  ᠶᠢ ᠵᠤᠬᠢᠬᠤ ᠠᠶᠠᠯᠭᠤ ᠪᠠᠷ ᠲᠠᠭᠤᠯᠠᠳᠠᠭ ᠪᠠᠶᠢᠵᠠᠢ᠃ ᠱᠠᠳᠤᠨ ᠤ ᠲᠤᠤᠷ᠎ᠡ ᠬᠤᠶᠠᠷ ᠠᠵᠢᠷ ᠲᠤᠯᠤᠭᠠᠢ ᠳᠠᠭᠠᠨ ᠡᠪᠦᠭᠡᠨ ᠬᠦᠮᠦᠨ ᠤ ᠪᠠᠭ ᠵᠡᠭᠦᠵᠦ᠂ ᠪᠡᠶ᠎ᠡ ᠳᠡᠭᠡᠨ ᠪᠠᠭᠠᠳᠤᠷ ᠬᠦᠮᠦᠨ ᠤ ᠡᠮᠦᠰᠭᠡᠯ ᠰᠢᠭ ᠤᠷᠲᠦ ᠲᠤᠷᠭᠠᠨ ᠲᠡᠷᠯᠢᠭ ᠵᠡᠷᠭᠡ ᠶᠢ ᠴᠢᠮᠡᠭᠯᠡᠵᠦ ᠰᠦᠪᠡᠭᠡ ᠪᠠᠨ ᠲᠤᠯᠵᠦ᠂ ᠲᠡᠭᠦᠨ ᠤ ᠬᠤᠶᠠᠷ ᠲᠡᠯ᠎ᠡ ᠪᠠᠷ ᠨᠢ ᠨᠠᠢᠮᠠ ᠨᠠᠢᠮᠠᠨ ᠬᠦᠮᠦᠨ ᠬᠡᠮᠡᠷᠯᠢᠭ ᠲᠡᠷᠯᠢᠭ ᠡᠮᠦᠰᠴᠦ᠂ ᠲᠤᠯᠤᠭᠠᠢ ᠳᠠᠭᠠᠨ ᠶᠠᠰᠦ ᠶᠢ ᠬᠡᠯᠬᠢᠵᠦ ᠴᠢᠮᠡᠭᠯᠡᠭᠰᠡᠨ ᠰᠠᠨᠵᠢᠯᠭ᠎ᠠ ᠲᠠᠢ᠂ ᠪᠠᠶ᠎ᠡ ᠳᠡᠭᠡᠨ ᠵᠠᠰᠠᠯ ᠴᠢᠮᠡᠭ ᠵᠡᠭᠦᠵᠦ ᠭᠠᠷ ᠳᠠᠭᠠᠨ ᠬᠤᠩᠬᠤ ᠸᠴᠢᠷ ᠪᠠᠷᠢᠨ᠂ ᠦᠭᠡᠷ ᠪᠦᠷᠢᠶ᠎ᠡ᠂ ᠬᠡᠩᠭᠡᠷᠭᠡ ᠴᠠᠩ ᠤᠨ ᠠᠶᠠᠰ ᠢᠶᠠᠷ ᠴᠠᠮᠨᠠᠨ ᠪᠦᠵᠢᠭᠯᠡᠨ᠎ᠡ᠃ ᠡᠨᠡ ᠴᠠᠮ ᠪᠠᠷᠤᠭ ᠬᠤᠶᠠᠷ ᠴᠠᠭ ᠬᠢᠷᠢᠲᠠᠢ ᠶᠠᠪᠤᠬᠳᠠᠳᠠᠭ᠃      ᠬᠤᠷᠡᠯ ᠪᠠᠷᠠᠪᠡᠯ ᠵᠡᠷᠭᠡ ᠬᠡᠷᠭᠡᠮ ᠤᠨ ᠶᠡᠭᠡ ᠪᠠᠭ᠎ᠠ᠂ ᠦᠭᠯᠢᠭᠡ ᠶᠢᠨ ᠶᠡᠭᠡ ᠪᠠᠭ᠎ᠠ ᠪᠠᠷ ᠨᠢ ᠰᠦᠮ᠎ᠡ ᠶᠢᠨ ᠰᠠᠩ  ᠳᠤ ᠵᠠᠯᠠᠵᠦ᠂ ᠪᠦᠬᠦᠯᠢ ᠬᠤᠨᠢᠨ ᠤᠭᠤᠴᠡ᠂ ᠲᠠᠯᠦ ᠲᠦᠷᠪᠠᠨ ᠦᠨᠳᠦᠷ ᠬᠠᠪᠢᠷᠭ᠎ᠠ᠂ ᠰᠡᠭᠡᠷ ᠵᠡᠷᠭᠡ ᠪᠡ ᠡᠩ ᠤᠨ ᠮᠦᠷᠭᠦᠯᠴᠢᠳ ᠲᠤ ᠬᠦᠷᠲᠡᠯ᠎ᠡ ᠶᠡᠭᠡ ᠪᠠᠭ᠎ᠠ ᠬᠡᠰᠡᠨ ᠢᠯᠭᠠᠯ ᠦᠭᠡᠢ ᠴᠢᠨᠠᠬᠰᠡᠨ ᠮᠢᠬ᠎ᠠ᠂ ᠱᠦᠯᠦ ᠮᠠᠨᠳᠡᠦ ᠢᠲᠡᠭᠦᠯᠵᠦ᠂ ᠴᠠᠭᠠᠨ ᠢᠲᠡᠭᠡᠨ ᠠᠪᠴᠢᠷᠠᠬᠰᠡᠨ ᠰᠠᠪᠠᠨ ᠳᠤᠨᠢ ᠲᠤᠳᠤᠷᠭᠠᠨ ᠠᠮᠦᠰᠦ ᠬᠢᠵᠦ ᠦᠭᠲᠡᠭ᠃ ᠡᠶᠢᠮᠦᠷᠭᠦ ᠬᠤᠷᠡᠯ ᠨᠢ ᠲᠤᠰ ᠬᠤᠰᠢᠭᠤᠨ ᠳᠠᠭᠠᠨ ᠶᠡᠭᠡᠭᠡᠨ ᠬᠡᠮᠵᠢᠶᠠᠨ ᠤ ᠬᠤᠷᠡᠯ ᠴᠤᠬᠯᠠᠭᠠᠨ᠂ ᠨᠠᠶᠢᠷ ᠨᠠᠭᠠᠳᠤᠮ ᠳᠤ ᠲᠤᠭᠠᠴᠠᠬᠳᠠᠵᠦ᠂ ᠨᠢᠭᠡ ᠵᠢᠯ  ᠤᠨ ᠠᠵᠢᠯ ᠠᠮᠢᠳᠤᠷᠡᠯ ᠳᠠᠭᠠᠨ ᠶᠠᠭᠠᠷᠠᠯᠳᠤᠬᠰᠡᠨ ᠬᠦᠮᠦᠰ ᠲᠤ ᠠᠯᠵᠢᠶᠠᠯ ᠢᠶᠠᠨ ᠲᠠᠶᠢᠯᠵᠦ᠂ ᠤᠳᠠᠭᠠᠨ ᠡᠳᠤᠷ ᠤᠴᠠᠷᠠᠬᠰᠡᠨ ᠦᠭᠡᠢ ᠬᠦᠮᠦᠰ ᠲᠤ ᠬᠠᠷᠢᠯᠴᠠᠨ ᠠᠭᠤᠯᠵᠠᠵᠦ ᠶᠠᠷᠢᠯᠴᠠᠬᠤ ᠰᠠᠶᠢᠨ ᠲᠤᠬᠢᠶᠠᠯ ᠪᠤᠯᠵᠦ᠂ ᠬᠦᠷᠭᠡᠨ ᠲᠤᠭᠤᠵᠦ᠂ ᠬᠡᠦᠭᠡᠨ ᠰᠢᠨᠵᠢᠬᠦ᠂ ᠵᠠᠯᠠᠭᠤᠴᠤᠳ ᠦᠶᠡᠷᠭᠡᠨ ᠨᠠᠭᠠᠳᠬᠤ ᠰᠤᠶᠤᠯ ᠤᠷᠠᠯᠢᠭ ᠤᠨ ᠲᠠᠭᠠᠯᠠᠮᠵᠢᠲᠠᠢ ᠴᠤᠬᠯᠠᠭᠠᠨ ᠪᠤᠯᠳᠠᠭ ᠪᠠᠶᠢᠨ᠎ᠡ᠃ ᠴᠢᠯᠦᠭᠡᠯᠡᠭᠲᠡᠬᠦ ᠦᠶ᠎ᠡ ᠳᠤ ᠬᠤᠷᠢ ᠭᠠᠷᠤᠢ ᠯᠠᠮᠠ ᠲᠠᠢ ᠪᠠᠶᠢᠵᠠᠢ᠃ ᠲᠤᠰ ᠰᠦᠮ᠎ᠡ ᠨᠢ ᠰᠤᠶᠤᠯ ᠤᠨ ᠬᠤᠪᠢᠰᠬᠠᠯ ᠠᠴᠠ ᠡᠮᠦᠨ᠎ᠡ ᠪᠠᠶᠠᠨᠵᠢᠷᠦᠭᠡ ᠰᠤᠮᠤᠨ ᠤ ᠮᠠᠨᠳᠠᠯ ᠪᠠᠷᠢᠭᠠᠲᠡ ︵ᠭᠠᠴᠠᠭ᠎ᠠ︶ ᠶᠢᠨ ᠲᠦᠪ ᠪᠠᠶᠢᠪᠡ᠃ ᠰᠤᠶᠤᠯ ᠤᠨ ᠬᠤᠪᠢᠰᠬᠠᠯ ᠤᠨ ᠲᠤᠮᠲᠡ ᠡᠪᠲᠡᠭᠲᠡᠨ ᠰᠦᠢᠳᠭᠡᠭᠲᠡᠵᠦ᠂ ᠬᠤᠭᠤᠰᠤᠨ ᠪᠠᠭᠤᠷᠢ ᠨᠢ ᠤᠳᠤ  ᠶᠢᠨ ᠪᠠᠶᠠᠨᠵᠢᠷᠦᠭᠡ ᠰᠤᠮᠤᠨ ᠤ ᠮᠠᠨᠳᠠᠯ ᠭᠠᠴᠠᠭᠠᠨ ᠳᠤ ᠬᠤᠴᠤᠷᠪᠡ᠃
 
ᠢᠷᠡᠯᠲᠡ᠄ ᠲᠠᠷᠬᠠᠨ ᠮᠤᠤᠮᠢᠩᠭᠠᠨ ᠤ ᠵᠠᠰᠠᠭ ᠤᠨ ᠤᠷᠳᠤᠨ ᠤ ᠮᠤᠩᠭᠤᠯ ᠰᠦᠯᠵᠢᠶ᠎ᠡ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号