ᠠᠷᠦ ᠦᠪᠦᠷ ᠮᠠᠨᠢᠲᠦ ᠶᠢᠨ ᠰᠦᠮ᠎ᠡ
ᠨᠡᠶᠢᠲᠡᠯᠡᠭᠰᠡᠨ ᠴᠠᠭ᠄
2019-07-31
      ᠮᠤᠤᠮᠢᠩᠭᠠᠨ ᠬᠤᠰᠢᠭᠤᠨ ᠤ ᠵᠠᠰᠠᠭ ᠤᠨ ᠤᠷᠳᠤᠨ᠂ ᠬᠤᠰᠢᠭᠤ ᠰᠦᠮ᠎ᠡ ᠶᠢᠨ ᠲᠡᠯ᠎ᠡ ︵ᠬᠦᠶᠠᠩ ᠰᠢᠶᠠᠨ ᠤ ᠵᠤᠤ ᠶᠢᠨ ᠲᠡᠯ᠎ᠡ︶ ᠳᠤ ᠪᠠᠶᠢᠬᠤ ᠦᠶ᠎ᠡ ᠳᠤ ︵1872 ᠤᠨ — 1888 ᠤᠨ︶ ᠴᠤᠬᠪᠤᠶᠠᠨᠲᠦ ᠵᠠᠰᠠᠭ ᠤᠨ ᠰᠠᠭᠤᠷᠢᠨ ᠢ ᠵᠠᠯᠭᠠᠮᠵᠢᠯᠠᠨ᠂ ᠪᠦᠷᠢᠨᠲᠦ ᠵᠠᠰᠠᠬᠴᠢ ᠶᠢᠨ ᠠᠷᠪᠠᠨ ᠨᠢᠭᠡᠳᠤᠭᠡᠷ ᠤᠨ ︵1872 ᠤᠨ︶ ᠳᠤ ᠵᠠᠰᠠᠭ ᠲᠡᠷᠢᠭᠦᠨ ᠵᠡᠷᠭᠡ ᠶᠢᠨ ᠲᠠᠶᠢᠵᠢ ᠪᠤᠯᠵᠦ᠂ ᠮᠠᠨᠢᠲᠦ ᠠᠭᠤᠯᠡ ᠶᠢᠨ ᠠᠷᠦ ᠲᠤᠤᠷ᠎ᠡ ᠪᠠᠷᠠᠭᠤᠨ ᠬᠤᠶᠢᠰᠢ ᠪᠠᠨ ᠤᠷᠤᠰᠤᠬᠰᠠᠨ ᠬᠤᠶᠠᠷ ᠭᠤᠤᠯ ᠤᠨ ᠡᠬᠢᠨ ᠤ ᠠᠭᠤᠯᠵᠠᠷ ᠭᠠᠵᠠᠷ ᠲᠤ ᠪᠢᠴᠢᠬᠠᠨ ᠰᠦᠮ᠎ᠡ ᠪᠠᠶᠢᠭᠤᠯᠵᠦ ᠮᠠᠨᠢᠲᠦ ᠶᠢᠨ ᠰᠦᠮ᠎ᠡ ᠬᠡᠵᠦ ᠨᠠᠷᠡᠯᠡᠪᠡ᠃ ᠰᠡᠭᠦᠯᠡᠷ ᠨᠢ ᠪᠠᠳᠠᠷᠠᠭᠤᠯᠲᠦ ᠲᠦᠷᠦ ᠶᠢᠨ ᠵᠢᠷᠭᠤᠳᠤᠭᠠᠷ ᠤᠨ ︵1880 ᠤᠨ︶ ᠳᠤ ᠨᠢᠭᠡ ᠨᠢᠲᠦᠲᠦ ᠲᠤᠭᠤᠰ ᠤᠨ ᠦᠳᠦᠨ ᠤᠳᠤᠭ᠎ᠠ ᠵᠢᠩᠰᠡ ᠪᠠᠷ ᠱᠠᠩᠨᠠᠭᠤᠯᠵᠦ ᠮᠠᠨᠢᠲᠦ ᠠᠭᠤᠯᠡ ᠶᠢᠨ ᠦᠪᠦᠷ ᠲᠤᠤᠷ᠎ᠡ ᠵᠡᠭᠦᠨ ᠤᠷᠤᠬᠰᠢ ᠪᠠᠨ ᠤᠷᠤᠰᠤᠬᠰᠡᠨ ᠬᠤᠶᠠᠷ ᠭᠤᠤᠯ ᠤᠨ ᠰᠠᠯᠠᠭ᠎ᠠ ᠭᠠᠵᠠᠷ ᠮᠠᠨᠢᠲᠦ ᠶᠢᠨ ᠰᠦᠮ᠎ᠡ ᠶᠢ ᠦᠷᠭᠡᠳᠭᠡᠨ ᠪᠠᠶᠢᠭᠤᠯᠵᠦ᠂ ᠦᠪᠦᠷ ᠮᠠᠨᠢᠲᠦ ᠶᠢᠨ ᠰᠦᠮ᠎ᠡ ︵ᠤᠳᠤ ᠶᠢᠨ召河︶ ᠭᠡᠵᠦ ᠨᠠᠷᠡᠯᠡᠨ᠂ ᠤᠭ ᠤᠨ ᠪᠢᠴᠢᠬᠠᠨ ᠰᠦᠮ᠎ᠡ ᠶᠢ ᠨᠢ ᠠᠷᠦ ᠮᠠᠨᠢᠲᠦ ︵ᠤᠳᠤ ᠶᠢᠨ后召河︶ ᠶᠢᠨ ᠰᠦᠮ᠎ᠡ ᠭᠡᠵᠦ ᠨᠠᠷᠡᠯᠡᠨ ᠬᠤᠶᠠᠷ ᠮᠠᠨᠢᠲᠦ ᠶᠢᠨ ᠰᠦᠮ᠎ᠡ ᠶᠢ ᠢᠯᠭᠠᠪᠦᠷᠢᠯᠡᠪᠡ᠃      ᠡᠨᠡ ᠪᠤᠯ ᠬᠤᠰᠢᠭᠤ ᠰᠦᠮ᠎ᠡ ᠪᠤᠯᠬᠤ ᠤᠴᠢᠷ ᠬᠠᠪᠤᠲᠦ ᠬᠠᠰᠠᠷ ᠤᠨ ᠲᠠᠬᠢᠯᠭ᠎ᠠ ᠶᠢᠨ ᠤᠷᠳᠤᠨ ᠲᠠᠢ ᠠᠳᠠᠯᠢ  ᠪᠠᠷ ᠵᠠᠰᠠᠭ ᠤᠨ ᠤᠷᠳᠤᠨ ᠢᠶᠠᠨ ᠲᠠᠭᠠᠯᠳᠤᠨ ᠨᠡᠭᠦᠵᠦ ᠰᠢᠯᠵᠢᠲᠡᠭ ᠲᠤᠯᠠ 1888 ᠤᠨ ᠳᠤ ᠴᠤᠬᠪᠤᠶᠠᠨᠲᠦ ᠨᠠᠰᠦ ᠪᠠᠷᠠᠵᠦ᠂ ᠲᠡᠭᠦᠨ ᠤ ᠬᠦᠪᠡᠭᠦᠨ ᠷᠠᠰᠢᠰᠠᠷᠠᠨᠳᠤᠷᠵᠢ ᠦᠶ᠎ᠡ ᠵᠠᠯᠭᠠᠮᠵᠢᠯᠠᠨ᠂ ᠬᠤᠰᠢᠭᠤ ᠵᠠᠰᠠᠭ ᠤᠨ ᠤᠷᠳᠤᠨ ᠢᠶᠠᠨ ᠠᠶᠢᠪᠠᠭ᠎ᠠ ᠭᠤᠤᠯ᠂ ᠴᠠᠭᠠᠬᠤᠪᠤᠭ᠎ᠠ ᠵᠡᠷᠭᠡ ᠭᠠᠵᠠᠷ ᠲᠤ ᠤᠷᠢᠳ ᠬᠤᠵᠢᠳ ᠨᠡᠭᠦᠯᠭᠡᠨ ᠢᠷᠡᠵᠦ᠂ ᠬᠤᠶᠠᠷ ᠮᠠᠨᠢᠲᠦ ᠶᠢᠨ ᠰᠦᠮ᠎ᠡ ᠨᠢ ᠲᠡᠨᠲᠡ ᠪᠠᠨ ᠬᠡᠳᠤᠨ ᠯᠠᠮᠠ ᠲᠠᠢ᠂ ᠵᠤᠯᠠ ᠬᠦᠵᠢ ᠴᠠᠭ ᠤᠨ ᠬᠤᠷᠡᠯ ᠬᠤᠢ ᠲᠠᠢ ᠬᠤᠴᠤᠷᠴᠦ ᠭᠠᠵᠠᠷ ᠲᠦᠷᠢᠶᠡᠰᠦᠯᠡᠭᠰᠡᠨ ᠠᠷᠡᠳ ᠤᠳ ᠦᠷᠬᠦᠯᠵᠢᠯᠠᠨ ᠲᠠᠬᠢᠵᠦ ᠪᠠᠶᠢᠬᠰᠡᠨ ᠢᠶᠠᠨ᠂ 1917 ᠤᠨ ᠳᠤ ᠪᠤᠷᠦ ᠲᠠᠭ᠎ᠠ ᠠᠭᠤᠯᠠᠨ ᠤ ᠦᠪᠦᠷ ᠲᠤᠤᠷ᠎ᠡ ᠰᠦᠮ᠎ᠡ ᠪᠠᠨ ᠲᠠᠬᠢᠨ ᠪᠠᠶᠢᠭᠤᠯᠵᠦ᠂ ᠲᠠᠭ᠎ᠠ ᠶᠢᠨ ᠰᠦᠮ᠎ᠡ ᠭᠡᠵᠦ ᠨᠡᠷᠡᠯᠡᠪᠡ᠃      ᠠᠷᠦ ᠮᠠᠨᠢᠲᠦ ᠶᠢᠨ ᠰᠦᠮ᠎ᠡ ᠨᠢ 1945 ᠤᠨ ᠤ ᠦᠶ᠎ᠡ ᠳᠤ ᠭᠠᠯ ᠭᠠᠷᠴᠦ ᠰᠢᠲᠡᠬᠳᠠᠨ ᠰᠦᠢᠳᠴᠦ᠂ ᠦᠪᠦᠷ ᠮᠠᠨᠢᠲᠦ ᠶᠢᠨ ᠰᠦᠮ᠎ᠡ ᠨᠢ 1948 ᠤᠨ ᠬᠦᠷᠲᠡᠯ᠎ᠡ ᠭᠤᠤᠯ ᠲᠤᠭᠠᠩ ᠪᠡ ᠰᠠᠩ ᠵᠢᠰᠡ᠂ ᠱᠠᠪᠢ ᠨᠠᠷ ᠤᠨ ᠬᠡᠷ ᠬᠦᠷᠢᠶ᠎ᠡ ᠲᠠᠢ ᠪᠠᠶᠢᠵᠦ᠂ ᠡᠲᠦᠭᠡ ᠶᠢᠨ ᠰᠢᠨᠡᠪᠤᠯᠠᠭ ᠰᠤᠮᠤᠨ ᠤ ᠬᠦᠭᠵᠢᠯᠲᠦ ᠪᠠᠷᠢᠭᠠᠲᠡ ᠶᠢᠨ ᠶᠠᠷᠢᠮᠫᠢᠯ ᠬᠤᠪᠢᠯᠭᠠᠨ ᠯᠠᠮᠠ ᠨᠢ ᠪᠠᠶᠢᠵᠠᠢ᠃ 1952 ᠤᠨ ᠳᠤ ᠠᠷᠦ᠂ ᠦᠪᠦᠷ ᠬᠤᠶᠠᠷ ᠮᠠᠨᠢᠲᠦ ᠶᠢᠨ ᠰᠦᠮ᠎ᠡ ᠶᠢᠨ ᠭᠠᠵᠠᠷ ᠬᠦᠶᠠᠩ ᠰᠢᠶᠠᠨ ᠳᠤ ᠬᠠᠷᠢᠶᠠᠯᠠᠬᠳᠠᠨ᠂ ᠰᠦᠮ᠎ᠡ ᠭᠡᠶᠢᠳ ᠨᠢ ᠰᠦᠢᠳᠴᠦ᠂ ᠵᠤᠯᠠ ᠬᠦᠵᠢ ᠨᠢ ᠪᠠᠯᠠᠷᠠᠵᠦ ᠲᠠᠰᠤᠷᠠᠪᠡ᠃ ︵ᠮᠦᠩᠭᠡᠳᠡᠯᠭᠡᠷ ᠡᠮᠬᠢᠳᠭᠡᠪᠡ︶
 
ᠢᠷᠡᠯᠲᠡ᠄ ᠲᠠᠷᠬᠠᠨ ᠮᠤᠤᠮᠢᠩᠭᠠᠨ ᠤ ᠵᠠᠰᠠᠭ ᠤᠨ ᠤᠷᠳᠤᠨ ᠤ ᠮᠤᠩᠭᠤᠯ ᠰᠦᠯᠵᠢᠶ᠎ᠡ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号