ᠪᠤᠳᠠᠲᠦ ᠬᠡᠷᠡᠭᠯᠡᠭᠡᠨ ᠬᠢᠭᠡᠳ ᠭᠤᠸ᠎ᠠ ᠰᠠᠶᠢᠬᠠᠨ — ᠮᠤᠩᠭᠤᠯ ᠦᠨᠳᠦᠰᠦᠲᠡᠨ ᠤ ᠬᠤᠪᠴᠠᠰᠦ ᠵᠠᠰᠠᠯ
ᠨᠡᠶᠢᠲᠡᠯᠡᠭᠰᠡᠨ ᠴᠠᠭ᠄
2019-07-09
     ᠬᠦᠮᠦᠨ ᠲᠦᠷᠦᠯᠬᠢᠲᠡᠨ ᠤ ᠬᠤᠪᠴᠠᠰᠦ ᠬᠤᠨᠠᠷ ᠬᠡᠲᠡᠭ ᠡᠬᠢᠯᠡᠩᠭᠦᠲᠡ ᠨᠢᠭᠤᠴᠠᠬᠠᠢ ᠵᠦᠢᠯ ᠢᠶᠠᠨ ᠲᠠᠯᠳᠠᠯᠠᠬᠤ ᠬᠠᠯᠬᠠᠪᠴᠢ ᠪᠦᠰ ᠲᠡᠳᠤᠢ ᠶᠠᠭᠤᠮ᠎ᠡ ᠪᠠᠶᠢᠬᠰᠡᠨ ᠢᠶᠠᠨ ᠰᠡᠭᠦᠯ ᠳᠤᠨᠢ ᠪᠤᠳᠠᠲᠦ ᠬᠡᠷᠡᠭᠯᠡᠭᠡᠨ ᠤ ᠴᠢᠨᠠᠷᠲᠠᠢ ᠪᠦᠬᠡᠳ ᠭᠤᠸ᠎ᠠ ᠰᠠᠶᠢᠬᠠᠨ ᠤ ᠶᠠᠭᠤᠮ᠎ᠡ ᠪᠤᠯᠵᠦ ᠤᠯᠠᠷᠢᠪᠡ᠃ ᠤᠷᠴᠢᠨ ᠲᠤᠭᠤᠷᠢᠨ ᠨᠢ ᠬᠦᠮᠦᠨ ᠲᠦᠷᠦᠯᠬᠢᠲᠡᠨ ᠤ ᠬᠤᠪᠴᠠᠰᠦ ᠵᠠᠰᠠᠯ ᠤᠨ ᠦᠨᠳᠦᠰᠦᠨ ᠶᠠᠩᠵᠦ ᠬᠡᠯᠪᠡᠷᠢ᠂ ᠵᠤᠵᠠᠭᠠᠨ ᠨᠢᠮᠭᠡᠨ ᠵᠢᠴᠢ ᠡᠳ᠋ ᠮᠠᠲ᠋ᠧᠷᠢᠶᠡᠯ ᠤᠨ ᠵᠦᠢᠯ ᠢ ᠰᠢᠢᠳᠪᠦᠷᠢᠯᠡᠵᠦ᠂ ᠠᠳᠠᠯᠢ ᠪᠤᠰᠤ ᠭᠠᠵᠠᠷ ᠵᠦᠢ ᠶᠢᠨ ᠤᠷᠴᠢᠨ ᠠᠬᠤᠢ ᠪᠤᠯᠤᠨ ᠠᠳᠠᠯᠢ ᠪᠤᠰᠤ ᠠᠭᠤᠷ ᠠᠮᠢᠰᠬᠤᠯ ᠳᠤ ᠵᠤᠬᠢᠴᠠᠭᠤᠯᠤᠨ ᠬᠦᠮᠦᠰ ᠠᠳᠠᠯᠢ ᠪᠤᠰᠤ ᠬᠤᠪᠴᠠᠰᠦ᠂ ᠵᠠᠰᠠᠯ ᠵᠢᠮᠰᠡᠭ ᠢ ᠬᠡᠷᠡᠭᠯᠡᠲᠡᠭ᠃ ᠪᠠᠶᠢᠭᠠᠯᠢ ᠶᠢᠨ ᠤᠷᠴᠢᠨ ᠠᠬᠤᠢ ᠶᠢᠨ ᠲᠤᠯᠠᠭᠠᠨ ᠤ ᠬᠡᠮᠵᠢᠶ᠎ᠡ᠂ ᠴᠢᠬᠢᠭ ᠬᠠᠭᠤᠷᠠᠢ ᠶᠢᠨ ᠪᠠᠶᠢᠲᠡᠯ ᠪᠤᠯᠤᠨ ᠰᠠᠯᠬᠢ ᠵᠢᠪᠡᠷ ᠤᠨ ᠪᠠᠶᠢᠲᠡᠯ ᠵᠡᠷᠭᠡ ᠡᠯᠧᠮᠧᠨ᠋ᠲ ᠨᠢ ᠪᠤᠯ ᠬᠤᠪᠴᠠᠰᠦ ᠵᠠᠰᠠᠯ ᠬᠢᠬᠦ ᠳᠤ ᠡᠷᠭᠡᠪᠰᠢ ᠪᠤᠳᠤᠯᠬᠢᠯᠠᠭᠤᠰᠢᠲᠠᠢ ᠪᠤᠰᠤᠳᠴᠢ ᠨᠦᠬᠦᠴᠡᠯ ᠮᠦᠨ᠃ ᠬᠤᠪᠴᠠᠰᠦ ᠵᠠᠰᠠᠯ  ᠤᠨ ᠪᠤᠷᠦ ᠮᠠᠲ᠋ᠧᠷᠢᠶᠡᠯ ᠨᠢ ᠡᠩ ᠤᠨ ᠪᠠᠶᠢᠲᠡᠯ ᠳᠤ ᠠᠭᠤᠷᠬᠠᠢ ᠡᠷᠦᠲᠡᠰᠦ ︵ᠠᠯᠮᠠᠰ᠂ ᠪᠤᠳᠤᠬᠲᠦ ᠡᠳ᠋︶ ᠪᠤᠯᠤᠨ ᠠᠮᠢᠲᠡᠨ ᠬᠦᠷᠦᠭᠡᠰᠦ᠂ ᠤᠷᠭᠤᠮᠠᠯ ᠵᠡᠷᠭᠡ ᠠᠴᠠ ᠡᠬᠢ ᠠᠪᠲᠠᠭ᠃ ᠵᠢᠱᠢᠶᠡᠯᠡᠬᠦ ᠳᠤ᠂ ᠠᠷᠡᠰᠦ ᠨᠤᠤᠰᠦ᠂ ᠬᠦᠪᠦᠩ᠂ ᠲᠤᠷᠭ᠎ᠠ ᠵᠡᠷᠭᠡ᠃ ᠶᠡᠭᠡ ᠲᠦᠯᠦᠪ ᠠᠳᠠᠯᠢᠪᠳᠤᠷ ᠭᠠᠵᠠᠷ ᠤᠷᠤᠨ ᠳᠤ ᠠᠮᠢᠳᠤᠷᠠᠵᠦ ᠪᠦᠬᠦᠢ ᠠᠳᠠᠯᠢ ᠪᠤᠰᠤ ᠦᠨᠳᠦᠰᠦᠲᠡᠨ ︵ᠠᠶᠢᠮᠠᠭ ᠪᠦᠯᠦᠭ︶ ᠤ ᠬᠤᠪᠴᠠᠰᠦ ᠵᠠᠰᠠᠯ ᠤᠨ ᠶᠠᠩᠵᠦ ᠬᠡᠯᠪᠡᠷᠢ᠂ ᠬᠡᠪ ᠨᠠᠮᠪᠡ ᠪᠠᠷᠤᠭ ᠪᠦᠷ ᠠᠳᠠᠯᠢᠪᠳᠤᠷ ᠪᠠᠶᠢᠳᠠᠭ᠃ ᠲᠡᠦᠭᠡᠨ ᠲᠡᠭᠡᠷ᠎ᠡ ᠾᠦᠩᠨᠤ᠂ ᠲᠦᠷᠺ᠂ ᠬᠢᠲᠡᠨ ᠵᠡᠷᠭᠡ ᠲᠡᠯ᠎ᠡ ᠨᠤᠳᠤᠭ ᠤᠨ ᠬᠦᠮᠦᠰ ᠪᠠᠷᠤᠭ ᠪᠦᠷ ᠤᠷᠲᠦ ᠬᠤᠪᠴᠠᠰᠦ᠂ ᠦᠨᠳᠦᠷ ᠲᠦᠷᠠᠶᠢᠲᠦ ᠭᠤᠳᠤᠯ ᠡᠮᠦᠰᠲᠡᠭ᠃ ᠠᠳᠠᠯᠢ ᠨᠢᠭᠡᠨ ᠴᠠᠭ ᠦᠶ᠎ᠡ ᠳᠤ᠂ ᠠᠷᠠᠪ ᠤᠨ ᠬᠤᠶᠢᠭ ᠲᠤ ᠠᠮᠢᠳᠤᠷᠠᠵᠦ ᠪᠠᠶᠢᠭ᠎ᠠ ᠨᠡᠭᠦᠲᠡᠯᠴᠢ ᠮᠠᠯᠴᠢᠨ ᠦᠨᠳᠦᠰᠦᠲᠡᠨ ᠤ ᠠᠷᠡᠪ ᠬᠦᠮᠦᠨ ᠪᠤᠯᠤᠨ ᠮᠤᠩᠭᠤᠯ ᠤᠨ ᠦᠨᠳᠦᠷᠯᠢᠭ ᠳᠠᠬᠢ ᠨᠡᠭᠦᠲᠡᠯᠴᠢ ᠮᠠᠯᠴᠢᠨ ᠦᠨᠳᠦᠰᠦᠲᠡᠨ ᠤ ᠬᠤᠪᠴᠠᠰᠦ ᠵᠠᠰᠠᠯ ᠤᠳ ᠴᠦ ᠶᠡᠭᠡ ᠲᠦᠯᠦᠪ ᠠᠳᠠᠯᠢᠪᠳᠤᠷ ᠪᠠᠶᠢᠳᠠᠭ᠃ ᠲᠡᠭᠡᠪᠡᠴᠦ ᠵᠡᠭᠦᠨ ᠬᠤᠶᠢᠲᠦ ᠠᠽᠢᠶ᠎ᠡ ᠶᠢᠨ ᠤᠢ ᠶᠢᠨ ᠢᠷᠭᠡᠳ ᠪᠤᠯᠤᠨ ᠲᠡᠯ᠎ᠡ ᠨᠤᠳᠤᠭ ᠤᠨ ᠠᠶᠢᠮᠠᠭ ᠪᠦᠯᠦᠭ ᠤᠨ ᠬᠢᠨ ᠬᠤᠪᠴᠠᠰᠦ ᠵᠠᠰᠠᠯ ᠬᠤᠭᠤᠷᠤᠨᠲᠦ ᠪᠠᠨ ᠶᠡᠭᠡ ᠵᠦᠷᠢᠶ᠎ᠡ ᠲᠠᠢ ᠪᠠᠶᠢᠳᠠᠭ ᠶᠤᠮ᠃ ᠦᠭᠡᠷ᠎ᠡ  ᠪᠠᠷ ᠬᠡᠯᠡᠪᠡᠯ᠂ ᠠᠮᠢᠳᠤᠷᠡᠯ ᠤᠨ ᠬᠡᠯᠪᠡᠷᠢ ᠮᠠᠶ᠋ᠢᠭ ᠨᠢ ᠠᠳᠠᠯᠢ ᠪᠤᠶᠦ ᠠᠳᠠᠯᠢᠪᠳᠤᠷ ᠬᠦᠮᠦᠰ ᠠᠮᠢᠳᠤᠷᠡᠯ ᠦᠢᠯᠡᠳᠤᠯᠭᠡ ᠲᠤᠮᠲᠡ ᠡᠭᠦᠲᠦᠨ ᠪᠦᠲᠦᠭᠡᠭᠰᠡᠨ ᠠᠳᠠᠯᠢᠪᠳᠤᠷ ᠬᠡᠪ ᠨᠡᠮᠪᠡ ᠲᠠᠢ ᠬᠤᠪᠴᠠᠰᠦ ᠵᠠᠰᠠᠯ ᠢ ᠡᠳ᠋ᠯᠡᠵᠦ ᠬᠡᠷᠡᠭᠯᠡᠲᠡᠭ᠃      ᠶᠠᠭ ᠡᠶᠢᠮᠦ ᠤᠴᠢᠷ ᠠᠴᠠ ᠦᠢᠯᠡᠳᠪᠦᠷᠢᠯᠡᠯ᠂ ᠠᠮᠢᠳᠤᠷᠡᠯ ᠤᠨ ᠬᠡᠯᠪᠡᠷᠢ ᠮᠠᠶ᠋ᠢᠭ ᠤᠨ ᠦᠭᠡᠷᠡᠴᠢᠯᠡᠯᠲᠡ ᠬᠢᠭᠡᠳ ᠠᠳᠠᠯᠢ ᠪᠤᠰᠤ ᠦᠨᠳᠦᠰᠦᠲᠡᠨ ᠤ ᠪᠤᠯᠪᠠᠰᠤᠨ ᠤ ᠰᠤᠯᠢᠯᠴᠠᠭ᠎ᠠ ᠪᠤᠯᠤᠨ ᠨᠦᠯᠦᠭᠡᠯᠡᠯ ᠢ ᠲᠠᠭᠠᠯᠳᠤᠨ᠂ ᠬᠤᠪᠴᠠᠰᠦ ᠵᠠᠰᠠᠯ ᠴᠦ ᠲᠠᠰᠤᠷᠡᠯᠲᠡ ᠦᠭᠡᠢ ᠬᠤᠪᠢᠷᠠᠵᠦ ᠪᠠᠶᠢᠳᠠᠭ ᠭᠡᠵᠦ ᠪᠤᠯᠬᠤ ᠶᠤᠮ᠃ ᠵᠢᠱᠢᠶᠡᠯᠡᠪᠡᠯ᠂ ᠡᠷᠲᠡ ᠤ ᠮᠤᠩᠭᠤᠯᠴᠤᠳ ᠡᠪᠤᠯ ᠳᠡᠭᠡᠨ ᠠᠷᠢᠶᠠᠳᠠᠨ ᠬᠦᠷᠦᠭᠡᠰᠦᠨ ᠤ ᠠᠷᠡᠰᠦ ᠪᠠᠷ ᠬᠢᠭᠰᠡᠨ ᠲᠡᠪᠡᠯ ᠡᠮᠦᠰᠴᠦ ᠪᠠᠶᠢᠬᠰᠡᠨ ᠢᠶᠠᠨ ᠶᠤᠸᠠᠨ ᠤᠯᠤᠰ ᠠᠴᠠ ᠬᠤᠶᠢᠰᠢ ᠬᠦᠪᠦᠩ ᠨᠡᠭᠡᠮᠡᠯ᠂ ᠲᠤᠷᠭ᠎ᠠ ᠪᠦᠰ ᠵᠡᠷᠭᠡ ᠶᠢᠨ ᠡᠮᠦᠰᠭᠡᠯ ᠭᠡᠷᠡᠭᠯᠡᠬᠦ ᠪᠤᠯᠵᠦ ᠪᠢᠯᠡ᠃ ᠯᠠᠮᠠ ᠶᠢᠨ ᠱᠠᠰᠢᠨ ᠮᠤᠩᠭᠤᠯ ᠨᠤᠳᠤᠭ ᠲᠤ ᠤᠯᠠᠮᠵᠢᠯᠠᠬᠳᠠᠭᠰᠡᠨ ᠠᠴᠠ ᠴᠢᠪᠠᠭᠠᠨ ᠬᠦᠷᠡᠩ ᠦᠩᠭᠡ ᠲᠠᠢ ᠬᠤᠪᠴᠠᠰᠦ ᠡᠮᠦᠰᠬᠦ ᠪᠤᠯᠪᠡ᠃ ᠤᠷᠴᠢᠨ ᠦᠶ᠎ᠡ ᠪᠤᠯᠵᠦ ᠢᠷᠡᠭᠡᠳ ᠮᠠᠨᠵᠦ᠂ ᠬᠢᠲᠡᠳ ᠦᠨᠳᠦᠰᠦᠲᠡᠨ ᠬᠢᠭᠡᠳ ᠮᠤᠩᠭᠤᠯ ᠬᠦᠮᠦᠨ ᠤ ᠬᠠᠷᠢᠴᠠᠭ᠎ᠠ ᠶᠠᠪᠤᠬᠤ ᠲᠤᠰᠤᠮ ᠨᠢᠬᠳᠠᠷᠠᠭᠰᠡᠨ ᠠᠴᠠ ᠠᠳᠠᠷ ᠬᠠᠭᠠᠯᠪᠦᠷᠢᠯᠠᠬᠳᠠᠨ ᠲᠠᠷᠢᠶ᠎ᠡ ᠲᠠᠷᠢᠵᠦ ᠤᠯᠠᠮᠵᠢᠯᠠᠯᠲᠦ ᠨᠡᠭᠦᠳᠠᠯᠴᠢ ᠮᠠᠯᠵᠢᠬᠤ ᠦᠨᠳᠦᠰᠦᠲᠡᠨ ᠤ ᠠᠵᠦ ᠦᠢᠯᠡᠰ ᠤᠯᠠᠮ ᠢᠶᠠᠷ ᠲᠤᠷᠤᠶᠢᠳᠠᠭᠰᠡᠨ ᠲᠤᠯᠠ ᠮᠤᠩᠭᠤᠯᠴᠤᠳ ᠤᠨ ᠠᠮᠢᠳᠤᠷᠡᠯ ᠤᠨ ᠬᠡᠯᠪᠡᠷᠢ ᠮᠠᠶ᠋ᠢᠭ ᠴᠦ ᠮᠠᠰᠢ ᠶᠡᠭᠡ ᠬᠤᠪᠢᠷᠠᠯᠲᠡ ᠲᠠᠢ ᠪᠤᠯᠵᠠᠢ᠃ ᠶᠡᠭᠡ ᠬᠡᠮᠵᠢᠶᠠᠨ ᠤ ᠨᠡᠭᠦᠲᠡᠯ ᠤᠨ ᠮᠠᠯ ᠠᠵᠦ ᠠᠬᠤᠢ ᠨᠢᠭᠡᠨᠲᠡ ᠲᠡᠦᠭᠡ ᠪᠤᠯᠤᠭᠰᠡᠨ ᠦᠨᠦᠳᠤᠷ ᠮᠠᠯᠴᠢᠳ ᠬᠢᠵᠠᠭᠠᠷ ᠲᠠᠢ ᠪᠡᠯᠴᠢᠭᠡᠷ ᠲᠡᠭᠡᠨ ᠮᠠᠯ ᠢᠶᠠᠨ ᠬᠠᠰᠢᠶᠠᠯᠠᠳᠠᠭ ᠪᠤᠯᠬᠤᠷ ᠬᠤᠯᠠ ᠠᠶᠠᠨ ᠤ ᠨᠡᠭᠦᠲᠡᠯ ᠳᠤ ᠶᠠᠪᠤᠵᠦ ᠮᠤᠷᠢ ᠤᠨᠤᠬᠤ ᠪᠠᠨ ᠪᠤᠯᠢᠭᠠᠳ ᠤᠷᠲᠦ ᠬᠤᠪᠴᠠᠰᠦ᠂ ᠦᠨᠳᠦᠷ ᠲᠦᠷᠡᠶᠢᠲᠦ ᠭᠤᠳᠤᠯ ᠵᠡᠷᠭᠡ ᠶᠢᠨ ᠬᠡᠷᠡᠭᠯᠡᠭᠡᠨ ᠤ ᠦᠷᠲᠡᠭ ᠨᠢ ᠶᠡᠭᠡ ᠪᠠᠷ ᠪᠠᠭᠤᠷᠠᠭᠠᠳ ᠤᠳᠤ ᠵᠦᠪᠭᠡᠨ ᠪᠡᠯᠭᠡᠲᠡᠯ ᠤᠨ ᠵᠠᠰᠠᠯ ︵ᠶᠤᠰᠤᠯᠡᠯ᠂ ᠨᠠᠶᠢᠷ ᠬᠤᠷᠢᠮ ᠤᠨ ᠵᠠᠰᠠᠯ ᠴᠢᠮᠡᠭᠯᠡᠯ︶ ᠲᠡᠳᠤᠢ ᠪᠤᠯᠵᠦ ᠴᠢᠬᠤᠯᠠ ᠪᠠᠶᠠᠷ ᠲᠤᠷᠠᠰᠬᠠᠯ ᠤᠨ ᠡᠳᠤᠷ ᠪᠤᠶᠦ ᠨᠠᠶᠢᠷ ᠨᠠᠭᠠᠳᠤᠮ ᠳᠤ ᠯᠡ ᠡᠮᠦᠰᠲᠡᠭ ᠪᠤᠯᠵᠠᠢ᠃ ᠲᠠᠷᠡ ᠨᠢ ᠡᠮᠦᠰᠭᠡᠯ ᠵᠠᠰᠠᠯ ᠤᠨ ᠭᠤᠸ᠎ᠠ ᠰᠠᠶᠢᠬᠠᠨ ᠤ ᠦᠨ᠎ᠡ ᠦᠷᠲᠡᠭ ᠢ ᠢᠯᠡᠳᠭᠡᠬᠦ ᠠᠴᠠ ᠭᠠᠳᠠᠨ᠎ᠡ ᠨᠡᠩ ᠴᠢᠬᠤᠯᠠ ᠨᠢ ᠨᠢᠭᠡᠨ ᠰᠤᠶᠤᠯ ᠤᠨ ᠪᠡᠯᠭᠡ ᠲᠡᠮᠲᠡᠭ ᠪᠤᠶᠦ ᠨᠢᠭᠡ ᠦᠨᠳᠦᠰᠦᠲᠡᠨ ᠤ ᠤᠳᠤᠮᠰᠢᠯᠲᠦ ᠰᠤᠶᠤᠯ ᠤᠨ ᠲᠤᠷᠠᠰᠤᠮᠵᠢ ᠪᠤᠯᠤᠭᠰᠡᠨ ᠪᠠᠶᠢᠨ᠎ᠡ᠃      ᠮᠤᠩᠭᠤᠯ ᠬᠤᠪᠴᠠᠰᠦ ᠵᠠᠰᠠᠯ ᠤᠨ ᠬᠦᠭᠵᠢᠯᠲᠡ ᠨᠢ ᠮᠤᠩᠭᠤᠯᠴᠤᠳ ᠤᠨ ᠤᠷᠲᠦ ᠬᠤᠭᠤᠴᠠᠭ᠎ᠠ ᠪᠠᠷ ᠠᠮᠢᠳᠤᠷᠡᠵᠦ ᠢᠷᠡᠭᠰᠡᠨ ᠲᠡᠯ᠎ᠡ ᠨᠤᠳᠤᠭ ᠤᠨ ᠭᠠᠵᠠᠷ ᠵᠦᠢ᠂ ᠠᠭᠤᠷ ᠠᠮᠢᠰᠬᠤᠯ ᠲᠠᠢ ᠨᠢᠬᠲᠡ ᠬᠠᠷᠢᠴᠠᠭ᠎ᠠ ᠲᠠᠢ ᠪᠢᠯᠡ᠃ ᠮᠤᠩᠭᠤᠯ ᠤᠨ ᠦᠨᠳᠦᠷᠯᠢᠭ ᠤᠨ ᠡᠪᠦᠯ ᠳᠡᠭᠡᠨ ᠲᠡᠰᠬᠢᠮ᠎ᠡ ᠬᠦᠢᠲᠡᠨ᠂ ᠵᠤᠨ ᠳᠠᠭᠠᠨ ᠪᠦᠭᠴᠢᠮ᠎ᠡ ᠬᠠᠯᠠᠭᠤᠨ᠂ ᠬᠠᠪᠤᠷ  ᠲᠠᠭᠠᠨ ᠭᠠᠩ ᠬᠠᠭᠤᠷᠠᠢ᠂ ᠨᠠᠮᠦᠷ ᠲᠠᠭᠠᠨ ᠰᠡᠷᠢᠭᠦᠨ ᠠᠭᠤᠷ ᠠᠮᠢᠰᠬᠤᠯ ᠨᠢ ᠮᠤᠩᠭᠤᠯ ᠦᠨᠳᠦᠰᠦᠲᠡᠨ ᠤ ᠬᠤᠪᠴᠠᠰᠦ ᠵᠠᠰᠠᠯ ᠤᠨ ᠵᠤᠵᠠᠭᠠᠨ ᠨᠢᠮᠭᠡᠨ᠂ ᠤᠷᠲᠦ ᠤᠬᠤᠷ ᠵᠡᠷᠭᠡ ᠤᠯᠠᠷᠢᠯ ᠤᠨ ᠤᠨᠴᠠᠯᠢᠭ ᠢ ᠪᠦᠷᠢᠯᠳᠤᠭᠦᠯᠵᠠᠢ᠃ ᠠᠯᠢ ᠴᠦ ᠦᠨᠳᠦᠰᠦᠲᠡᠨ ᠤ ᠬᠤᠪᠴᠠᠰᠦ ᠵᠠᠰᠠᠯ ᠨᠢ ᠴᠦ ᠪᠦᠷ ᠬᠦᠭᠵᠢᠯᠲᠡ ᠶᠢᠨ ᠲᠤᠮᠲᠡ ᠰᠤᠶᠤᠯ᠂ ᠲᠠᠪᠬᠤᠷᠭ᠎ᠠ᠂ ᠱᠠᠰᠢᠨ ᠰᠤᠷᠳᠠᠬᠤᠨ ᠵᠡᠷᠭᠡ ᠨᠡᠶᠢᠭᠡᠮᠴᠢ ᠴᠢᠨᠠᠷ ᠢ ᠤᠯᠠᠮᠵᠢᠯᠠᠵᠦ ᠪᠠᠶᠢᠳᠠᠭ᠃ ᠠᠳᠠᠯᠢᠬᠠᠨ ᠬᠡᠪ ᠨᠡᠮᠪᠡ ᠪᠦᠬᠦᠢ ᠬᠤᠪᠴᠠᠰᠦ ᠵᠠᠰᠠᠯ ᠨᠢ ᠵᠠᠷᠢᠮ ᠨᠠᠷᠢᠯᠢᠭ ᠲᠡᠯ᠎ᠡ ᠶᠢᠨ ᠤᠨᠴᠠᠯᠢᠭ ᠢᠶᠠᠷ ᠢᠶᠠᠨ ᠨᠡᠶᠢᠭᠡᠮ ᠤᠨ ᠪᠠᠶᠢᠷᠢ ᠰᠠᠭᠤᠷᠢ᠂ ᠬᠦᠢᠰᠦ ᠴᠢᠨᠠᠷ ᠤᠨ ᠢᠯᠭᠠᠯ ᠢ ᠲᠤᠳᠤᠯᠠᠵᠦ ᠪᠠᠶᠢᠳᠠᠭ᠃ ᠮᠤᠩᠭᠤᠯ ᠬᠤᠪᠴᠠᠰᠦ ᠵᠠᠰᠠᠯ ᠳᠤ ᠱᠠᠰᠢᠨ ᠰᠤᠷᠳᠠᠬᠤᠨ᠂ ᠶᠤᠰᠤᠯᠠᠯ ᠵᠢᠷᠤᠮ᠂ ᠤᠳᠬ᠎ᠠ ᠤᠷᠠᠯᠢᠭ᠂ ᠪᠡᠯᠭᠡ ᠲᠡᠮᠲᠡᠭ ᠵᠡᠷᠭᠡ ᠤᠯᠠᠨ ᠲᠡᠯ᠎ᠡ ᠶᠢᠨ ᠤᠬᠠᠬᠳᠠᠬᠤᠨ ᠢ ᠬᠠᠮᠤᠷᠴᠦ ᠢᠯᠡᠳᠭᠡᠲᠡᠭ᠃ ᠡᠯᠪᠡᠭ ᠠᠭᠤᠵᠢᠭᠤ᠂ ᠡᠪᠯᠢᠭ ᠲᠤᠬᠢᠳᠠᠢ ᠮᠤᠩᠭᠤᠯ ᠬᠤᠪᠴᠠᠰᠦ ᠵᠠᠰᠠᠯ ᠨᠢ ᠮᠤᠩᠭᠤᠯ ᠬᠦᠮᠦᠨ ᠤ ᠠᠭᠤᠵᠢᠮ ᠲᠠᠯᠪᠢᠭᠤ᠂ ᠡᠷᠬᠢᠮᠰᠦᠭ ᠴᠢᠯᠦᠭᠡᠲᠠᠢ ᠭᠤᠸ᠎ᠠ ᠰᠠᠶᠢᠬᠠᠨ ᠤ ᠬᠦᠭᠡᠭᠡᠴᠡᠯᠳᠤᠯ ᠢ ᠢᠯᠡᠳᠭᠡᠬᠦ ᠶᠢᠨ ᠬᠠᠮᠲᠦ ᠮᠤᠩᠭᠤᠯ ᠬᠦᠮᠦᠨ ᠤ ᠡᠷᠡᠮᠡᠭᠡᠢ ᠰᠢᠯᠤᠭᠤᠨ᠂ ᠠᠭᠤᠳᠠᠮ ᠦᠭᠬᠢᠶᠠᠮᠤᠷᠴᠢ ᠵᠠᠩ ᠴᠢᠨᠠᠷ ᠢ ᠢᠯᠡᠳᠭᠡᠲᠡᠭ ᠪᠤᠳᠠᠳᠠᠢ ᠬᠡᠷᠡᠴᠢ ᠮᠦᠨ᠃ ᠡᠭᠡ ᠪᠠᠶᠢᠭᠠᠯᠢ ᠶᠢᠨ ᠵᠢᠮ᠎ᠡ ᠬᠠᠦᠯᠢ ᠳᠤ ᠡᠷᠭᠡᠰᠢᠶᠡᠭᠲᠡᠲᠡᠭ ᠨᠢ ᠬᠦᠮᠦᠨ ᠲᠦᠷᠦᠯᠬᠢᠲᠡᠨ ᠤ ᠦᠨᠳᠦᠰᠦᠨ ᠵᠠᠷᠴᠢᠮ ᠶᠤᠮ᠃ ᠮᠤᠩᠭᠤᠯ ᠬᠤᠪᠴᠠᠰᠦ ᠵᠠᠰᠠᠯ ᠪᠤᠯ ᠮᠤᠩᠭᠤᠯ ᠬᠦᠮᠦᠨ ᠤ ᠦᠭᠬᠢᠶᠠᠮᠦᠷᠴᠢ ᠪᠠᠶᠠᠨ ᠠᠭᠤᠳᠠᠮ ᠬᠠᠩᠭᠠᠢ ᠡᠭᠡ ᠪᠠᠶᠢᠭᠠᠯᠢ  ᠲᠠᠢ ᠪᠠᠨ ᠡᠪ ᠵᠤᠬᠢᠴᠠᠯᠳᠤᠬᠰᠡᠨ ᠤ ᠢᠯᠡᠷᠡᠯ ᠪᠢᠯᠡ᠃ ᠦᠨᠦᠳᠤᠷ᠂ ᠮᠤᠩᠭᠤᠯ ᠬᠤᠪᠴᠠᠰᠦ ᠵᠠᠰᠠᠯ ᠤᠨ ᠬᠡᠷᠡᠭᠴᠡᠭᠡ ᠪᠠᠭᠠᠰᠴᠦ᠂ ᠡᠭᠡ ᠪᠠᠶᠢᠭᠠᠯᠢ ᠪᠤᠯᠤᠨ ᠲᠡᠦᠭᠡ ᠶᠢᠨ ᠰᠢᠯᠢᠯᠲᠡ ᠠᠴᠠ ᠪᠤᠯᠵᠦ ᠮᠤᠩᠭᠤᠯᠴᠤᠳ ᠤᠨ ᠬᠤᠪᠴᠠᠰᠦ ᠵᠠᠰᠠᠯ ᠴᠦ ᠦᠭᠡᠷᠡᠳᠴᠦ ᠡᠬᠢᠯᠡᠭᠰᠡᠨ ᠪᠠᠶᠢᠨ᠎ᠡ᠃      ᠮᠤᠩᠭᠤᠯ ᠪᠦᠰᠡᠳᠠᠶᠢᠴᠤᠤᠯ ᠤᠨ ᠬᠤᠪᠴᠠᠰᠦ ᠬᠢᠭᠡᠳ ᠪᠦᠰᠡᠭᠦᠶᠢᠴᠤᠤᠯ ᠤᠨ ᠬᠤᠪᠴᠠᠰᠦ ᠬᠤᠨᠠᠷ ᠮᠠᠰᠢ ᠢᠯᠭᠠᠭ᠎ᠠ ᠲᠠᠢ ᠪᠠᠶᠢᠳᠠᠭ᠃ ᠪᠠᠭᠴᠠᠯᠠᠭᠠᠳ ᠬᠡᠯᠡᠪᠡᠯ ᠪᠦᠰᠡᠳᠠᠶᠢᠴᠤᠤᠯ ᠤᠨ ᠬᠤᠪᠴᠠᠰᠦ ᠵᠠᠰᠠᠯ ᠪᠤᠷᠤᠬᠵᠢᠭᠤᠨ ᠡᠪᠯᠢᠭ ᠪᠠᠶᠢᠵᠦ᠂ ᠪᠦᠰᠡᠭᠦᠶᠢᠴᠤᠤᠯ ᠤᠨ ᠬᠤᠪᠴᠠᠰᠦ ᠵᠠᠰᠠᠯ ᠨᠢ ᠭᠤᠶᠦ ᠡᠷᠬᠢᠮᠰᠦᠭ᠂ ᠤᠷᠠᠨ ᠨᠠᠷᠢᠨ ᠪᠠᠶᠢᠳᠠᠭ᠃      ᠮᠤᠩᠭᠤᠯ ᠪᠦᠰᠡᠳᠠᠶᠢᠴᠤᠤᠯ ᠤᠨ ᠬᠤᠪᠴᠠᠰᠦ ᠵᠠᠰᠠᠯ ᠳᠤ ᠮᠠᠯᠠᠭᠠᠢ᠂ ᠲᠤᠯᠤᠭᠠᠢ ᠶᠢᠨ ᠤᠷᠢᠶᠠᠯᠲᠡ᠂ ᠪᠦᠰᠡ᠂ ᠭᠤᠳᠤᠯ᠂ ᠦᠢᠮᠤᠰᠤ᠂ ᠲᠡᠷᠯᠢᠭ᠂ ᠬᠠᠨᠵᠢᠶᠠᠷ᠂ ᠲᠠᠪᠬᠤᠷ ᠬᠤᠪᠴᠠᠰᠦ᠂ ᠬᠠᠨᠳᠠᠭᠠᠰᠦ᠂ ᠦᠮᠦᠲᠦ᠂ ᠲᠤᠤᠬᠤ ᠦᠮᠦᠲᠦ ᠵᠡᠷᠭᠡ ᠪᠠᠶᠢᠳᠠᠭ᠃ ᠮᠤᠩᠭᠤᠯ ᠲᠡᠷᠯᠢᠭ ᠨᠢ ᠡᠩ ᠤᠨ ᠪᠠᠶᠢᠳᠡᠯ ᠳᠤ ᠡᠯᠪᠡᠭ ᠠᠭᠤᠵᠢᠭᠤ᠂ ᠪᠤᠰᠤᠭ᠎ᠠ ᠬᠤᠭᠤᠯᠠᠪᠴᠢ᠂ ᠶᠡᠭᠡ ᠡᠩᠭᠡᠷ᠂ ᠦᠷᠭᠡᠨ ᠪᠦᠰᠡ᠂ ᠬᠤᠮᠢᠭᠠᠷ ᠬᠠᠨᠴᠤᠢ ᠲᠠᠢ ᠪᠡ ᠲᠠᠯᠪᠠᠭᠠᠷ ᠬᠤᠷᠮᠤᠢ ᠲᠠᠢ ᠵᠡᠷᠭᠡ ᠤᠨᠴᠠᠯᠢᠭ ᠲᠠᠢ᠃ ᠮᠤᠩᠭᠤᠯ ᠲᠡᠷᠯᠢᠭ ᠲᠤ ᠤᠤᠯ ᠨᠢ ᠲᠤᠭᠤᠷᠠᠢ ᠪᠤᠶᠦ ᠨᠢᠳᠤᠷᠭ᠎ᠠ ᠬᠡᠵᠦ ᠪᠠᠶᠢᠬᠰᠡᠨ ᠦᠭᠡᠢ᠃ ᠮᠠᠨᠵᠦ ᠳᠤ ᠪᠠᠭᠤᠵᠦ ᠦᠭᠭᠦᠭᠰᠡᠨ  ᠤ ᠲᠠᠷᠠᠭ᠎ᠠ ᠡᠶᠢᠮᠦ ᠦᠵᠡᠭᠲᠡᠯ ᠪᠤᠢ ᠪᠤᠯᠵᠠᠢ᠃ ᠡᠨᠡ ᠨᠢ ︽ᠨᠤᠬᠠᠢ ᠮᠤᠷᠢᠨ ᠤ ᠬᠦᠴᠦᠨ ᠢᠶᠠᠨ ᠡᠷᠭᠦᠶ᠎ᠡ︾ ᠭᠡᠰᠡᠨ ᠰᠠᠨᠠᠭ᠎ᠠ ᠶᠢ ᠢᠯᠡᠳᠭᠡᠲᠡᠭ᠃ ᠡᠪᠦᠯ ᠳᠡᠭᠡᠨ ᠲᠡᠪᠡᠯ᠂ ᠵᠤᠨ ᠳᠠᠭᠠᠨ ᠲᠡᠷᠯᠢᠭ ᠡᠮᠦᠰᠲᠡᠭ᠃ ᠪᠦᠰᠡᠳᠠᠶᠢᠴᠤᠣᠯ ᠲᠡᠷᠯᠢᠭ ᠡᠮᠦᠰᠬᠦ ᠳᠤ ᠮᠠᠰᠢ ᠤᠯᠠᠨ ᠴᠡᠭᠡᠷ ᠶᠤᠰᠤᠨ ᠪᠠᠶᠢᠳᠠᠭ᠃ ᠵᠢᠱᠢᠶᠠᠯᠡᠪᠡᠯ᠄ ᠵᠠᠭᠠᠮ᠎ᠡ ᠵᠠᠬ᠎ᠠ ᠪᠠᠨ ᠲᠡᠷᠢ ᠲᠡᠭᠰᠢ ᠪᠠᠶᠢᠯᠭᠠᠵᠦ᠂ ᠬᠤᠭᠤᠯᠠᠪᠴᠢ ᠪᠠᠨ ᠤᠷᠪᠠᠭᠤᠯᠬᠤ ᠶᠢ ᠴᠡᠭᠡᠷᠯᠡᠲᠡᠭ ᠪᠡ ᠲᠡᠪᠡᠯ ᠲᠡᠷᠯᠢᠭ ᠤᠨ ᠵᠠᠭᠠᠮ᠎ᠡ ᠵᠠᠬ᠎ᠠ ᠶᠢ ᠭᠠᠷ ᠢᠶᠠᠷ ᠪᠠᠷᠢᠬᠤ᠂ ᠲᠡᠭᠡᠭᠦᠷ ᠨᠢ ᠠᠯᠬᠤᠵᠦ ᠬᠢᠰᠬᠢᠬᠦ ᠶᠢ ᠴᠡᠭᠡᠷᠯᠡᠲᠡᠭ᠃ ᠲᠡᠷᠯᠢᠭ ᠡᠮᠦᠰᠬᠦ ᠳᠡᠭᠡᠨ ᠤᠷᠢᠳ ᠢᠶᠠᠷ ᠪᠠᠷᠠᠭᠤᠨ ᠬᠠᠨᠴᠤᠢ ᠶᠢ ᠬᠠᠨᠴᠤᠶᠢᠯᠠᠵᠦ᠂ ᠲᠠᠷᠠᠭ᠎ᠠ ᠳᠤᠨᠢ ᠪᠡᠶ᠎ᠡ ᠪᠠᠨ ᠡᠷᠬᠢᠵᠦ ᠢᠷᠡᠨ ᠵᠠᠭᠦᠨ ᠬᠠᠨᠴᠤᠢ ᠪᠠᠨ ᠬᠠᠨᠴᠤᠶᠢᠯᠠᠳᠠᠭ᠃ ᠲᠡᠷᠯᠢᠭ ᠢᠶᠠᠨ ᠲᠠᠶᠢᠯᠬᠤ ᠳᠤ ᠨᠠᠷᠡ ᠪᠤᠷᠤᠭᠤ ᠴᠢᠭᠯᠡᠯ ᠢᠶᠠᠷ ᠪᠦᠰᠡ ᠪᠠᠨ ᠠᠯᠳᠠᠷᠭᠠᠵᠦ᠂ ᠤᠷᠢᠳ ᠢᠶᠠᠷ ᠵᠠᠭᠦᠨ ᠬᠠᠨᠴᠤᠢ ᠪᠠᠨ᠂ ᠲᠠᠷᠠᠭ᠎ᠠ ᠨᠢ ᠪᠠᠷᠠᠭᠤᠨ ᠬᠠᠨᠴᠤᠢ ᠪᠠᠨ ᠮᠤᠯᠳᠤᠯᠳᠠᠭ᠃ ᠮᠤᠩᠭᠤᠯ ᠲᠡᠷᠯᠢᠭ ᠨᠢ ᠤᠯᠠᠭᠠᠨ᠂ ᠨᠤᠭᠤᠭᠠᠨ᠂ ᠬᠦᠭᠡ᠂ ᠶᠠᠭᠠᠨ᠂ ᠴᠠᠭᠠᠨ᠂ ᠴᠡᠩᠭᠡᠷ᠂ ᠬᠦᠷᠡᠩ ᠵᠡᠷᠭᠡ ᠢᠯᠭᠤᠮ ᠦᠩᠭᠡ ᠶᠢ ᠡᠷᠬᠢᠮᠯᠡᠵᠦ᠂ ᠲᠤᠪᠴᠢ ᠰᠢᠯᠢᠮ ︵ᠰᠢᠯᠪᠢ︶ ᠢ ᠨᠢ ᠠᠯᠲᠡ᠂ ᠮᠦᠩᠭᠦ᠂ ᠭᠠᠦᠯᠢ ︵ᠵᠠᠰ︶ ᠪᠠᠷ ᠬᠢᠵᠦ᠂ ᠶᠡᠭᠡ ᠪᠠᠭ᠎ᠠ ᠨᠢ ᠬᠦᠭᠰᠢᠨ᠂ ᠵᠠᠯᠠᠭᠤ᠂ ᠬᠡᠦᠭᠡᠳ ᠤᠨ ᠨᠠᠰᠤᠨ ᠤ ᠢᠯᠭᠠᠯ ᠢᠶᠠᠷ ᠪᠤᠯᠳᠠᠭ᠃      ᠮᠤᠩᠭᠤᠯ ᠪᠦᠰᠡᠭᠦᠶᠢᠴᠤᠤᠯ ᠤᠨ ᠬᠤᠪᠴᠠᠰᠦ ᠵᠠᠰᠠᠯ ᠨᠢ ᠡᠳ᠋ ᠮᠠᠲ᠋ᠧᠷᠢᠶᠡᠯ᠂ ᠦᠩᠭᠡ ᠪᠤᠳᠤᠭ ᠵᠢᠴᠢ ᠦᠢᠯᠡ ᠤᠶᠤᠳᠠᠯ᠂ ᠡᠮᠵᠢᠶᠠᠷᠢ᠂ ᠴᠢᠮᠡᠭᠯᠡᠯ᠂ ᠤᠷ᠎ᠡ ᠮᠡᠷᠭᠡᠵᠢᠯ ᠤᠨ ᠲᠡᠯ᠎ᠡ ᠪᠠᠷ ᠨᠠᠷᠢᠯᠢᠭ ᠡᠷᠬᠢᠮᠰᠦᠭ ᠪᠠᠶᠢᠵᠦ᠂ ᠢᠯᠠᠩᠭᠤᠶ᠎ᠠ ᠲᠤᠯᠤᠭᠠᠢ ᠶᠢᠨ ᠵᠢᠮᠰᠡᠭ ᠤᠨ ᠭᠤᠶᠤᠯᠠᠯ ᠤᠨ ᠤᠷ᠎ᠡ ᠮᠡᠷᠭᠡᠵᠢᠯ ᠪᠤᠯᠤᠨ ᠡᠲᠡᠭᠡᠳ ᠤᠨᠴᠠᠯᠢᠭ ᠢᠶᠠᠷ ᠢᠶᠠᠨ ᠪᠦᠰᠡᠳᠠᠶᠢᠴᠤᠤᠯ ᠲᠠᠢ ᠤᠨᠴᠠ ᠢᠯᠭᠠᠬᠳᠠᠳᠠᠭ᠃ ᠮᠤᠩᠭᠤᠯ ᠪᠦᠰᠡᠬᠦᠶᠢᠴᠤᠤᠯ ᠤᠨ ᠬᠤᠪᠴᠠᠰᠦ ᠵᠠᠰᠠᠯ ᠳᠤ ᠬᠡᠦᠭᠡᠨ ᠦᠬᠢᠨ᠂ ᠬᠡᠷᠭᠡᠢ᠂ ᠰᠢᠨ᠎ᠡ ᠪᠡᠷᠢ᠂ ᠡᠮᠡᠭᠡᠨ ᠵᠡᠷᠭᠡ ᠪᠦᠷ ᠢᠯᠭᠠᠭ᠎ᠠ ᠲᠠᠢ ᠪᠠᠶᠢᠳᠠᠭ᠃ ᠦᠬᠢᠳ ᠡᠩ ᠤᠨ ᠪᠠᠶᠢᠲᠡᠯ ᠳᠤ ᠮᠠᠯᠠᠭᠠᠢ ᠡᠮᠦᠰᠲᠡᠭ ᠦᠭᠡᠢ᠃ ᠲᠡᠳᠠᠨᠤᠰ ᠶᠠᠭᠠᠨ᠂ ᠴᠠᠭᠠᠨ᠂ ᠨᠤᠭᠤᠭᠠᠨ ᠦᠩᠭᠡ ᠶᠢᠨ ᠲᠤᠷᠳᠤᠩ ᠢᠶᠠᠷ ᠬᠦᠮᠦᠰᠭᠡᠨ ᠤ  ᠪᠠᠨ ᠲᠡᠭᠡᠭᠦᠷ ᠲᠤᠯᠤᠭᠠᠢ ᠪᠠᠨ ᠤᠷᠢᠶᠠᠵᠦ ︵ᠵᠤᠯᠠᠢ ᠨᠢ ᠢᠯᠡ︶ ᠠᠮᠢᠲᠦ ᠵᠠᠩᠬᠢᠳᠤᠭ᠎ᠠ ᠭᠠᠷᠭᠠᠨ ᠠᠷᠦ ᠲᠠᠶᠢᠰᠢ ᠪᠠᠨ ᠪᠤᠶᠦ ᠪᠠᠷᠠᠭᠤᠨ ᠰᠠᠴᠢᠭ ᠤᠷᠤᠭᠤ ᠤᠨᠵᠢᠭᠤᠯᠳᠠᠭ᠃ ᠨᠠᠰᠦ ᠡᠭᠡᠴᠢᠮᠡᠳ ᠤᠷᠤᠬᠯᠠᠭ᠎ᠠ ᠦᠭᠡᠢ ᠡᠮᠡᠭᠲᠠᠢ ᠶᠢᠨ ᠲᠤᠯᠤᠭᠠᠢ ᠶᠢᠨ ᠤᠷᠢᠶᠠᠯᠲᠡ ᠨᠢ ᠨᠠᠯᠢᠶᠠᠳ ᠤᠷᠲᠦ᠂ ᠪᠠᠷᠤᠭ ᠪᠦᠰᠡᠯᠡᠭᠦᠷ ᠬᠦᠷᠲᠡᠭ᠃ ᠮᠤᠩᠭᠤᠯ ᠦᠬᠢᠳ ᠲᠦᠷᠭᠦᠮ  ᠳᠡᠭᠡᠨ ᠪᠠᠶᠢᠬᠤ ᠳᠤ ᠭᠤᠶᠤᠯᠠᠵᠦ ᠴᠢᠮᠡᠬᠦ ᠶᠢ ᠲᠡᠮᠡᠢ ᠴᠢᠬᠤᠯᠠᠴᠢᠯᠠᠳᠠᠭ ᠦᠭᠡᠢ᠃ ᠬᠠᠷᠢᠨ ᠬᠠᠷᠢ ᠳᠤ ᠮᠤᠷᠳᠠᠬᠤ ᠪᠠᠷ ᠪᠡᠯᠡᠨ ᠪᠤᠯᠤᠭᠰᠡᠨ ᠬᠡᠦᠭᠡᠨᠴᠤᠤᠯ ᠭᠤᠶᠤᠯᠠᠨ ᠵᠠᠰᠠᠬᠤ ᠨᠢ ᠦᠩᠭᠡ ᠢᠯᠭᠠᠷᠠᠨ ᠡᠲᠡᠭᠡᠳ ᠤᠨᠴᠠᠯᠢᠭ ᠲᠠᠢ ᠪᠠᠶᠢᠳᠠᠭ ᠰᠠᠨ᠃      ᠮᠤᠩᠭᠤᠯ ᠬᠡᠦᠭᠡᠨᠴᠤᠤᠯ ᠠᠵᠢᠯᠰᠠᠭ ᠪᠤᠷᠤᠬᠵᠢᠭᠤᠨ ᠪᠦᠭᠡᠳ ᠶᠤᠰᠤᠷᠬᠠᠭ ᠪᠠᠶᠢᠳᠠᠭ᠃ ᠡᠶᠢᠮᠦ ᠠᠴᠠ ᠬᠤᠪᠴᠠᠰᠦ ᠵᠠᠰᠠᠯ ᠨᠢ ᠬᠠᠷᠢᠴᠠᠩᠭᠤᠢ ᠶᠡᠷᠦᠮᠲᠡᠭ᠃ ᠬᠡᠦᠭᠡᠨᠴᠤᠤᠯ ᠤᠨ ᠵᠠᠰᠠᠯ ᠵᠢᠮᠰᠡᠭ ᠨᠢ ᠡᠩ ᠤᠨ ᠪᠠᠶᠢᠲᠡᠯ ᠳᠤ ᠡᠭᠡᠮᠦᠭ ᠪᠤᠯᠤᠨ ᠪᠠᠭᠤᠤ ᠠᠴᠠ ᠭᠠᠳᠠᠨ᠎ᠡ ᠲᠡᠮᠡᠢ ᠶᠠᠭᠤᠮ᠎ᠡ ᠪᠠᠶᠢᠳᠠᠭ ᠦᠭᠡᠢ᠃ ᠦᠬᠢᠨ ᠬᠦᠮᠦᠨ ᠬᠠᠷᠢᠯᠠᠬᠤ ᠦᠶᠡᠰ ᠪᠦᠰᠡ ᠪᠠᠨ ᠲᠠᠶᠢᠯᠵᠦ ᠲᠤᠯᠤᠭᠠᠢ ᠶᠢᠨ ᠵᠡᠰᠡᠯ ᠵᠡᠭᠦᠨ᠂ ᠤᠤᠵᠢ ︵ᠬᠠᠨᠵᠢᠶᠠᠷᠢ ᠮᠠᠲᠦ︶ ᠡᠮᠦᠰᠲᠡᠭ᠃ ᠡᠨᠡ ᠨᠢ ᠲᠠᠷᠤᠢ ᠬᠡᠦᠭᠡᠨ ︵ᠦᠬᠢᠨ︶ ᠬᠦᠮᠦᠨ ᠪᠤᠯᠤᠨ ᠪᠦᠰᠡᠭᠦᠢ ︵ᠭᠡᠷᠭᠡᠢ︶ ᠬᠦᠮᠦᠨ ᠤ ᠢᠯᠭᠠᠭ᠎ᠠ ᠮᠦᠨ᠃ ᠦᠬᠢᠨ ᠬᠦᠮᠦᠨ ᠬᠠᠷᠢᠯᠠᠵᠦ ᠠᠶᠢᠯ ᠤᠨ ᠪᠦᠰᠡᠭᠦᠢ ᠪᠤᠯᠤᠮᠠᠭᠴᠡ ᠵᠡᠭᠦᠨ ᠭᠠᠷ ᠤᠨ ᠢᠲᠡᠮ ᠬᠤᠷᠤᠭᠤᠨ ᠳᠠᠭᠠᠨ ᠭᠤᠶᠤᠮᠰᠠᠭ ᠤᠷ᠎ᠡ ᠵᠢᠮᠰᠡᠭ ᠲᠠᠢ ᠪᠦᠭᠡᠵᠢ ᠵᠡᠭᠦᠵᠦ᠂ ᠵᠡᠭᠦᠨ ᠪᠠᠷᠠᠭᠤᠨ ᠬᠤᠶᠠᠷ ᠪᠠᠭᠤᠤ ᠳᠠᠭᠠᠨ ᠪᠠᠭᠤᠪᠴᠢ ᠵᠡᠭᠦᠲᠡᠭ ᠪᠢᠯᠡ᠃ ᠪᠦᠰᠡᠭᠦᠢ ᠪᠤᠯᠤᠭᠰᠡᠨ ᠬᠦᠮᠦᠨ ᠤ ᠬᠤᠪᠴᠠᠰᠦ ᠵᠠᠰᠠᠯ ᠦᠬᠢᠨ ᠬᠦᠮᠦᠨ ᠢ ᠪᠤᠳᠤᠪᠡᠯ ᠡᠯᠪᠡ ᠠᠭᠤᠵᠢᠭᠤ᠂ ᠤᠮᠤᠭ ᠵᠤᠯᠪᠤᠭ᠎ᠠ ᠲᠠᠢ ᠪᠦᠭᠡᠳ ᠡᠮᠵᠢᠶᠠᠷᠢ ᠬᠦᠪᠡᠭᠡ ᠨᠢ ᠤᠷᠤᠬᠯᠠᠭᠠᠳᠤᠢ ᠦᠬᠢᠨ ᠬᠦᠮᠦᠨ ᠢ ᠪᠤᠳᠤᠪᠡᠯ ᠦᠷᠭᠡᠨ ᠦᠩᠭᠡᠯᠢᠭ᠂ ᠡᠳ᠋ ᠮᠠᠲ᠋ᠧᠷᠢᠶᠡᠯ ᠨᠢ ᠤᠯᠠᠮ ᠴᠢᠨᠠᠷᠯᠢᠭ ᠰᠠᠶᠢᠨ ᠪᠠᠶᠢᠳᠠᠭ᠃ ᠢᠳᠡᠷ ᠨᠠᠰᠤᠨ ᠤ ᠪᠦᠰᠡᠭᠦᠶᠢᠴᠤᠤᠯ ᠰᠢᠷᠠᠪᠳᠤᠷ ᠪᠤᠶᠦ ᠬᠦᠨ ᠰᠢᠷ᠎ᠡ ᠦᠩᠭᠡ  ᠶᠢ ᠡᠮᠦᠰᠲᠡᠭ ᠦᠭᠡᠢ᠃ ᠤᠴᠢᠷ ᠨᠢ ᠡᠨᠡ ᠦᠩᠭᠡ ᠨᠢ ᠴᠢᠪᠠᠭᠠᠨᠴᠠ ᠶᠢᠨ ᠦᠩᠭᠡ ᠮᠦᠨ᠃ ᠲᠠᠪᠢ ᠭᠠᠷᠤᠬᠰᠡᠨ ᠪᠦᠰᠡᠭᠦᠶᠢᠴᠤᠤᠯ ᠤᠯᠠᠩᠬᠢ ᠳᠠᠭᠠᠨ ᠬᠦᠭᠡ᠂ ᠬᠠᠷᠠᠪᠳᠤᠷ᠂ ᠬᠦᠷᠡᠩ ᠵᠡᠷᠭᠡ ᠬᠦᠨ ᠦᠩᠭᠡ ᠲᠠᠢ ᠲᠡᠷᠯᠢᠭ ᠡᠮᠦᠰᠲᠡᠭ ᠪᠠᠶᠢᠨ᠎ᠡ᠃      ᠮᠤᠩᠭᠤᠯ ᠬᠤᠪᠴᠠᠰᠦ ᠵᠠᠰᠠᠯ ᠳᠤ ᠮᠠᠯᠠᠭᠠᠢ ᠲᠡᠷᠢᠭᠦᠨ ᠲᠤᠩ ᠴᠢᠬᠤᠯᠠ ᠪᠦᠭᠡᠳ ᠲᠦᠪ ᠶᠡᠭᠡᠮᠰᠦᠭ ᠢ ᠪᠡᠯᠭᠡᠳᠡᠳᠡᠭ᠃ ᠡᠲᠡᠭᠡᠳ ᠤᠨᠴᠠᠯᠢᠭ ᠪᠦᠬᠦᠢ ᠪᠦᠰᠡ᠂ ᠮᠤᠩᠭᠤᠯ ᠭᠤᠳᠤᠯ ᠪᠤᠯᠤᠨ ᠡᠯ᠎ᠡ ᠵᠦᠢᠯ ᠤᠨ ᠡᠷᠳᠠᠨᠢ ᠴᠢᠯᠠᠭᠤᠨ ᠴᠢᠮᠡᠭᠯᠡᠯ ᠪᠦᠬᠦᠢ ᠵᠢᠮᠰᠡᠭ ᠤᠳ ᠴᠦ ᠡᠷ᠎ᠡ ᠪᠦᠰᠡᠲᠠᠢ ᠬᠦᠮᠦᠨ ᠤ ᠡᠷᠬᠢᠮ ᠰᠦᠷᠯᠢᠭ ᠢ ᠭᠠᠶᠢᠬᠠᠭᠤᠯᠳᠠᠭ᠃      ᠮᠤᠩᠭᠤᠯ ᠤᠨ ᠦᠨᠳᠦᠷᠯᠢᠭ ᠤᠨ ᠲᠦᠷᠪᠠᠨ ᠤᠯᠠᠷᠢᠯ ᠢᠶᠠᠷ ᠡᠭᠡᠯᠵᠢᠯᠡᠬᠦ ᠠᠭᠤᠷ ᠠᠮᠢᠰᠬᠤᠯ ᠤᠨ ᠵᠤᠬᠢᠴᠡᠯ ᠳᠤ ᠮᠠᠯᠠᠭᠠᠢ ᠪᠤᠯ ᠮᠤᠩᠭᠤᠯ ᠬᠦᠮᠦᠨ ᠤ ᠠᠮᠢᠳᠤᠷᠡᠯ ᠳᠤ ᠲᠤᠳᠠᠬᠳᠠᠵᠦ ᠪᠤᠯᠤᠰᠢ ᠦᠭᠡᠢ ᠵᠦᠢᠯ ᠮᠦᠨ᠃ ᠡᠯᠳᠡᠪ ᠶᠠᠩᠵᠦ  ᠶᠢᠨ ᠬᠡᠯᠪᠡᠷᠢ ᠮᠠᠶ᠋ᠢᠭ ᠤᠨ ᠮᠤᠩᠭᠤᠯ ᠮᠠᠯᠠᠭᠠᠢ ᠪᠡ ᠲᠡᠭᠦᠨ ᠤ ᠦᠢᠯᠡᠳᠤᠯ ᠨᠢ ᠨᠢᠭᠡ ᠵᠦᠢᠯ ᠤᠨ ᠡᠴᠢᠨ᠎ᠡ ᠲᠠᠯᠳᠡᠬᠢ ᠰᠤᠶᠤᠯ ᠤᠨ ᠰᠢᠨᠵᠢ ᠶᠢ ᠬᠠᠳᠠᠭᠠᠯᠠᠬᠰᠡᠨ ᠪᠠᠶᠢᠲᠠᠭ᠃ ᠮᠤᠩᠭᠤᠯᠴᠤᠳ ᠡᠷᠲᠡ ᠳᠡᠭᠡᠨ ᠪᠤᠯᠠᠭ᠎ᠠ ᠪᠤᠯᠤᠨ ᠬᠠᠯᠢᠭᠤ ᠶᠢᠨ ᠠᠷᠡᠰᠦ᠂ ᠨᠤᠬᠠᠢ ᠶᠢᠨ ᠠᠷᠠᠰᠦ᠂ ᠬᠤᠷᠠᠭᠠᠨ ᠤ ᠠᠷᠡᠰᠦ ᠪᠠᠷ ᠮᠠᠯᠠᠭᠠᠢ ᠪᠦᠴᠡ ᠬᠢᠲᠡᠭ ᠪᠠᠶᠢᠪᠡ᠃ ᠰᠡᠭᠦᠯ ᠳᠤᠨᠢ ᠬᠦᠪᠦᠩ ᠨᠡᠭᠡᠮᠡᠯ᠂ ᠪᠦᠰ ᠲᠤᠷᠭ᠎ᠠ ᠪᠠᠷ ᠮᠠᠯᠠᠭᠠᠢ ᠬᠢᠬᠦ ᠪᠤᠯᠪᠡ᠃ ᠮᠤᠩᠭᠤᠯ ᠮᠠᠯᠠᠭᠠᠢ ᠶᠢ ᠶᠡᠭᠡ ᠲᠦᠯᠦᠪ ᠡᠪᠤᠯ ᠵᠤᠨ ᠤ ᠬᠢ ᠭᠡᠵᠦ ᠬᠤᠪᠢᠶᠠᠳᠠᠭ᠃ ᠪᠠᠰᠡ ᠴᠠᠭᠠᠰᠢ ᠪᠠᠨ ᠡᠷᠡᠭᠲᠠᠢ᠂ ᠡᠮᠡᠭᠲᠠᠢ᠂ ᠶᠤᠰᠤᠯᠡᠯ ᠵᠢᠷᠤᠮ ᠤᠨ᠂ ᠨᠤᠶᠠᠳ ᠲᠦᠰᠢᠮᠡᠳ᠂ ᠴᠡᠷᠢᠭ ᠬᠤᠶᠠᠭ᠂ ᠯᠠᠮᠠ ᠬᠤᠸᠠᠷᠠᠭ ᠤᠨ ᠬᠡᠭᠦᠴᠢᠯᠠᠨ ᠠᠳᠠᠯᠢ ᠪᠤᠰᠤ ᠲᠦᠷᠦᠯ ᠵᠦᠢᠯ ᠳᠤ ᠬᠤᠪᠢᠶᠠᠵᠦ ᠪᠤᠯᠤᠨ᠎ᠡ᠃ ᠮᠤᠩᠭᠤᠯ ᠬᠦᠮᠦᠨ ᠮᠠᠯᠠᠭᠠᠢ ᠶᠢ ᠮᠠᠰᠢ ᠴᠢᠬᠤᠯᠠᠴᠢᠯᠠᠳᠠᠭ᠃ ᠡᠨᠡ ᠨᠢ ᠮᠤᠩᠭᠤᠯᠴᠤᠳ ᠤᠨ ᠰᠦᠨᠡᠰᠦᠨ ᠤ ᠲᠤᠬᠠᠢ ᠲᠠᠨᠢᠯᠲᠡ ᠲᠠᠢ ᠬᠤᠯᠪᠤᠭ᠎ᠠ ᠲᠠᠢ ᠪᠠᠶᠢᠵᠦ ᠮᠡᠲᠡᠨ᠎ᠡ᠃ ᠡᠷᠲᠡᠨ ᠤ ᠦᠶ᠎ᠡ ᠳᠤ ᠲᠤᠮᠳᠠᠲᠦ ᠠᠽᠢᠶ᠎ᠡ ᠪᠤᠯᠤᠨ ᠤᠮᠠᠷᠠᠲᠦ ᠠᠽᠢᠶ᠎ᠡ ᠶᠢᠨ ᠲᠡᠯ᠎ᠡ ᠨᠤᠳᠤᠭ ᠤᠨ ᠦᠨᠳᠦᠰᠦᠲᠡᠨ ᠨᠦᠭᠦᠳ ᠴᠢᠬᠤᠯᠠ ᠪᠤᠯᠬᠤ ᠬᠦᠮᠦᠨ ᠤ ᠲᠡᠷᠢᠭᠦᠨ ᠢ ᠲᠠᠬᠢᠳᠠᠭ ᠵᠠᠩᠰᠢᠯ ᠪᠠᠶᠢᠳᠠᠭ᠃ ᠮᠤᠩᠭᠤᠯᠴᠤᠳ ᠴᠢᠬᠤᠯᠠ ᠤᠷᠴᠢᠨ ᠳᠤ ᠮᠠᠯᠠᠭᠠᠢ ᠡᠮᠦᠰᠴᠦ ᠪᠠᠶᠢᠬᠤ ᠶᠢ ᠤᠨᠴᠠ ᠠᠩᠬᠠᠷᠳᠠᠭ ᠪᠢᠯᠡ᠃ ᠬᠡᠶᠢᠴᠢᠨ ᠵᠤᠴᠢᠨ ᠤᠬᠳᠤᠬᠤ ᠦᠶᠡᠰ ᠲᠤ ᠪᠦᠰᠡᠲᠠᠢ ᠪᠦᠰᠡᠭᠦᠢ ᠪᠦᠬᠦᠲᠡ ᠮᠠᠯᠠᠭᠠᠢ ᠪᠠᠨ ᠲᠡᠭᠰᠢ ᠡᠮᠦᠰᠴᠦ ᠵᠤᠴᠢᠨ ᠢᠶᠠᠨ ᠤᠬᠳᠤᠳᠠᠭ᠃ ᠶᠠᠮᠠᠷ ᠶᠠᠳᠠᠭᠤ ᠵᠦᠲᠡᠭᠦᠦ ᠠᠶᠢᠯ ᠴᠦ ᠬᠡᠰᠡᠨ ᠦᠭᠡᠢ ᠦᠬᠢᠨ ᠢᠶᠠᠨ ᠬᠠᠷᠢᠯᠠᠭᠤᠯᠬᠤ ᠦᠶᠡᠰ ᠲᠤᠯᠤᠭᠠᠢ  ᠶᠢᠨ ᠵᠢᠮᠰᠡᠭ ᠢᠶᠠᠷ ᠴᠢᠮᠡᠭᠯᠡᠵᠦ ᠮᠤᠷᠳᠠᠭᠤᠯᠳᠠᠭ ᠵᠠᠩ ᠲᠠᠢ᠃ ᠮᠤᠩᠭᠤᠯ ᠬᠦᠮᠦᠨ ᠳᠤ ᠠᠪᠴᠦ ᠬᠡᠯᠡᠪᠡᠯ ᠮᠠᠯᠠᠭᠠᠢ ᠲᠡᠷᠢᠭᠦᠨ ᠨᠢ ᠴᠤᠭ ᠵᠤᠯᠢ᠂ ᠬᠦᠮᠦᠨ ᠮᠦᠰᠦ ᠵᠢᠴᠢ ᠲᠦᠪ ᠡᠷᠬᠢᠮᠰᠦᠭ ᠢ ᠭᠠᠶᠢᠬᠠᠭᠤᠯᠳᠠᠭ᠃      ᠪᠦᠰᠡ ᠪᠤᠯ ᠮᠤᠩᠭᠤᠯ ᠬᠤᠪᠴᠠᠰᠦ ᠵᠠᠰᠠᠯ ᠳᠤ ᠲᠤᠳᠠᠭᠳᠠᠵᠦ ᠪᠤᠯᠤᠰᠢ ᠦᠭᠡᠢ ᠵᠦᠢᠯ ᠮᠦᠨ᠃ ᠡᠩ ᠤᠨ ᠪᠠᠶᠢᠳᠡᠯ ᠳᠤ ᠲᠤᠷᠭ᠎ᠠ᠂ ᠲᠤᠷᠳᠤᠩ᠂ ᠬᠤᠷᠭᠤᠢ᠂ ᠪᠦᠰ ᠵᠡᠷᠭᠡ ᠪᠠᠷ ᠬᠢᠲᠡᠭ᠃ ᠤᠷᠲᠦ ᠪᠠᠷ ᠢᠶᠠᠨ 15 ᠲᠤᠬᠤᠢ ᠠᠴᠠ 30 ᠲᠤᠬᠤᠢ ᠪᠠᠶᠢᠵᠦ ᠪᠦᠷ ᠪᠤᠯᠤᠨ᠎ᠡ᠃ ᠮᠤᠩᠭᠤᠯ ᠬᠦᠮᠦᠨ ᠤ ᠪᠦᠰᠡ ᠨᠡᠭᠦᠲᠡᠯᠯᠡᠨ ᠮᠠᠯᠵᠢᠬᠤ ᠠᠮᠢᠳᠤᠷᠡᠯ ᠳᠤ ᠵᠤᠬᠢᠴᠠᠵᠦ᠂ ᠡᠷ᠎ᠡ ᠬᠦᠮᠦᠨ ᠪᠦᠰᠡ ᠪᠠᠨ ᠴᠢᠪ ᠴᠢᠩᠭ᠎ᠠ ᠪᠦᠰᠡᠯᠡᠭᠡᠳ ᠮᠤᠷᠢᠨ ᠲᠡᠭᠡᠷ᠎ᠡ ᠶᠠᠪᠤᠬᠤ ᠳᠤ ᠬᠦᠮᠦᠨ ᠤ ᠲᠤᠳᠤᠷ ᠰᠡᠪᠡ ᠴᠤᠯᠦ ᠬᠡᠮᠳᠤᠯ ᠭᠠᠷᠬᠤ ᠶᠢ ᠰᠡᠷᠭᠡᠶᠢᠯᠡᠵᠦ᠂ ᠬᠦᠴᠦᠨ ᠤ ᠬᠦᠲᠡᠯᠮᠦᠷᠢ ᠬᠢᠬᠦ ᠳᠤ ᠲᠤᠤᠬ᠎ᠠ ᠨᠢᠷᠤᠭᠤ ᠶᠢ ᠬᠠᠮᠠᠭᠠᠯᠠᠨ ᠬᠦᠴᠦᠯᠡᠬᠦ ᠳᠤ ᠲᠠᠮᠳᠠᠢ ᠪᠠᠶᠢᠵᠦ᠂ ᠬᠠᠬᠢᠷ ᠬᠦᠢᠲᠡᠨ ᠳᠤ ᠪᠦᠰᠡ ᠪᠠᠨ ᠴᠢᠩᠭᠠᠯᠠᠪᠡᠯ ᠪᠡᠶ᠎ᠡ ᠲᠤᠯᠠᠭᠠᠴᠠᠳᠠᠭ ᠪᠢᠯᠡ᠃ ᠡᠷ᠎ᠡ ᠬᠦᠮᠦᠨ ᠪᠦᠰᠡ ᠪᠦᠰᠡᠯᠡᠬᠦ ᠳᠤ ᠨᠢᠭᠡ ᠪᠤᠯ ᠪᠦᠰᠡᠨ ᠤ ᠲᠡᠭ ᠭᠤᠤᠯ ᠠᠴᠠ ᠨᠢ ᠠᠪᠴᠦ ᠡᠮᠦᠨ᠎ᠡ ᠠᠴᠠ  ᠨᠢ ᠠᠷᠦ ᠲᠠᠶᠢᠰᠢ ᠵᠡᠭᠦᠨ ᠪᠠᠷᠠᠭᠤᠨ ᠭᠠᠷ ᠢᠶᠠᠷ ᠠᠳᠠᠯᠢᠬᠠᠨ ᠤᠷᠢᠶᠠᠨ ᠪᠦᠰᠡᠯᠡᠵᠦ ᠬᠤᠶᠠᠷ ᠦᠵᠦᠭᠦᠷ ᠦᠯᠡᠲᠡᠭᠡᠨ ᠲᠠᠰᠢᠶᠠᠨ ᠲᠡᠯ᠎ᠡ ᠳᠠᠭᠠᠨ ᠤᠨᠵᠢᠭᠤᠯᠤᠰᠬᠢᠲᠡᠭ᠃ ᠡᠰᠡᠪᠡᠯ ᠪᠦᠰᠡᠨ ᠤ ᠪᠠᠨ ᠨᠢᠭᠡ ᠦᠵᠦᠬᠦᠷ ᠠᠴᠠ ᠨᠠᠷᠡ ᠵᠦᠪ ᠴᠢᠭᠯᠡᠯ ᠢᠶᠠᠷ ᠤᠷᠢᠶᠠᠨ ᠪᠦᠰᠡᠯᠡᠨ᠎ᠡ᠃ ᠭᠡᠷ ᠲᠡᠭᠡᠨ ᠤᠷᠤᠪᠠᠯ ᠪᠦᠰᠡ ᠪᠠᠨ ᠠᠯᠳᠠᠷᠠᠭᠠᠵᠦ ᠲᠡᠷᠢ ᠲᠡᠭᠰᠢ ᠡᠪᠭᠡᠭᠡᠳ ᠲᠡᠷ᠎ᠡ ᠶᠢᠨ ᠢᠶᠠᠨ ᠲᠤᠤᠷ᠎ᠡ ᠪᠤᠶᠦ ᠲᠤᠯᠤᠭᠠᠢ ᠶᠢᠨ ᠢᠶᠠᠨ ᠲᠡᠷᠭᠡᠲᠡ ᠲᠠᠯᠪᠢᠳᠠᠭ᠃ ᠭᠤᠸ᠎ᠠ ᠰᠠᠶᠢᠬᠠᠨ ᠤ ᠲᠡᠯ᠎ᠡ ᠠᠴᠠ ᠠᠪᠴᠦ ᠬᠡᠯᠡᠪᠡᠯ ᠵᠤᠬᠢᠮᠵᠢᠲᠠᠢ ᠪᠦᠰᠡ ᠪᠦᠰᠡᠯᠡᠬᠦ ᠨᠢ ᠪᠦᠰᠡᠲᠠᠢ ᠬᠦᠮᠦᠨ ᠢ ᠤᠯᠠᠮ ᠰᠦᠷ ᠵᠢᠪᠬᠤᠭ᠎ᠠ ᠲᠠᠢ ᠪᠤᠯᠭᠠᠨ ᠪᠦᠰᠡᠭᠦᠢ ᠬᠦᠮᠦᠨ ᠢ ᠤᠯᠠᠮ ᠭᠤᠸᠠᠯᠢᠬᠵᠢᠭᠤᠯᠤᠨ ᠬᠦᠮᠦᠨ ᠤ ᠪᠡᠶ᠎ᠡ ᠴᠤᠬᠴᠠᠰ ᠤᠨ ᠭᠤᠸ᠎ᠠ ᠰᠠᠶᠢᠬᠠᠨ ᠢ ᠭᠠᠶᠢᠬᠠᠭᠤᠯᠵᠦ ᠪᠠᠶᠢᠳᠠᠭ᠃      ᠡᠷᠲᠡ ᠦᠶ᠎ᠡ ᠳᠤ ᠮᠤᠩᠭᠤᠯ ᠭᠤᠳᠤᠯ ᠨᠢ ᠠᠷᠡᠰᠦ᠂ ᠢᠰᠡᠭᠡᠢ ᠪᠠᠷ ᠬᠢᠬᠦ ᠳᠡᠭᠡᠨ ᠭᠤᠳᠤᠯ ᠤᠨ ᠤᠯᠠ᠂ ᠲᠦᠷᠠᠢ ᠵᠤᠯᠤᠭ ᠲᠠᠢ ᠪᠠᠨ ᠵᠠᠯᠭᠠᠭ᠎ᠠ ᠲᠠᠢ ᠪᠠᠶᠢᠵᠠᠢ᠃ ᠰᠡᠭᠦᠯ ᠳᠤᠨᠢ ᠡᠭᠡᠲᠡᠩ ᠭᠤᠳᠤᠯ᠂ ᠡᠩ ᠤᠨ ᠭᠤᠳᠤᠯ᠂ ᠪᠤᠯᠢᠭᠠᠷᠢ ᠭᠤᠳᠤᠯ᠂ ᠮᠠᠬᠠᠢ ᠭᠤᠳᠤᠯ ᠵᠡᠷᠭᠡ ᠲᠦᠷᠦᠯ ᠵᠦᠢᠯ ᠪᠤᠢ ᠪᠤᠯᠵᠠᠢ᠃ ᠮᠤᠩᠭᠤᠯ ᠭᠤᠳᠤᠯ ᠨᠢ ᠭᠤᠳᠤᠯ ᠤᠨ ᠤᠯᠠ᠂ ᠵᠤᠯᠤᠭ᠂ ᠲᠦᠷᠠᠢ᠂ ᠲᠠᠰᠢᠮ᠎ᠡ ᠵᠡᠷᠭᠡ ᠪᠠᠷ ᠪᠦᠷᠢᠯᠳᠤᠵᠦ᠂ ᠤᠯᠠᠷᠢᠯ ᠲᠠᠭᠠᠵᠦ ᠢᠰᠡᠭᠡᠢ ᠦᠢᠮᠦᠰᠦ ᠪᠤᠶᠦ ᠬᠦᠪᠦᠩ᠂ ᠪᠦᠰ ᠤᠶᠢᠮᠤᠰᠦ ᠲᠠᠢ ᠡᠮᠦᠰᠲᠡᠭ᠃ ᠤᠶᠢᠮᠤᠰᠦᠨ ᠤ ᠬᠦᠪᠡᠭᠡ ᠶᠢ ᠦᠩᠭᠡ ᠲᠠᠢ ᠪᠦᠰ ᠢᠶᠠᠷ ᠬᠦᠪᠡᠭᠡᠯᠡᠵᠦ ᠭᠤᠳᠤᠯ ᠤᠨ ᠲᠦᠷᠡᠢ ᠠᠴᠠ ᠭᠤᠷᠪᠠᠨ ᠬᠤᠷᠤᠭᠤ ᠬᠢᠷᠢ ᠴᠤᠬᠤᠶᠢᠯᠭᠠᠵᠦ ᠨᠠᠮᠪᠠᠭᠠᠯᠠᠳᠠᠭ᠃ ᠰᠡᠭᠦᠯ ᠳᠡᠭᠡᠨ ᠤᠯᠠᠩᠬᠢ ᠨᠢ ᠪᠤᠯᠢᠭᠠᠷᠢ ᠭᠤᠳᠤᠯ ᠬᠢᠲᠡᠭ ᠪᠤᠯᠵᠠᠢ᠃      ᠮᠤᠩᠭᠤᠯ ᠬᠦᠮᠦᠨ ᠤ ᠬᠠᠷᠠᠭᠠᠨ ᠳᠤ ᠭᠤᠳᠤᠯ ᠪᠤᠯ ᠨᠢᠭᠡ ᠵᠦᠢᠯ ᠤᠨ ᠲᠡᠭᠡᠲᠦ ᠪᠡᠯᠡᠭ ᠪᠤᠯᠳᠠᠭ᠃ ᠮᠤᠷᠢᠨ ᠤ ᠤᠷᠤᠯᠳᠤᠭᠠᠨ ᠳᠤ ᠲᠡᠷᠢᠭᠦᠯᠡᠭᠰᠡᠳ ᠲᠤ ᠭᠤᠳᠤᠯ ᠱᠠᠩᠨᠠᠳᠠᠭ ᠴᠦ ᠪᠢᠯᠡ᠃ ᠪᠤᠰᠤᠳ ᠲᠤ ᠭᠤᠳᠤᠯ ᠪᠡᠯᠡᠭᠯᠡᠵᠦ ᠬᠦᠷᠭᠡᠬᠦ ᠦᠶᠡᠰ ᠵᠠᠪᠠᠯ ᠭᠤᠳᠤᠯ ᠤᠨ ᠲᠦᠷᠠᠢ ᠶᠢ ᠲᠡᠭᠡᠭᠰᠢ ᠬᠠᠨᠳᠤᠭᠤᠯᠵᠦ᠂ ᠭᠤᠳᠤᠯ ᠤᠨ ᠤᠯᠠ ᠶᠢ ᠨᠢ ᠠᠯᠠᠭᠠᠨ ᠲᠡᠭᠡᠷ᠎ᠡ ᠪᠠᠨ ᠵᠤᠬᠰᠤᠭᠠᠵᠦ᠂ ᠭᠤᠳᠤᠯ ᠤᠨ ᠪᠤᠷᠪᠢ ᠶᠢ ᠪᠡᠯᠡᠭ ᠲᠤᠰᠤᠭᠴᠢ ᠵᠦᠭ ᠬᠠᠨᠳᠤᠭᠤᠯᠵᠦ ᠦᠭᠲᠡᠭ᠃ ᠭᠤᠳᠤᠯ ᠲᠠᠯᠪᠢᠬᠤ ᠳᠠᠭᠠᠨ ᠴᠦ ᠡᠰᠡᠨ ᠪᠤᠰᠡᠨ ᠦᠭᠡᠢ ᠲᠠᠯᠪᠢᠵᠦ ᠦᠯᠦ ᠪᠤᠯᠤᠨ᠎ᠡ᠃ ᠵᠢᠱᠢᠶᠡᠯᠡᠪᠡᠯ᠄ ᠭᠠᠯ ᠲᠤᠯᠭ᠎ᠠ ᠶᠢᠨ ᠤᠶᠢᠷ᠎ᠡ ᠲᠠᠯᠪᠢᠬᠤ ᠪᠤᠶᠦ ᠬᠦᠮᠦᠨ ᠤ ᠦᠭᠡᠲᠡ᠂ ᠪᠤᠷᠬᠠᠨ ᠬᠦᠩᠭᠠᠷᠠᠪᠡ ᠤᠷᠤᠭᠤ ᠬᠠᠨᠳᠤᠭᠤᠯᠵᠦ ᠲᠠᠯᠪᠢᠳᠠᠭ ᠦᠭᠡᠢ᠃      ᠮᠤᠩᠭᠤᠯᠴᠤᠳ ᠡᠷᠡᠭᠲᠠᠢ᠂ ᠡᠮᠡᠭᠲᠠᠢ᠂ ᠬᠦᠭᠰᠢᠨ᠂ ᠵᠠᠯᠠᠭᠤ ᠶᠢᠨ ᠢᠯᠭᠠᠯ ᠦᠭᠡᠢ ᠪᠠᠷ ᠭᠤᠳᠤᠯ ᠡᠳ᠋ᠯᠡᠲᠡᠭ᠃ ᠬᠠᠷᠢ  ᠳᠤ ᠮᠤᠷᠳᠠᠭᠠᠳᠤᠢ ᠦᠬᠢᠨ ᠬᠦᠮᠦᠨ ᠤ ᠡᠮᠦᠰᠲᠡᠭ ᠭᠤᠳᠤᠯ ᠨᠢ ᠤᠯᠠᠭᠠᠨ᠂ ᠨᠤᠭᠤᠭᠠᠨ᠂ ᠶᠠᠭᠠᠨ ᠦᠩᠭᠡ ᠶᠢᠨ ᠬᠡ ᠤᠭᠠᠯᠵᠠ ︵ᠤᠷᠠᠯᠠᠵᠦ ᠤᠶᠤᠭᠰᠡᠨ ᠲᠦᠷᠡᠶᠢᠪᠴᠢ ᠨᠢ ᠭᠤᠳᠤᠯ ᠤᠨ ᠲᠦᠷᠡᠢ ᠠᠴᠠ ᠲᠡᠪᠠᠭᠰᠡᠨ ᠪᠠᠶᠢᠬᠤ︶ ᠲᠠᠢ ᠪᠠᠶᠢᠵᠦ᠂ ᠤᠷᠤᠬᠯᠠᠭᠰᠡᠨ ᠡᠭᠡᠨᠡᠷ ᠬᠦᠮᠦᠨ ᠤ ᠭᠤᠳᠤᠯ ᠤᠨ ᠬᠡ ᠤᠭᠠᠯᠵᠡ ᠨᠢ ᠤᠯᠠᠮ ᠢᠯᠡ ᠲᠤᠳᠤ ᠪᠠᠶᠢᠳᠠᠭ᠃ ᠨᠠᠰᠦ ᠠᠬᠠᠮᠠᠳ ᠪᠡ ᠢᠳᠡᠷᠴᠤᠤᠯ ᠤᠨ ᠭᠤᠳᠤᠯ ᠪᠤᠯ ᠲᠠᠩ ᠴᠤᠯᠭᠤᠢ ᠦᠩᠭᠡ ᠶᠢᠨ ᠪᠤᠯᠢᠭᠠᠷᠢ ᠭᠤᠳᠤᠯ ᠪᠢᠯᠡ᠃ᠮᠤᠩᠭᠤᠯ ᠪᠦᠰᠡᠳᠠᠢ ᠬᠦᠮᠦᠨ ᠤ ᠵᠠᠰᠠᠯ ᠵᠢᠮᠰᠡᠭ ᠪᠤᠯᠤᠨ ᠦᠰᠦ ᠬᠡᠵᠢᠭᠡ᠂ ᠰᠠᠬᠠᠯ ᠰᠠᠮᠪᠠᠢ ᠲᠠᠯᠪᠢᠬᠤ ᠳᠤ ᠴᠦ ᠮᠠᠰᠢ ᠤᠯᠠᠨ ᠬᠡᠯᠡᠯᠭᠡ ᠲᠠᠢ ᠪᠠᠶᠢᠳᠠᠭ᠃ ᠡᠭᠦᠨ ᠳᠤ ᠬᠦᠮᠦᠨ ᠤ ᠠᠮᠢᠳᠤᠷᠡᠯ ᠤᠨ ᠶᠤᠰᠤ ᠤᠴᠢᠷ ᠪᠤᠶᠦ ᠱᠠᠰᠢᠨ ᠰᠤᠷᠳᠠᠬᠤᠨ  ᠤ ᠦᠩᠭᠡ ᠪᠤᠳᠤᠭ ᠠᠭᠤᠯᠤᠭᠳᠠᠵᠦ ᠪᠠᠶᠢᠳᠠᠭ ᠰᠠᠨ᠃ ᠵᠠᠰᠠᠯ ᠵᠡᠮᠰᠡᠭ ᠤᠨ ᠭᠤᠸ᠎ᠠ ᠰᠠᠶᠢᠬᠠᠨ ᠤ ᠦᠷᠲᠡᠭ ᠨᠢ ᠭᠡᠷᠡᠭᠯᠡᠭᠡᠨ ᠤ ᠦᠷᠲᠡᠭ ᠠᠴᠠ ᠲᠠᠪᠠᠭᠤ ᠪᠠᠶᠢᠳᠠᠭ᠃ ᠮᠤᠩᠭᠤᠯ ᠪᠦᠰᠡᠳᠠᠶᠢᠴᠤᠤᠯ ᠤᠨ ᠵᠠᠰᠠᠯ ᠵᠡᠮᠰᠡᠭ ᠲᠤ ᠬᠡᠲᠡ ᠴᠠᠬᠢᠭᠤᠷ᠂ ᠬᠦᠭᠦᠦᠷ᠂ ᠭᠠᠩᠰᠡ᠂ ᠪᠠᠭᠤᠤ᠂ ᠪᠦᠭᠡᠵᠢ ᠵᠡᠷᠭᠡ ᠪᠠᠶᠢᠳᠠᠭ᠃ ᠡᠷᠲᠡᠨ ᠤ ᠮᠤᠩᠭᠤᠯᠴᠤᠳ ᠮᠤᠷᠢ᠂ ᠨᠤᠮᠤ ᠰᠠᠭᠠᠳᠠᠭ ᠪᠤᠯᠤᠨ ᠬᠡᠲᠡ ᠴᠠᠬᠢᠭᠤᠷ ᠢ ᠮᠤᠩᠭᠤᠯ ᠡᠷ᠎ᠡ ᠶᠢᠨ ︽ᠭᠤᠷᠪᠠᠨ ᠡᠷᠳᠠᠨᠢ︾ ᠭᠡᠵᠦ ᠦᠵᠡᠲᠡᠭ᠃ ᠬᠦᠬᠦᠦᠷ ᠪᠤᠯ ᠮᠤᠩᠭᠤᠯ ᠬᠦᠮᠦᠨ ᠤ ᠤᠨᠴᠠ ᠡᠷᠬᠢᠮᠯᠡᠲᠡᠭ ᠵᠠᠰᠠᠯ ᠵᠡᠮᠰᠡᠭ ᠤᠨ ᠨᠢᠭᠡ ᠪᠤᠯᠤᠨ᠎ᠡ᠃ ᠬᠦᠬᠦᠦᠷ ᠢ ᠬᠠᠰ᠂ ᠮᠠᠨᠤᠬᠤ᠂ ᠪᠤᠯᠤᠷ᠂ ᠹᠠᠯᠠᠩ᠂ ᠦᠭᠡᠷ ᠤᠨ ᠡᠪᠡᠷ᠂ ᠦᠮᠦ ᠽᠠᠨᠳᠠᠨ ᠵᠡᠷᠭᠡ ᠪᠠᠷ ᠬᠢᠲᠡᠭ ᠪᠢᠯᠡ᠃ ᠶᠠᠩᠵᠦ ᠬᠡᠯᠪᠡᠷᠢ ᠨᠢ ᠯᠤᠩᠬᠤ ᠰᠢᠭ᠋ ᠭᠤᠵᠤᠭᠤᠷ᠂ ᠪᠤᠳᠤᠩ ᠰᠢᠭ᠋ ᠪᠤᠮᠪᠤᠭᠤᠷ ᠬᠡᠯᠪᠡᠷᠢᠲᠠᠢ᠃ ᠲᠤᠳᠤᠷ᠎ᠡ ᠨᠢ ᠦᠨᠦᠷ ᠴᠢᠨᠠᠷ ᠰᠠᠶᠢᠨ ᠬᠠᠮᠠᠷ ᠲᠠᠮᠡᠬᠢ ᠬᠢᠲᠡᠭ᠃ ᠬᠦᠬᠦᠦᠷ ᠢᠶᠠᠨ ᠲᠠᠯᠢᠩ ᠳᠤ ᠬᠢᠵᠦ ᠪᠦᠰᠡᠨ ᠳᠡᠭᠡᠨ ᠬᠠᠪᠴᠢᠭᠤᠯᠤᠨ ᠶᠠᠩᠵᠤᠯᠠᠳᠠᠭ᠃ ᠪᠦᠰᠡᠳᠠᠶᠢᠴᠤᠤᠯ ᠵᠤᠯᠭᠠᠬᠤ  ᠳᠠᠭᠠᠨ ᠬᠦᠬᠦᠦᠷ ᠰᠤᠯᠢᠯᠴᠠᠵᠦ ᠠᠮᠦᠷ ᠮᠠᠨᠲᠦ ᠮᠡᠳᠡᠯᠴᠡᠴᠡᠭ᠃     ᠭᠠᠩᠰᠡ ᠪᠤᠯᠤᠨ ᠬᠠᠪᠳᠠᠭ᠎ᠠ ᠴᠦ ᠮᠤᠩᠭᠤᠯ ᠪᠦᠰᠡᠳᠠᠶᠢᠴᠤᠤᠯ ᠤᠨ ᠭᠤᠤᠯ ᠵᠠᠰᠠᠯ ᠵᠢᠮᠰᠡᠭ ᠮᠦᠨ᠃ ᠭᠠᠩᠰᠡ ᠨᠢ ᠲᠤᠯᠤᠭᠠᠢ᠂ ᠴᠢᠮᠦᠭᠡ᠂ ᠰᠢᠯᠪᠢ ᠭᠤᠷᠪᠠᠨ ᠬᠡᠰᠡᠭ ᠢᠶᠠᠷ ᠪᠦᠷᠢᠯᠳᠤᠳᠡᠭ᠃ ᠭᠠᠩᠰᠡᠨ ᠤ ᠲᠤᠯᠤᠭᠠᠢ ᠶᠢ ᠠᠯᠲᠡ᠂ ᠮᠦᠩᠭᠦ᠂ ᠭᠠᠦᠯᠢ ︵ᠵᠡᠰ︶᠂ ᠲᠠᠮᠦᠷ ᠢᠶᠠᠷ ᠤᠷᠠᠯᠠᠵᠦ᠂ ᠭᠠᠩᠰᠡᠨ ᠤ ᠴᠢᠮᠦᠭᠡ ᠶᠢ ᠶᠠᠰᠢᠯ᠂ ᠽᠠᠨᠳᠠᠨ ᠢᠶᠠᠷ ᠬᠢᠵᠦ᠂ ᠭᠠᠩᠰᠡᠨ ᠤ ᠰᠢᠯᠪᠢ ᠶᠢ ᠨᠢ ᠬᠠᠰ᠂ ᠮᠠᠨᠤᠬᠤ ᠵᠡᠷᠭᠡ ᠪᠠᠷ ᠬᠢᠲᠡᠭ᠃ ᠨᠠᠪᠴᠢᠨ ᠲᠠᠮᠠᠬᠢ ᠠᠭᠤᠯᠳᠠᠭ ᠬᠠᠪᠳᠠᠭ᠎ᠠ ᠶᠢ ᠲᠤᠷᠭ᠎ᠠ᠂ ᠬᠤᠷᠭᠤᠢ ᠵᠡᠷᠭᠡ ᠪᠦᠰ ᠢᠶᠠᠷ ᠤᠷᠠᠯᠠᠨ ᠤᠶᠤᠵᠦ᠂ ᠪᠠᠰᠡ ᠤᠯᠠᠭᠠᠨ᠂ ᠨᠤᠭᠤᠭᠠᠨ᠂ ᠶᠠᠭᠠᠨ᠂ ᠬᠦᠭᠡ ᠵᠡᠷᠭᠡ ᠦᠩᠭᠡ ᠶᠢᠨ ᠪᠦᠴᠡ ᠵᠤᠬᠢᠷᠠᠭᠠᠭᠰᠡᠨ ᠴᠦ ᠪᠠᠶᠢᠳᠠᠭ᠃      ᠮᠤᠩᠭᠤᠯ ᠪᠦᠰᠡᠳᠠᠶᠢᠴᠤᠤᠯ ᠤᠨ ᠦᠰᠦ ᠭᠡᠵᠢᠭᠡ᠂ ᠰᠠᠬᠠᠯ ᠰᠠᠮᠪᠠᠢ ᠴᠦ ᠶᠡᠭᠡ ᠡᠷᠲᠡᠨ ᠤ ᠤᠳᠤᠮᠰᠢᠯ ᠲᠠᠢ᠃ ᠰᠡᠭᠦᠯᠴᠢ ᠶᠢᠨ ᠦᠶ᠎ᠡ ᠠᠴᠠ ᠴᠢᠯᠦᠭᠡᠯᠡᠬᠦ ᠪᠤᠯᠳᠠᠯ᠎ᠡ ᠪᠦᠰᠡᠲᠠᠢ ᠬᠦᠮᠦᠨ ᠮᠠᠩᠨᠠᠢ ᠠᠴᠠ ᠵᠤᠯᠠᠢ ᠬᠦᠷᠲᠡᠯᠡᠬᠢ ᠬᠡᠵᠢᠭᠡ  ᠪᠠᠨ ᠭᠤᠷᠮᠤᠰᠤᠯᠠᠨ ᠬᠦᠷᠦᠵᠦ ᠲᠠᠯᠪᠢᠳᠠᠭ᠃ ᠡᠩ ᠤᠨ ᠦᠶ᠎ᠡ ᠳᠤ ᠨᠢᠷᠤᠭᠤᠨ ᠭᠤᠤᠯ ᠢᠶᠠᠷ ᠲᠤᠷᠤᠭᠰᠢ ᠲᠠᠯᠪᠢᠬᠰᠡᠨ ᠪᠠᠶᠢᠳᠠᠭ᠃ ᠠᠵᠢᠯ ᠬᠦᠲᠡᠯᠮᠦᠷᠢ ᠬᠢᠬᠦ ᠳᠤ ᠤᠷᠤᠢ ᠲᠡᠭᠡᠷ᠎ᠡ ᠪᠠᠨ ᠤᠷᠢᠶᠠᠴᠢᠬᠠᠳᠠᠭ᠃ ᠬᠡᠦᠭᠡᠳ ᠤᠨ ᠦᠷᠪᠦᠭᠡ ᠬᠦᠨᠳᠡᠬᠦ ᠭᠡᠵᠦ ᠭᠤᠷᠪᠡ᠂ ᠲᠠᠪᠤ᠂ ᠲᠤᠯᠤᠭ᠎ᠠ᠂ ᠶᠢᠰᠦᠨ ᠨᠠᠰᠤᠳᠠᠢ ᠬᠡᠦᠭᠡᠳ ᠤᠨ ᠦᠰᠦ ᠶᠢ ᠬᠠᠶᠢᠴᠢᠯᠡᠵᠦ ᠬᠦᠨᠳᠡᠳᠡᠭ᠃      ᠰᠠᠬᠠᠯ ᠰᠠᠮᠪᠠᠢ ᠪᠤᠯ ᠮᠤᠩᠭᠤᠯ ᠪᠦᠰᠡᠳᠠᠶᠢᠴᠤᠤᠯ ᠤᠨ ᠡᠷ᠎ᠡ ᠶᠢᠨ ᠴᠡᠭᠡᠯ ᠳᠤ ᠬᠦᠷᠦᠭᠰᠡᠨ ᠤ ᠪᠡᠯᠭᠡᠲᠡᠯ ᠮᠦᠨ᠃ ᠰᠠᠬᠠᠯ ᠦᠯᠡᠲᠡᠭᠡᠬᠦ ᠳᠤ ᠨᠠᠰᠤᠨ ᠤ ᠢᠯᠭᠠᠯ ᠢᠶᠠᠷ ᠤᠨᠴᠠᠯᠢᠬᠳᠠᠳᠠᠭ᠃ ᠪᠦᠰᠡᠲᠠᠢ ᠬᠦᠮᠦᠨ ᠬᠤᠷᠢᠨ ᠲᠠᠪᠤᠳᠠᠢ ᠪᠤᠯᠪᠡᠯ ᠤᠷᠤᠭᠤᠯ ᠲᠡᠭᠡᠷ᠎ᠡ ᠪᠠᠨ ᠰᠠᠬᠠᠯ ᠦᠯᠡᠲᠡᠭᠡᠵᠦ ᠪᠤᠯᠳᠠᠭ᠃ ᠰᠠᠬᠠᠯ ᠤᠨ ᠬᠤᠶᠠᠷ ᠦᠵᠦᠭᠦᠷ ᠢ ᠲᠡᠭᠡᠭᠰᠢ ᠢᠮᠡᠷᠴᠦ ᠰᠡᠷᠪᠡᠶᠢᠯᠭᠡᠨ ᠶᠠᠩᠵᠦ ᠭᠠᠷᠭᠠᠭᠰᠡᠨ ᠢ ᠵᠢᠷᠪᠢᠭᠡᠷ ᠰᠠᠬᠠᠯᠲᠦ ᠬᠡᠲᠡᠭ᠃ ᠪᠦᠰᠡᠲᠠᠢ ᠬᠦᠮᠦᠨ ᠭᠤᠴᠢᠨ ᠲᠤᠯᠤᠭ᠎ᠠ ᠬᠦᠷᠪᠡᠯ ᠬᠠᠰᠢᠷᠵᠢᠵᠦ᠂ ᠢᠳᠡᠷ ᠨᠠᠰᠤᠨ ᠤ ᠡᠷᠡᠦ ᠰᠠᠬᠠᠯ ᠦᠯᠡᠲᠡᠭᠡᠲᠡᠭ᠃ ᠲᠦᠴᠢ ᠶᠢᠰᠦ ᠦᠩᠭᠡᠷᠡᠪᠡᠯ ᠰᠠᠴᠢᠭ ᠤᠨ ᠰᠠᠬᠠᠯ  ᠢᠶᠠᠨ ᠲᠠᠯᠪᠢᠵᠦ᠂ ᠵᠢᠷᠠ ᠭᠠᠷᠴᠦ ᠵᠠᠵᠢᠨ ᠦᠰᠦ ᠨᠢ ᠴᠠᠶᠢᠪᠡᠯ ᠨᠠᠮᠪᠠᠭᠠᠯᠢᠭ ᠰᠠᠬᠠᠯ ᠲᠠᠯᠪᠢᠬᠤ ︵ᠰᠠᠴᠢᠭ᠂ ᠡᠷᠡᠦ᠂ ᠤᠷᠤᠭᠤᠯ ᠤᠨ ᠰᠠᠬᠠᠯ ᠤᠨ ᠬᠤᠶᠠᠷ ᠦᠵᠦᠭᠦᠷ ᠢ ᠲᠤᠷᠤᠭᠰᠢ ᠬᠡᠪ ᠲᠠᠢ ᠪᠠᠶᠢᠯᠭᠠᠬᠤ︶ ᠶᠢ ᠡᠷᠬᠢᠮᠯᠡᠲᠡᠭ᠃ ᠡᠶᠢᠮᠦ ᠰᠠᠬᠠᠯ ᠲᠠᠯᠪᠢᠪᠡᠯ ᠨᠡᠷ᠎ᠡ ᠬᠦᠨᠳᠦᠳᠠᠢ᠂ ᠪᠤᠶᠠᠨ ᠬᠡᠰᠢᠭ ᠲᠠᠢ ᠬᠡᠲᠡᠭ ᠢ ᠪᠡᠯᠭᠡᠲᠡᠲᠡᠭ ᠠᠵᠤᠭᠤ᠃      ᠤᠷᠴᠢᠨ ᠤᠳᠤ ᠦᠶ᠎ᠡ ᠶᠢᠨ ᠮᠤᠩᠭᠤᠯ ᠬᠤᠪᠴᠠᠰᠦ ᠵᠠᠰᠠᠯ ᠨᠢ ᠮᠠᠰᠢ ᠶᠡᠭᠡ ᠬᠤᠪᠢᠷᠠᠯᠲᠡ ᠲᠠᠢ ᠪᠤᠯᠵᠠᠢ᠃ ᠡᠩ  ᠤᠨ ᠪᠠᠶᠢᠲᠡᠯ ᠳᠤ 19 ᠳ᠋ᠤᠭᠡᠷ ᠵᠠᠭᠤᠨ ᠤ ᠡᠴᠦᠰ ᠠᠴᠠ ᠡᠲᠦᠭᠡ ᠪᠤᠯᠳᠡᠯᠡᠬᠢ ᠮᠤᠩᠭᠤᠯ ᠬᠦᠮᠦᠨ ᠤ ᠬᠤᠪᠴᠠᠯᠠᠯ ᠢ ᠮᠤᠩᠭᠤᠯᠴᠤᠳ ᠤᠨ ᠤᠷᠴᠢᠨ ᠤᠳᠤ ᠦᠶ᠎ᠡ ᠶᠢᠨ ᠬᠤᠪᠴᠠᠰᠦ ᠵᠠᠰᠠᠯ ᠬᠡᠵᠦ ᠪᠤᠯᠤᠨ᠎ᠡ᠃ ᠴᠤᠯ ᠨᠡᠭᠦᠲᠡᠯᠯᠡᠨ ᠮᠠᠯᠵᠢᠬᠤ ᠠᠮᠢᠳᠤᠷᠡᠯ ᠨᠢ ᠲᠠᠷᠢᠶᠠᠯᠠᠬᠤ᠂ ᠬᠠᠭᠠᠰ ᠮᠠᠯᠵᠢᠬᠤ ᠬᠠᠭᠠᠰ ᠲᠠᠷᠢᠶᠠᠯᠠᠬᠤ ᠲᠠᠶᠢᠰᠢ ᠤᠯᠠᠷᠢᠵᠦ ᠤᠳᠤᠮᠰᠢᠯᠲᠦ ᠤᠷᠲᠦ ᠬᠤᠪᠴᠠᠰᠦ᠂ ᠦᠨᠳᠦᠷ ᠲᠦᠷᠡᠶᠢᠲᠦ ᠭᠤᠳᠤᠯ ᠨᠢ ᠲᠠᠷᠢᠶᠠᠯᠠᠩ ᠦᠢᠯᠡᠳᠪᠦᠷᠢᠯᠡᠯ ᠳᠤ ᠵᠤᠬᠢᠴᠠᠬᠤ ᠦᠭᠡᠢ ᠪᠤᠯᠵᠦ᠂ ᠤᠬᠳᠤᠷ ᠬᠦᠷᠮ᠎ᠡ᠂ ᠶᠡᠭᠡ ᠠᠯᠠ ᠲᠠᠢ ᠦᠮᠦᠲᠦ᠂ ᠪᠤᠭᠤᠨᠢ ᠲᠦᠷᠠᠢ ᠲᠠᠢ ᠱᠠᠬᠠᠢ ᠡᠮᠦᠰᠬᠦ ᠪᠤᠯᠵᠠᠢ᠃ ᠴᠢᠩ ᠤᠯᠤᠰ ᠤᠨ ᠰᠡᠭᠦᠯᠴᠢ ᠪᠠᠷ ᠮᠤᠩᠭᠤᠯ ᠤᠨ ᠡᠷᠭᠡ ᠰᠦᠷ ᠪᠠᠭᠤᠷᠠᠬᠤ ᠶᠢ ᠲᠠᠭᠠᠯᠳᠤᠨ ᠤᠳᠤᠮᠰᠢᠯᠲᠦ ᠬᠤᠪᠴᠠᠰᠦ ᠵᠠᠰᠠᠯ ᠴᠦ ᠠᠶᠠᠯᠳᠤᠨ ᠤᠰᠠᠳᠴᠦ ᠡᠬᠢᠯᠡᠪᠡ᠃ ᠲᠡᠭᠡᠷ᠎ᠡ ᠵᠠᠭᠤᠨ ᠤ ᠬᠤᠷᠢᠭᠠᠳ ᠤᠨ ᠠᠴᠠ ᠡᠬᠢᠯᠡᠵᠦ ᠮᠤᠩᠭᠤᠯ ᠤᠶᠤᠳᠠᠨ ᠰᠡᠭᠡᠭᠡᠳᠠᠳ ᠺᠤᠰᠲ᠋ᠢᠶᠤᠮ ᠡᠮᠦᠰᠴᠦ ᠡᠬᠢᠯᠡᠪᠡ᠃      ᠴᠢᠯᠦᠭᠡᠯᠡᠭᠲᠡᠭᠰᠡᠨ ᠤ ᠲᠠᠷᠠᠭ᠎ᠠ ᠮᠤᠩᠭᠤᠯ ᠦᠨᠳᠦᠰᠦᠲᠡᠨ ᠤ ᠤᠳᠤᠮᠰᠢᠯᠲᠦ ᠬᠤᠪᠴᠠᠰᠦ ᠵᠠᠰᠠᠯ ᠶᠡᠭᠡᠭᠡᠨ ᠲᠦᠷᠢᠯᠲᠡ ᠳᠤ ᠤᠴᠠᠷᠠᠵᠠᠢ᠃ ᠵᠦᠪᠭᠡᠨ ᠪᠦᠰᠡᠭᠦᠶᠢᠴᠤᠤᠯ ᠤᠨ ᠬᠤᠪᠴᠠᠰᠦ ᠬᠤᠨᠠᠷ ᠤᠨ ᠤᠯᠠᠨ ᠶᠠᠩᠵᠦ ᠬᠡᠯᠪᠡᠷᠢ ᠪᠡ ᠦᠩᠭᠡ ᠮᠠᠶ᠋ᠢᠭ ᠨᠢ ᠬᠠᠷᠢᠴᠠᠩᠭᠤᠢ ᠦᠯᠡᠲᠡᠭᠰᠡᠨ ᠠᠴᠠ ᠪᠤᠰᠤ ᠡᠯ᠎ᠡ ᠵᠦᠢᠯ ᠤᠨ ᠲᠤᠯᠤᠭᠠᠢ ᠶᠢᠨ ᠵᠢᠮᠰᠡᠭ ᠪᠤᠯᠤᠨ ᠵᠠᠰᠠᠯ ᠴᠢᠮᠡᠭᠯᠡᠯ ᠤᠳ ᠴᠦ ᠲᠦᠭᠦᠮᠴᠢᠯᠡᠭᠲᠡᠵᠦ᠂ ᠡᠳᠤᠷ ᠲᠤᠳᠤᠮ ᠤᠨ ᠠᠮᠢᠳᠤᠷᠡᠯ ᠲᠤᠮᠲᠡ ᠡᠭᠡᠮᠦᠭ᠂ ᠪᠠᠭᠤᠤ᠂ ᠪᠦᠯᠡᠵᠡᠭ ᠵᠡᠷᠭᠡ ᠯᠡ ᠦᠯᠡᠲᠡᠪᠡ᠃ ᠡᠲᠦᠭᠡ ᠶᠢᠨ ᠮᠠᠨ ᠤ ᠠᠮᠢᠳᠤᠷᠡᠯ ᠲᠤᠮᠲᠡ ᠲᠠᠩᠲᠡ ᠬᠠᠷᠠᠬᠳᠠᠳᠠᠭ ᠰᠢᠨ᠎ᠡ ᠮᠠᠶ᠋ᠢᠭ  ᠤᠨ ᠦᠩᠭᠡ ᠢᠯᠭᠠᠷᠠᠮ᠎ᠡ ᠮᠤᠩᠭᠤᠯ ᠲᠡᠷᠯᠢᠭ ᠪᠤᠯ ᠬᠡᠳᠤᠨ ᠠᠷᠪᠠᠨ ᠵᠢᠯ ᠢᠶᠠᠷ ᠤᠷᠠᠯᠢᠭ ᠤᠨ ᠲᠠᠶᠢᠰᠡᠨ ᠳᠤ ᠬᠢᠯᠠᠷᠡᠵᠦ ᠶᠠᠪᠤᠭᠰᠡᠨ ᠤᠯᠠᠭᠠᠨᠮᠦ᠋ᠴᠢᠷ ᠤᠨ ᠭᠠᠪᠢᠶ᠎ᠡ ᠪᠢᠯᠡ᠃ ᠤᠯᠠᠭᠠᠨᠮᠦ᠋ᠴᠢᠷ ᠤᠨ ᠲᠤᠬᠯᠠᠭᠴᠢᠳ ᠤᠨ ᠬᠤᠪᠴᠠᠰᠦ ᠵᠠᠰᠠᠯ ᠨᠢ ᠮᠤᠩᠭᠤᠯ ᠤᠳᠤᠮᠰᠢᠯᠲᠦ ᠬᠤᠪᠴᠠᠰᠦ ᠵᠠᠰᠠᠯ ᠤᠨ ᠦᠨᠳᠦᠰᠦᠨ ᠵᠠᠬᠪᠦᠷ ᠢ ᠬᠠᠳᠠᠭᠠᠯᠠᠬᠤ ᠶᠢᠨ ᠬᠠᠮᠲᠦ ᠤᠷᠠᠯᠢᠭ ᠤᠨ ᠡᠰᠭᠡᠯᠲᠡ ᠪᠠᠷ ᠲᠠᠪᠠᠭᠤᠯᠤᠨ ᠭᠤᠸᠠᠯᠢᠬᠵᠢᠭᠤᠯᠤᠭᠰᠡᠨ ᠪᠠᠶᠢᠪᠡ᠃ ᠲᠡᠷᠡ ᠨᠢ ᠨᠢᠭᠡ ᠳᠤ᠂ ᠮᠤᠩᠭᠤᠯ ᠲᠡᠷᠯᠢᠭ ᠤᠨ ᠡᠮᠵᠢᠶᠠᠷᠢ ᠶᠢᠨ ᠤᠷᠠᠯᠢᠭ︔ ᠬᠤᠶᠠᠷ ᠲᠤ᠂ ᠪᠡᠯᠭᠡᠭᠦᠰᠦ ᠪᠠᠷ ᠨᠢ ᠨᠠᠷᠢᠰᠬᠠᠭᠰᠡᠨ ᠡᠰᠭᠡᠯᠲᠡ︔ ᠭᠤᠷᠪᠡ ᠳᠤ᠂ ᠬᠤᠭᠤᠯᠠᠪᠴᠢ ᠶᠢᠨ ᠤᠷᠠᠯᠢᠭ ᠵᠡᠷᠭᠡ ᠲᠡᠭᠡᠷ᠎ᠡ ᠢᠯᠡᠷᠡᠲᠡᠭ᠃ ᠢᠷᠡᠭᠡᠳᠤᠢ ᠳᠤ ᠮᠤᠩᠭᠤᠯ ᠦᠨᠳᠦᠰᠦᠲᠡᠨ ᠤ ᠦᠵᠡᠰᠭᠦᠯᠡᠩᠲᠦ ᠡᠮᠦᠰᠭᠡᠯ ᠬᠤᠪᠴᠠᠰᠦ ᠨᠢ ᠴᠠᠭ ᠦᠶ᠎ᠡ ᠶᠢᠨ ᠦᠷᠨᠢᠯ ᠢ ᠲᠠᠭᠠᠯᠳᠤᠨ ᠢᠯᠠᠩᠭᠤᠶ᠎ᠡ ᠮᠤᠩᠭᠤᠯᠴᠤᠳ ᠲᠦᠪᠯᠡᠷᠡᠭᠰᠡᠨ ᠰᠠᠭᠤᠷᠢᠰᠢᠯ᠂ ᠵᠤᠭᠠᠴᠠᠯ ᠤᠨ ᠭᠠᠵᠠᠷ ᠤᠳ ᠲᠤ ᠨᠢᠭᠡ ᠵᠦᠢᠯ ᠤᠨ ᠬᠤᠪᠴᠠᠰᠤᠨ ᠤ ᠵᠠᠬᠪᠤᠷ ᠤᠨ ᠬᠡᠪ ᠨᠠᠮᠪᠡ ᠪᠠᠷ ᠲᠡᠯᠡᠭᠡᠢ ᠶᠢᠨ ᠲᠠᠪᠴᠠᠩ ᠳᠤ ᠭᠠᠷᠬᠤ ᠪᠤᠯᠤᠯᠴᠠᠭ᠎ᠠ ᠪᠤᠢ᠃ ᠡᠭᠦᠨ ᠢᠶᠠᠷ ᠲᠡᠯᠡᠭᠡᠢ ᠶᠢᠨ ᠴᠢᠬᠤᠯᠠ ᠨᠢᠭᠡ ᠪᠦᠷᠢᠯᠳᠤᠭᠦᠨ ᠪᠤᠯᠬᠤ ᠴᠦ ᠶᠤᠰᠤᠳᠠᠢ᠃                                                                  ︽ᠮᠤᠩᠭᠤᠯ ᠰᠤᠶᠤᠯ ᠤᠨ ᠲᠠᠶᠢᠯᠦᠮᠵᠢ︾ ᠨᠤᠮ ᠠᠴᠠ ᠪᠠᠭᠤᠯᠭᠠᠪᠡ
 
ᠢᠷᠡᠯᠲᠡ᠄ ᠲᠠᠷᠬᠠᠨ ᠮᠤᠤᠮᠢᠩᠭᠠᠨ ᠤ ᠵᠠᠰᠠᠭ ᠤᠨ ᠤᠷᠳᠤᠨ ᠤ ᠮᠤᠩᠭᠤᠯ ᠰᠦᠯᠵᠢᠶ᠎ᠡ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号