| ᠮᠤᠩᠭᠤᠯ ᠦᠨᠳᠦᠰᠦᠲᠡᠨ ᠤ ᠵᠠᠩ ᠲᠡᠳᠬᠠᠯ ᠨᠢ ᠤᠷᠤᠰᠢᠨ ᠲᠤᠬᠳᠠᠨᠢᠬᠤ ᠲᠡᠯ᠎ᠡ ᠨᠤᠳᠤᠭ ᠲᠠᠢ ᠪᠠᠨ ᠨᠢᠬᠲᠡ | ᠬᠠᠷᠢᠴᠠᠭ᠎ᠠ ᠲᠠᠢ ᠶᠤᠮ᠃ ᠨᠡᠭᠦᠲᠡᠯᠴᠢ ᠮᠠᠯᠴᠢᠳ ᠤᠨ ᠠᠮᠢᠳᠤᠷᠡᠯ ᠤᠨ ᠬᠡᠯᠪᠡᠷᠢ ᠮᠠᠶ᠋ᠢᠭ᠂ ᠤᠳᠤᠮᠰᠢᠯᠲᠦ ᠵᠠᠩ ᠠᠭᠠᠯᠢ᠂ | ᠰᠡᠳᠬᠢᠭᠦᠢ᠂ ᠦᠵᠡᠯ ᠤᠬᠠᠮᠰᠠᠷ ᠨᠢ ᠤᠷᠴᠢᠨ ᠲᠤᠭᠤᠷᠢᠨ ᠲᠠᠢ ᠪᠠᠨ ᠨᠢᠬᠲᠡ ᠬᠠᠷᠢᠴᠠᠭ᠎ᠠ ᠲᠠᠢ ᠪᠠᠷ ᠦᠯᠦ ᠪᠠᠷᠡᠮ | ᠲᠡᠷᠡ ᠪᠦᠬᠦᠨ ᠨᠢ ᠰᠢᠭᠤᠳ ᠪᠤᠯᠤᠨ ᠲᠠᠮ ᠢᠶᠠᠷ ᠠᠮᠢ ᠠᠬᠤᠢ ᠶᠢᠨ ᠤᠷᠴᠢᠨ ᠲᠤᠭᠤᠷᠢᠨ ᠢ ᠬᠠᠮᠠᠭᠠᠯᠠᠵᠦ ᠪᠠᠶᠢᠳᠠᠭ᠃ | ᠨᠡᠭᠦᠳᠡᠯᠴᠢ ᠮᠠᠯᠴᠢᠨ ᠦᠪᠡᠷ ᠢ ᠪᠠᠨ ᠪᠠᠶᠢᠭᠠᠯᠢ ᠶᠢᠨ ᠦᠷᠡᠰ ᠭᠡᠵᠦ ᠦᠵᠡᠲᠡᠭ ᠪᠤᠯᠬᠤᠷ ᠬᠦᠮᠦᠨ ᠪᠠᠶᠢᠭᠠᠯᠢ | ᠬᠤᠭᠤᠷᠤᠨᠲᠦ ᠪᠠᠨ ᠪᠠᠶᠢᠭᠠᠯᠯᠢᠭ ᠢᠶᠠᠷ ᠤᠷᠤᠰᠢᠬᠤ ᠬᠠᠶᠢᠷ᠎ᠡ ᠰᠡᠳᠬᠢᠯᠭᠡ ᠲᠠᠢ ᠪᠠᠶᠢᠳᠠᠭ᠃ ᠦᠪᠦᠷ ᠮᠤᠩᠭᠤᠯ ᠠᠯᠢ | ᠡᠷᠲᠡ ᠠᠴᠠ ᠮᠤᠩᠭᠤᠯ ᠤᠨ ᠬᠠᠭᠠᠨᠲᠦ ᠤᠯᠤᠰ ᠪᠠᠶᠢᠭᠤᠯᠤᠭᠳᠠᠬᠤ ᠶᠢᠨ ᠦᠶ᠎ᠡ ᠳᠤ ︽ᠨᠡᠭᠦᠲᠡᠯᠴᠢᠨ ᠮᠠᠯᠴᠢᠨ ᠤᠯᠤᠰ︾ | ᠬᠡᠰᠡᠨ ᠨᠡᠷ᠎ᠡ ᠪᠠᠷ ᠠᠯᠳᠠᠷᠰᠢᠬᠰᠡᠨ ᠶᠤᠮ᠃ | ᠲᠡᠦᠭᠡᠨ ᠠᠴᠠ ᠠᠪᠤᠭᠠᠳ ᠮᠤᠩᠭᠤᠯ ᠦᠨᠳᠦᠰᠦᠲᠡᠨ ᠤᠷᠤᠰᠢᠨ ᠲᠤᠬᠳᠠᠨᠢᠬᠤ ᠤᠷᠴᠢᠨ ᠲᠤᠭᠤᠷᠢᠨ ᠪᠤᠯᠤᠨ | ᠠᠮᠢᠳᠤᠷᠠᠬᠤᠢ ᠶᠢᠨ ᠬᠡᠯᠪᠡᠷᠢ ᠮᠠᠶ᠋ᠢᠭ᠂ ᠵᠠᠩ ᠲᠡᠳᠬᠠᠯ ᠢᠶᠠᠷ ᠢᠶᠠᠨ ᠤᠷᠤᠰᠢᠭᠤᠯᠭ᠎ᠠ ᠶᠢᠨ ᠤᠴᠢᠷ ᠢ ᠲᠦᠭᠦᠮ ᠲᠦᠲᠡ | ᠶᠠᠪᠤᠬᠳᠠᠭᠤᠯᠳᠠᠭ᠃ ᠡᠩ ᠤᠨ ᠪᠠᠶᠢᠲᠡᠯ ᠳᠤ ᠠᠪᠰᠡ ᠪᠤᠯᠤᠨ ᠬᠤᠶᠢᠯᠭ᠎ᠠ ᠶᠢᠨ ᠵᠦᠢᠯᠡᠰ ᠬᠡᠷᠡᠭᠯᠡᠲᠡᠭ ᠦᠭᠡᠢ᠃ | ᠭᠤᠮᠤᠳᠠᠯ ᠤᠨ ᠬᠤᠪᠴᠠᠰᠦ ᠡᠮᠦᠰᠬᠦ ᠦᠭᠡᠢ᠂ ᠴᠠᠭᠠᠰᠤᠨ ᠵᠤᠭᠤᠰ ᠵᠡᠷᠭᠡ ᠰᠢᠳᠠᠭᠠᠬᠤ ᠦᠭᠡᠢ ᠪᠦᠭᠡᠳ ᠭᠠᠰᠢᠭᠤᠳᠡᠯ | ᠤᠨ ᠠᠶᠠᠰ ᠴᠦ ᠲᠠᠯᠪᠢᠳᠠᠭ ᠦᠭᠡᠢ᠃ ᠮᠤᠩᠭᠤᠯ ᠦᠨᠳᠦᠰᠦᠲᠡᠨ ᠤ ᠤᠷᠤᠰᠢᠭᠤᠯᠭ᠎ᠠ ᠳᠤ ᠭᠤᠤᠯᠳᠠᠭᠤ ᠪᠤᠯᠠᠰᠢᠯᠠᠬᠤ᠂ | ᠭᠠᠯ ᠢᠶᠠᠷ ᠲᠡᠭᠲᠡᠭᠡᠬᠦ᠂ ᠬᠦᠲᠡᠭᠡᠯᠡᠭᠦᠯᠬᠦ ᠵᠡᠷᠭᠡ ᠭᠤᠷᠪᠠᠨ ᠵᠦᠢᠯ ᠪᠠᠶᠢᠳᠠᠭ᠃ ᠤᠯᠠᠩᠬᠢ ᠳᠠᠭᠠᠨ ᠪᠤᠯᠠᠰᠢᠯᠠᠳᠠᠭ᠃ | ᠪᠤᠯᠠᠰᠢ ᠲᠡᠮᠳᠡᠭᠯᠡᠯ ᠢ ᠦᠨᠳᠦᠰᠦᠯᠡᠪᠡᠯ 13 ᠳ᠋ᠤᠭᠠᠷ ᠵᠠᠭᠤᠨ ᠤ ᠮᠤᠩᠭᠤᠯᠴᠤᠳ ᠭᠡᠭᠦᠷ ᠤᠩᠭᠤᠨ ᠢᠶᠠᠨ | ᠪᠤᠯᠠᠰᠢᠯᠠᠳᠠᠭ ᠪᠤᠯᠵᠠᠢ᠃ ᠶᠡᠭᠡ ᠡᠷᠲᠡ ᠦᠶ᠎ᠡ ᠳᠤ ᠮᠤᠩᠭᠤᠯᠴᠤᠳ ᠦᠭᠦᠭᠦ ᠶᠢ ᠬᠦᠮᠦᠨ ᠤ ᠶᠢᠷᠳᠢᠨᠴᠦ ᠠᠴᠠ ᠦᠭᠡᠷ᠎ᠡ | ᠨᠢᠭᠡ ᠶᠢᠷᠳᠢᠨᠴᠦ ᠳᠤ ᠬᠡᠳᠤᠯᠬᠦ ᠶᠢᠨ ᠤᠴᠢᠷ ᠪᠤᠯᠭᠠᠨ ᠦᠵᠡᠲᠡᠭ ᠠᠴᠠ ᠦᠭᠦᠭᠰᠡᠳ ᠢ ᠦᠭᠡᠷ᠎ᠡ ᠶᠢᠷᠲᠢᠨᠴᠦ ᠳᠤ | ᠬᠦᠷᠦᠭᠡᠳ ᠠᠮᠢᠳᠣᠷᠡᠯ ᠢᠶᠠᠨ ᠡᠬᠢᠯᠡᠭᠦᠯᠬᠦ ᠶᠢ ᠪᠤᠳᠤᠵᠦ ᠶᠠᠳᠠᠭᠤ ᠪᠠᠶᠠᠨ ᠭᠡᠰᠡᠨ ᠦᠭᠡᠢ ᠴᠢᠳᠠᠯ ᠤᠨ ᠬᠢᠷᠢ ᠪᠠᠷ ᠨᠢ | ᠰᠠᠶᠢᠨ ᠢ ᠡᠮᠦᠰᠦᠭᠦᠯᠵᠦ ᠤᠷᠤᠰᠢᠭᠤᠯᠳᠠᠭ᠃ ᠶᠤᠸᠠᠨ ᠤᠯᠤᠰ ᠤᠨ ᠬᠠᠭᠠᠨ ᠬᠠᠯᠢᠬᠰᠡᠨ ᠳᠤ ︽ᠪᠤᠯᠠᠭ᠎ᠠ ᠶᠢ ᠠᠷᠡᠰᠤᠨ | ᠬᠦᠷᠮ᠎ᠡ᠂ ᠮᠠᠯᠠᠭᠠᠢ᠂ ᠪᠦᠰᠡ᠂ ᠤᠶᠢᠮᠦᠰᠦ ᠭᠤᠳᠤᠯ᠂ ᠠᠶᠠᠭ᠎ᠠ ᠰᠡᠪᠡ ᠵᠡᠷᠭᠡ ᠪᠡᠯᠡᠳᠭᠡᠵᠦ ᠴᠠᠭᠠᠨ ᠢᠶᠠᠷ ᠭᠠᠳᠠᠷᠯᠠᠵᠤᠬᠤᠢ︾ | ᠃ ᠤᠯᠠᠮᠵᠢᠯᠠᠯ ᠶᠠᠷᠢᠶᠠᠨ ᠳᠤ ᠮᠤᠩᠭᠤᠯ ᠬᠠᠭᠠᠳ ᠨᠠᠰᠦ ᠨᠦᠭᠴᠢᠪᠡᠯ ᠴᠤᠯ ᠮᠤᠳᠤ ᠶᠢ ᠬᠦᠮᠦᠨ ᠤ ᠪᠡᠶ᠎ᠡ ᠶᠢᠨ | ᠲᠦᠯᠦᠪ ᠢᠶᠠᠷ ᠤᠬᠤᠵᠦ ᠠᠪᠰᠠᠯᠠᠭᠠᠳ ᠭᠠᠳᠠᠭᠤᠷ ᠨᠢ ᠠᠯᠳᠠᠨ ᠴᠠᠭᠠᠷᠢᠭ ᠢᠶᠠᠷ ᠭᠤᠷᠪᠠᠨ ᠪᠦᠰᠡᠯᠡᠭᠦᠷ ᠴᠠᠭᠠᠷᠢᠬᠯᠠᠵᠦ | ᠴᠢᠩᠭ᠎ᠠ ᠪᠤᠭᠤᠵᠦ ᠭᠠᠵᠠᠷ ᠲᠤ ᠬᠦᠨ ᠪᠤᠯᠠᠰᠢᠯᠠᠨ ᠲᠡᠭᠡᠭᠦᠷ ᠨᠢ ᠠᠳᠤᠭᠤᠳ ᠢᠶᠠᠷ ᠬᠢᠰᠬᠢᠭᠦᠯᠦᠨ ᠲᠡᠭᠰᠢᠯᠡᠵᠦ | ᠤᠷᠬᠢᠳᠠᠭ ᠭᠡᠲᠡᠭ᠃ ᠡᠳᠤᠷ ᠤᠨ ᠤᠳᠠᠭᠠᠨ ᠳᠤ ᠭᠠᠵᠠᠷ ᠤᠨ ᠬᠦᠷᠦᠰᠦ ᠡᠷᠡᠭᠦᠯᠵᠢᠨ ᠲᠡᠭᠰᠢᠷᠡᠪᠡᠯ ᠤᠤᠯ ᠭᠡᠭᠦᠷ | ᠤᠩᠭᠤᠨ ᠤ ᠭᠠᠵᠠᠷ ᠭᠡᠲᠡᠭ ᠨᠢ ᠲᠠᠨᠢᠬᠳᠠᠬᠤ ᠪᠠᠨ ᠪᠤᠯᠢᠲᠠᠭ᠃ ᠪᠠᠰᠡ ︽ᠬᠠᠷ᠎ᠡ ᠲᠠᠲ᠋ᠠᠷ ᠤᠨ ᠬᠡᠷᠡᠭ ᠤᠨ ᠲᠡᠮᠲᠡᠭᠯᠡᠯ︾ | ᠳᠤ᠄ ︽ᠤᠩᠭᠤᠨ ᠪᠤᠯᠠᠰᠢ ᠶᠢᠨ ᠭᠠᠵᠠᠷ ᠢ ᠤᠷᠤᠮ ᠦᠭᠡᠢ ᠪᠤᠯᠳᠠᠯ᠎ᠡ ᠤᠯᠠᠨ ᠠᠳᠤᠭᠤᠳ ᠬᠢᠰᠬᠢᠨ ᠲᠡᠭᠰᠢ ᠲᠡᠯ᠎ᠡ | ᠮᠡᠲᠦ ᠪᠤᠯᠭᠠᠮᠤᠢ︾ ᠭᠡᠵᠦ ᠲᠡᠮᠲᠡᠭᠯᠡᠭᠰᠡᠨ ᠪᠠᠶᠢᠳᠠᠭ᠃ ᠡᠶᠢᠮᠦ ᠠᠴᠠ ᠴᠢᠩᠭᠢᠰ ᠬᠠᠭᠠᠨ ᠠᠴᠠ ᠡᠬᠢᠯᠡᠨ ᠶᠤᠸᠠᠨ ᠤᠯᠤᠰ | ᠤᠨ ᠬᠠᠮᠤᠭ ᠤᠨ ᠰᠡᠭᠦᠯᠴᠢ ᠶᠢᠨ ᠲᠤᠭᠤᠭᠠᠨᠳᠠᠮᠦ᠋ᠷ ᠬᠠᠭᠠᠨ ᠬᠦᠷᠲᠡᠯᠡᠬᠢ ᠤᠩᠭᠤᠨ ᠪᠤᠯᠠᠰᠢ ᠨᠢ ᠡᠲᠦᠭᠡ ᠪᠤᠯᠳᠠᠯ᠎ᠡ | ᠤᠷᠤ ᠮᠦᠷ ᠦᠭᠡᠢ ᠪᠠᠶᠢᠳᠠᠭ᠃ ᠡᠲᠦᠭᠡ ᠶᠢᠨ ᠪᠤᠯᠠᠰᠢ ᠨᠢ ᠢᠯᠠᠩᠭᠤᠶ᠎ᠡ ᠲᠠᠷᠢᠶᠠᠯᠠᠬᠤ ᠤᠷᠤᠨ ᠤ ᠮᠤᠩᠭᠤᠯ ᠬᠦᠮᠦᠨ | ᠤ ᠪᠤᠯᠠᠰᠢ ᠨᠢ ᠬᠢᠲᠡᠳ ᠬᠦᠮᠦᠨ ᠤ ᠬᠢ ᠲᠠᠢ ᠦᠨᠳᠦᠰᠦᠨ ᠳᠡᠭᠡᠨ ᠠᠳᠠᠯᠢᠪᠳᠤᠷ ᠪᠤᠯᠵᠠᠢ᠃ | ᠬᠦᠲᠡᠭᠡᠯᠡᠬᠦ ᠡᠭᠦᠨ ᠢ ᠪᠠᠰᠡ ᠲᠡᠭᠷᠢ ᠤᠷᠤᠰᠢᠭᠤᠯᠭ᠎ᠠ ᠬᠡᠲᠡᠭ᠃ ᠬᠦᠮᠦᠨ ᠪᠡᠶ᠎ᠡ ᠦᠩᠭᠡᠷᠡᠪᠡᠯ ᠴᠠᠭᠠᠨ ᠪᠦᠰ | ᠢᠶᠠᠷ ᠤᠷᠢᠶᠠᠵᠦ᠂ ᠲᠤᠬᠳᠠᠭᠰᠡᠨ ᠡᠳᠤᠷ ᠦᠵᠡᠭᠦᠯᠦᠨ ᠬᠠᠰᠠᠭ ᠲᠡᠷᠭᠡᠨ ᠲᠡᠭᠡᠷ᠎ᠡ ᠠᠪᠴᠦ ᠶᠠᠪᠤᠨ ᠭᠡᠭᠡᠷ᠎ᠡ ᠬᠦᠲᠡᠭᠡ | ᠡᠩᠭᠦᠯ ᠲᠤᠩᠬᠤᠯ ᠵᠠᠮ ᠢᠶᠠᠷ ᠰᠠᠵᠢᠯᠠᠭᠤᠯᠤᠭᠰᠠᠭᠠᠷ ᠬᠠᠮᠢᠭ᠎ᠠ ᠦᠢᠴᠢᠪᠡᠯ ᠮᠦᠨ ᠲᠡᠨᠲᠡ ᠨᠢ ᠤᠷᠤᠰᠢᠭᠤᠯᠴᠢᠬᠠᠳᠠᠭ᠃ | ᠭᠤᠷᠪᠠᠨ ᠡᠳᠤᠷ ᠤᠨ ᠲᠠᠷᠠᠭ᠎ᠠ ᠲᠡᠷᠭᠡᠨ ᠤ ᠮᠦᠷ ᠢᠶᠠᠷ ᠡᠷᠢᠵᠦ ᠤᠴᠢᠬᠤ ᠳᠤ ᠭᠡᠭᠦᠷ ᠪᠡᠶ᠎ᠡ ᠶᠢ ᠨᠢ ᠠᠷᠢᠶᠠᠳᠠᠨ | ᠰᠢᠪᠠᠭᠤ ᠰᠡᠭᠴᠢᠵᠦ ᠢᠲᠡᠭᠰᠡᠨ ᠪᠠᠶᠢᠪᠡᠯ ᠦᠭᠦᠭᠰᠡᠨ ᠬᠦᠮᠦᠨ ᠤ ᠰᠦᠨᠡᠰᠦ ᠨᠢ ᠳ᠋ᠧᠪᠠᠵᠠᠨ ᠳᠠᠭᠠᠨ ᠬᠦᠷᠴᠢᠭᠡᠵᠠᠢ | ᠭᠡᠵᠦ ᠦᠵᠡᠲᠡᠭ᠃ ᠭᠡᠭᠦᠷ ᠪᠡᠶ᠎ᠡ ᠡᠪᠳᠡᠭᠳᠡᠵᠦ ᠬᠦᠨᠳᠡᠭᠳᠡᠭᠰᠡᠨ ᠦᠭᠡᠢ ᠤᠤᠯ ᠬᠡᠪ ᠢᠶᠠᠷ ᠪᠠᠶᠢᠪᠡᠯ ᠲᠠᠷᠤᠢ ᠯᠠᠮᠠ ᠵᠠᠯᠠᠵᠦ | ᠨᠤᠮ ᠬᠦᠷᠢᠮ ᠤᠩᠰᠢᠭᠤᠯᠤᠨ ᠶᠡᠯ᠎ᠡ ᠬᠢᠯᠢᠴᠡ ᠶᠢ ᠨᠢ ᠲᠠᠶᠢᠯᠳᠠᠭ᠃ ᠲᠠᠷᠡᠴᠢᠯᠡᠨ ᠪᠠᠰᠡ ᠬᠡᠭᠦᠷ ᠪᠡᠶ᠎ᠡ ᠲᠡᠭᠡᠷ᠎ᠡ ᠨᠢ | ᠰᠢᠷ᠎ᠡ ᠲᠤᠰᠤ ᠲᠦᠷᠬᠢᠵᠦ᠂ ᠠᠷᠢᠬᠢ ᠲᠤᠰᠤᠭᠠᠨ ᠠᠷᠢᠶᠠᠳᠠᠨ ᠰᠢᠪᠠᠭᠤᠳ ᠤᠨ ᠦᠭᠶᠦᠭᠡ ᠪᠤᠯᠭᠠᠬᠤ ᠶᠢ ᠵᠤᠷᠢᠳᠠᠭ | ᠰᠠᠨ᠃ ᠠᠷᠢᠶᠠᠳᠠᠨ ᠰᠢᠪᠠᠭᠤ ᠰᠡᠭᠴᠢᠭᠡᠳ ᠦᠯᠡᠲᠡᠭᠰᠡᠨ ᠰᠡᠭ ᠶᠠᠰᠦ ᠶᠢ ᠨᠢ ᠲᠡᠭᠦᠵᠦ ᠭᠠᠵᠠᠷ ᠲᠤ ᠪᠤᠯᠠᠵᠦ ᠤᠷᠬᠢᠳᠠᠭ᠃ | ᠬᠦᠳᠡᠭᠡᠯᠡᠭᠦᠯᠵᠦ ᠪᠠᠷᠠᠭᠰᠡᠨ ᠤ ᠲᠠᠷᠠᠭ᠎ᠠ ᠦᠷ᠎ᠡ ᠠᠴᠢᠷ ᠨᠢ 49 ᠬᠤᠨᠤᠭ ᠪᠤᠶᠦ ᠵᠠᠭᠤᠨ ᠡᠳᠤᠷ ᠦᠰᠦ ᠰᠠᠬᠠᠯ | ᠢᠶᠠᠨ ᠬᠢᠷᠠᠭᠠᠬᠤ ᠦᠭᠡᠢ᠂ ᠠᠷᠢᠬᠢ ᠲᠠᠷᠡᠰᠦ ᠤᠤᠭᠤᠬᠤ ᠦᠭᠡᠢ᠂ ᠪᠠᠶᠠᠰᠴᠦ ᠴᠡᠩᠭᠡᠬᠦ ᠭᠠᠵᠠᠷ ᠦᠯᠦ ᠤᠴᠢᠨ | ᠪᠡᠯᠪᠡᠰᠤᠷᠠᠵᠦ᠂ ᠬᠡᠦᠭᠡᠨ ᠪᠦᠰᠡᠭᠦᠶᠢᠴᠤᠤᠯ ᠲᠤᠯᠤᠭᠠᠢ ᠶᠢᠨ ᠵᠢᠮᠰᠡᠭ ᠵᠠᠰᠠᠯ ᠵᠡᠭᠦᠭᠦ ᠦᠭᠡᠢ ᠪᠠᠷ ᠪᠡᠯᠪᠡᠰᠦᠷᠡᠨ | ᠭᠠᠰᠢᠭᠤᠳᠠᠳᠠᠭ᠃ ᠡᠲᠦᠭᠡ ᠮᠤᠩᠭᠤᠯ ᠦᠨᠳᠦᠰᠦᠲᠡᠨ ᠤ ᠲᠠᠨᠢᠯᠲᠡ ᠬᠤᠪᠢᠷᠠᠵᠦ᠂ ᠰᠤᠶᠤᠯ ᠪᠤᠯᠪᠠᠰᠤᠷᠡᠯ ᠤᠨ ᠬᠢᠷᠢ | ᠲᠦᠪᠰᠢᠨ ᠲᠡᠭᠡᠭᠰᠢᠯᠡᠭᠰᠡᠨ ᠠᠴᠠ ᠡᠶᠢᠮᠦᠷᠬᠦ ᠬᠦᠲᠡᠭᠡᠯᠡᠬᠦ ᠵᠠᠩ ᠲᠡᠳᠬᠠᠯ ᠨᠢ ᠦᠨᠳᠦᠰᠦᠨ ᠳᠡᠭᠡᠨ ᠠᠯᠠᠭ᠎ᠠ ᠪᠤᠯᠵᠠᠢ᠃ | ᠭᠠᠯ ᠢᠶᠠᠷ ᠲᠡᠭᠲᠡᠭᠡᠭᠦ ᠡᠨᠡ ᠨᠢ ᠰᠢᠷ᠎ᠡ ᠶᠢᠨ ᠱᠠᠰᠢᠨ ᠮᠤᠩᠭᠤᠯ ᠤᠷᠤᠨ ᠳᠤ ᠤᠯᠠᠮᠵᠢᠯᠠᠬᠰᠡᠨ ᠤ ᠲᠠᠷᠠᠭ᠎ᠠ | ᠪᠤᠢ ᠪᠤᠯᠤᠭᠰᠡᠨ ᠨᠢᠭᠡ ᠵᠦᠢᠯ ᠤᠨ ᠤᠷᠤᠰᠢᠭᠤᠯᠭ᠎ᠠ ᠶᠢᠨ ᠬᠡᠯᠪᠡᠷᠢ ᠪᠤᠯᠤᠨ᠎ᠡ᠃ ᠡᠩ ᠤᠨ ᠪᠠᠶᠢᠳᠡᠯ ᠳᠤ ᠪᠦᠷ ᠬᠦᠲᠡᠭᠡ | ᠭᠡᠭᠡᠷ᠎ᠡ ᠭᠠᠯ ᠢᠶᠠᠷ ᠲᠡᠭᠲᠡᠭᠡᠲᠡᠭ ᠪᠢᠯᠡ᠃ ᠯᠠᠮᠠ ᠬᠦᠮᠦᠨ ᠪᠡᠶ᠎ᠡ ᠪᠠᠷᠡᠪᠡᠯ ᠴᠦᠮ ᠭᠠᠯ ᠢᠶᠠᠷ ᠲᠡᠭᠲᠡᠭᠡᠲᠡᠭ ᠶᠤᠮ᠃ ᠪᠠᠰᠡ | ᠵᠠᠷᠢᠮ ᠬᠠᠯᠳᠠᠪᠦᠷᠢᠲᠦ ᠬᠢᠵᠢᠭ ᠲᠤ ᠨᠡᠷᠪᠡᠭᠲᠡᠭᠰᠡᠨ ᠪᠤᠶᠦ ᠬᠦᠩᠭᠡᠵᠢᠬᠦ ᠠᠴᠠ ᠪᠤᠯᠤᠭᠠᠳ ᠪᠡᠶ᠎ᠡ ᠦᠩᠭᠡᠷᠡᠭᠰᠡᠳ ᠢ ᠪᠦᠷ | ᠭᠠᠯ ᠢᠶᠠᠷ ᠲᠡᠭᠲᠡᠭᠡᠲᠡᠭ ᠶᠤᠮ᠃ ᠭᠠᠯ ᠢᠶᠠᠷ ᠲᠡᠭᠲᠡᠭᠡᠬᠦ ᠳᠡᠭᠡᠨ ᠦᠭᠦᠭᠰᠡᠳ ᠤᠨ ᠭᠡᠭᠦᠷ ᠪᠡᠶ᠎ᠡ ᠲᠡᠭᠡᠷ᠎ᠡ ᠰᠢᠷ᠎ᠡ ᠲᠤᠰᠤ | ᠲᠦᠷᠬᠢᠵᠦ ᠭᠠᠯ ᠳᠤ ᠲᠦᠯᠡᠬᠦ ᠳᠡᠭᠡᠨ ᠯᠠᠮᠠ ᠬᠤᠸᠠᠷᠠᠭ ᠨᠤᠮ ᠬᠦᠷᠢᠮ ᠤᠩᠰᠢᠨ᠎ᠡ᠃ ᠶᠠᠰᠦ ᠴᠢᠨᠳᠠᠷᠤᠤ ᠶᠢ ᠨᠢ | ᠲᠡᠭᠦᠵᠦ ᠠᠪᠤᠨ ᠬᠦᠲᠡᠭᠡ ᠭᠡᠭᠡᠷ᠎ᠡ ᠪᠤᠯᠠᠰᠢᠯᠠᠳᠠᠭ᠃ ᠵᠠᠷᠢᠮ ᠨᠢ ᠪᠠᠰᠡ ᠴᠢᠨᠳᠠᠷᠤᠤ ᠶᠢ ᠨᠢ ᠠᠭᠤᠯᠠ ᠬᠦᠲᠦᠯ᠂ ᠭᠤᠤᠯ | ᠮᠦᠷᠡᠨ ᠳᠤ ᠰᠠᠴᠤᠵᠦ ᠤᠷᠬᠢᠳᠠᠭ ᠰᠠᠨ᠃ | ᠲᠠᠪᠤᠨ ᠬᠤᠰᠢᠭᠤ ᠮᠠᠯ ᠢᠶᠠᠨ ᠴᠠᠭᠠᠨ ᠰᠡᠷ᠎ᠡ ᠳᠤ ᠴᠠᠭᠠᠯᠠᠭᠤᠯᠳᠠᠭ ᠪᠦᠭᠡᠳ ᠡᠴᠢᠭᠡ ᠲᠡᠭᠷᠢ ᠡᠭᠡ ᠲᠠᠯᠡᠭᠡᠢ | ᠬᠡᠮᠡᠨ ᠬᠦᠨᠳᠦᠯᠡᠲᠡᠭ ᠤᠨ ᠤᠴᠢᠷ᠃ | ᠮᠤᠩᠭᠤᠯᠴᠤᠳ ᠦᠭᠡᠷ᠂ ᠠᠳᠤᠭᠤ᠂ ᠬᠤᠨᠢ᠂ ᠢᠮᠠᠭ᠎ᠠ᠂ ᠲᠡᠮᠡᠭᠡ ᠪᠠᠨ ᠲᠠᠪᠤᠨ ᠬᠤᠰᠢᠭᠤ ᠮᠠᠯ ᠭᠡᠵᠦ ᠨᠡᠷᠡᠯᠡᠲᠡᠭ᠃ | ᠮᠤᠩᠭᠤᠯᠴᠤᠳ ᠤᠨ ᠡᠮᠦᠰᠴᠦ ᠵᠡᠭᠦᠭᠦ᠂ ᠢᠲᠡᠵᠦ ᠤᠤᠭᠤᠬᠤ᠂ ᠬᠤᠨᠤᠵᠦ ᠬᠡᠪᠲᠡᠬᠦ᠂ ᠶᠠᠪᠤᠬᠤ ᠰᠠᠭᠤᠬᠤ ᠨᠢ ᠪᠦᠷ | ︽ᠲᠠᠪᠤᠨ ᠬᠤᠰᠢᠭᠤ︾ ᠮᠠᠯ ᠠᠴᠠ ᠰᠠᠯᠵᠦ ᠪᠤᠯᠳᠠᠭ ᠦᠭᠡᠢ᠃ ᠲᠡᠯ᠎ᠡ ᠨᠤᠳᠤᠭ ᠪᠤᠯᠤᠨ ᠲᠠᠪᠤᠨ ᠬᠤᠰᠢᠭᠤ ᠮᠠᠯ ᠪᠤᠯ | ᠮᠤᠩᠭᠤᠯ ᠬᠦᠮᠦᠨ ᠤ ᠠᠮᠢ ᠨᠠᠰᠤᠨ ᠤ ᠡᠬᠢ ᠪᠤᠯᠠᠭ ᠮᠦᠨ᠃ ᠠᠯᠢ ᠴᠦ ᠦᠨᠳᠦᠰᠦᠲᠡᠨ ᠳᠤ ᠭᠡᠳ ᠤᠨᠴᠠᠭᠠᠢ ᠪᠠᠶᠠᠷ | ᠲᠤᠷᠠᠰᠬᠠᠯ ᠤᠨ ᠡᠳᠤᠷ ᠲᠠᠢ ᠪᠠᠶᠢᠳᠠᠭ᠃ ᠦᠨᠳᠦᠰᠦᠲᠡᠨ ᠪᠦᠷᠢ ᠴᠦᠮ ᠲᠡᠦᠭᠡ ᠶᠢᠨ ᠬᠤᠪᠢᠰᠤᠯ ᠲᠤᠮᠲᠡ ᠲᠤᠰ | ᠦᠨᠳᠦᠰᠦᠲᠡᠨ ᠤ ᠪᠠᠨ ᠰᠤᠶᠤᠯ ᠢ ᠡᠭᠦᠳᠦᠨ ᠪᠦᠲᠦᠭᠡᠲᠡᠭ ᠪᠢᠯᠡ᠃ ︽ᠲᠠᠪᠤᠨ ᠬᠤᠰᠢᠭᠤ ᠮᠠᠯ ᠢᠶᠠᠨ ᠴᠠᠭᠠᠯᠠᠭᠤᠯᠬᠤ︾ | ᠵᠡᠷᠭᠡ ᠶᠤᠰᠤ ᠵᠢᠷᠤᠮ ᠵᠠᠩ ᠲᠡᠳᠬᠠᠯ ᠨᠢ ᠲᠠᠷᠤᠢ ᠮᠦᠨ ᠡᠶᠢᠮᠦᠷᠬᠦ ᠰᠠᠭᠤᠷᠢᠨ ᠲᠡᠭᠡᠷ᠎ᠡ ᠪᠤᠢ ᠪᠤᠯᠵᠦ ᠬᠦᠭᠵᠢᠵᠦ | ᠢᠷᠡᠭᠰᠡᠨ ᠪᠦᠭᠡᠳ ᠡᠲᠦᠭᠡ ᠪᠤᠯᠳᠡᠯ᠎ᠡ ᠤᠯᠠᠮᠵᠢᠯᠠᠬᠳᠠᠵᠠᠢ᠃ | ᠠᠭᠤᠳᠠᠮ ᠬᠠᠩᠭᠠᠢ ᠲᠡᠯ᠎ᠡ ᠨᠤᠳᠤᠭ ᠲᠤ ᠤᠷᠤᠰᠢᠨ ᠪᠦᠬᠦᠢ ᠨᠡᠭᠦᠲᠡᠯᠴᠢᠨ ᠮᠠᠯᠴᠢᠨ ᠳᠤ ᠠᠪᠴᠦ ᠬᠡᠯᠡᠪᠡᠯ | ᠠᠮᠢ ᠠᠬᠤᠢ ᠶᠢᠨ ᠤᠷᠴᠢᠨ ᠲᠤᠭᠤᠷᠢᠨ ᠨᠢ ᠲᠡᠳᠠᠨᠤᠰ ᠲᠤ ᠮᠠᠯ ᠠᠵᠦ ᠠᠬᠤᠢ ᠪᠠᠷ ᠤᠨᠳᠤᠷᠬᠤ ᠭᠤᠤᠯ ᠲᠠᠯᠠᠪᠦᠷ ᠢ | ᠤᠯᠭᠤᠬᠰᠡᠨ ᠠᠴᠠ ᠲᠡᠳᠠᠨᠤᠰ ᠡᠭᠦᠨ ᠤ ᠪᠠᠨ ᠲᠦᠯᠦᠭᠡ ᠪᠦᠬᠦᠶᠢᠯᠡ ᠪᠤᠳᠤᠯ ᠰᠡᠳᠬᠢᠯ᠂ ᠬᠠᠶᠢᠷ᠎ᠡ ᠰᠡᠳᠬᠢᠯᠭᠡ᠂ ᠤᠷ᠎ᠡ | ᠮᠡᠷᠭᠡᠵᠢᠯ᠂ ᠬᠦᠰᠡᠯ ᠡᠷᠡᠮᠡᠯᠵᠡᠯ ᠢᠶᠠᠨ ᠶᠡᠭᠦᠯᠡᠵᠦ ᠡᠭᠦᠨ ᠤ ᠲᠤᠮᠲᠡ ᠠᠴᠠ ᠬᠠᠶᠢᠷ᠎ᠡ ᠰᠡᠳᠬᠢᠯᠭᠡ ᠶᠢᠨ ᠢᠶᠠᠨ ᠬᠠᠨᠤᠮᠵᠢ᠂ | ᠤᠶᠤᠨ ᠤᠬᠠᠭᠠᠨ ᠤ ᠪᠠᠨ ᠬᠦᠷᠲᠡᠮᠵᠢ᠂ ᠠᠵᠦ ᠠᠬᠤᠢ ᠶᠢᠨ ᠤᠯᠤᠮᠵᠢ ᠪᠠᠨ ᠤᠯᠤᠨ ᠤᠯᠵᠠᠷᠬᠠᠳᠠᠭ ᠰᠠᠨ᠃ ᠮᠤᠩᠭᠤᠯ | ᠦᠨᠳᠦᠰᠦᠲᠡᠨ ᠴᠠᠭᠠᠨ ᠰᠡᠷ᠎ᠡ ᠳᠠᠭᠠᠨ ᠦᠩᠭᠡᠨ ᠲᠡᠯ᠎ᠡ ᠳᠠᠭᠠᠨ ᠬᠦᠮᠦᠨ ᠮᠠᠯ ᠪᠦᠬᠦᠲᠡ ᠴᠠᠭᠠᠯᠠᠳᠠᠭ ᠪᠤᠯᠪᠠᠴᠦ ᠦᠨᠡᠨ | ᠳᠡᠭᠡᠨ ᠤᠶᠤᠨ ᠰᠠᠨᠠᠭᠠᠨ ᠳᠠᠭᠠᠨ ᠨᠢᠭᠡ ᠶᠤᠰᠤᠨ ᠤ ᠦᠨᠳᠦᠷᠴᠠ ᠲᠡᠭᠡᠷ᠎ᠡ ᠭᠠᠷᠳᠠᠭ᠃ ᠬᠦᠮᠦᠨ ᠪᠤᠯᠤᠨ ᠮᠠᠯ ᠪᠤᠯ | ᠪᠦᠷ ᠠᠮᠢᠲᠡᠨ ᠤ ᠬᠦᠷᠢᠶ᠎ᠡ ᠬᠡᠪᠴᠢᠶ᠎ᠡ ᠳᠤ ᠪᠠᠭᠳᠠᠳᠠᠭ᠃ ᠬᠡᠯᠡᠯᠭᠡᠨ ᠦᠭᠡᠢ ᠬᠦᠮᠦᠨ ᠪᠤᠯ ᠲᠡᠭᠡᠲᠦ ᠵᠡᠷᠭᠡ ᠶᠢᠨ | ᠠᠮᠢᠳᠡᠨ ᠪᠤᠯᠬᠤᠷ ᠮᠠᠯ ᠠᠳᠤᠭᠤᠰᠦ ᠲᠠᠢ ᠠᠳᠠᠯᠢᠳᠬᠠᠰᠢ ᠦᠭᠡᠢ ᠶᠤᠮ᠃ ᠬᠡᠪᠡᠴᠦ ᠪᠠᠰᠡ ᠬᠠᠮᠲᠦ ᠶᠢᠨ ᠨᠢᠭᠡ | ᠠᠳᠠᠯᠢᠪᠳᠤᠷ ᠲᠡᠯ᠎ᠡ ᠪᠠᠶᠢᠳᠠᠭ᠃ ᠲᠠᠷᠤᠢ ᠠᠮᠢᠳᠤᠷᠠᠬᠤ ᠶᠢᠨ ᠲᠦᠯᠦᠭᠡ ᠢᠲᠡᠵᠦ ᠤᠤᠭᠤᠬᠤ ᠶᠠᠪᠤᠳᠡᠯ ᠪᠤᠯᠤᠨ᠎ᠡ᠃ | ᠵᠦᠪᠭᠡᠨ ᠠᠮᠢᠳᠤᠷᠡᠬᠤ᠂ ᠢᠲᠡᠵᠦ ᠤᠤᠭᠤᠬᠤ ᠶᠢᠨ ᠬᠡᠯᠪᠡᠷᠢ ᠮᠠᠶ᠋ᠢᠭ ᠨᠢ ᠠᠳᠠᠯᠢ ᠦᠭᠡᠢ ᠠᠴᠠ ᠪᠢᠰᠢ ᠳ᠋ᠠ︕ ᠬᠦᠮᠦᠨ | ᠪᠤᠯ ᠰᠡᠳᠬᠢᠭᠦᠢ᠂ ᠪᠤᠳᠤᠯ ᠰᠠᠨᠠᠭ᠎ᠠ ᠲᠠᠢ ᠪᠠᠶᠢᠳᠠᠭ ᠨᠢ ᠪᠤᠰᠤᠳ ᠠᠮᠢᠲᠡᠳ ᠲᠠᠢ ᠢᠯᠭᠠᠬᠳᠠᠬᠤ ᠲᠡᠯ᠎ᠡ ᠪᠤᠯᠤᠨ᠎ᠡ᠃ | ᠡᠶᠢᠮᠦ ᠠᠴᠠ ᠬᠦᠮᠦᠰ ᠤᠨ ᠠᠮᠢ ᠠᠬᠤᠢ ᠶᠢᠨ ᠤᠷᠴᠢᠨ ᠲᠤᠭᠤᠷᠢᠨ ᠢ ᠬᠠᠮᠠᠭᠠᠯᠠᠬᠤ ᠪᠤᠯᠪᠠᠰᠤᠨ ᠨᠢ ᠲᠡᠩ ᠭᠠᠭᠴᠠ | ᠠᠵᠢᠯᠯᠠᠭ᠎ᠠ ᠲᠡᠭᠡᠷ᠎ᠡ ᠪᠠᠨ ᠯᠡ ᠪᠠᠶᠢᠳᠠᠭ ᠪᠢᠰᠢ ᠬᠠᠷᠢᠨ ᠦᠵᠡᠯ ᠤᠬᠠᠮᠰᠠᠷ ᠬᠢᠭᠡᠳ ᠤᠶᠤᠨ ᠰᠠᠨᠠᠭᠠᠨ ᠤ ᠢᠯᠡᠷᠡᠯ ᠳᠤ | ᠨᠠᠶᠢᠳᠠᠳᠠᠭ ᠪᠠᠶᠢᠨ᠎ᠡ᠃ | ᠨᠡᠭᠦᠲᠡᠯᠴᠢ ᠮᠠᠯᠴᠢᠨ ᠤ ᠵᠠᠩ ᠲᠡᠳᠬᠠᠯ ᠳᠤ᠂ ᠬᠤᠨᠳᠠᠭ᠎ᠠ ᠡᠷᠭᠦᠮᠡᠭᠴᠡ ᠲᠠᠭᠤᠯᠠᠬᠤ᠂ ᠠᠶᠠᠭ᠎ᠠ ᠲᠡᠪᠡᠷᠢᠮᠡᠭᠴᠡ | ᠡᠮᠬᠦᠯᠡᠬᠦ ᠶᠢ ᠴᠡᠭᠡᠷᠯᠡᠲᠡᠭ᠃ ᠠᠯᠢᠮ᠎ᠡ ᠵᠢᠮᠢᠰ ᠢᠲᠡᠬᠦ ᠳᠤ ᠴᠦ ᠤᠷᠢᠳ ᠢᠶᠠᠷ ᠡᠴᠢᠭᠡ ᠲᠡᠭᠷᠢ᠂ ᠡᠭᠡ ᠲᠡᠯᠡᠭᠡᠢ᠂ ᠡᠪᠦᠭᠡ | ᠲᠡᠭᠡᠳᠤᠰ ᠲᠡᠭᠡᠨ ᠲᠡᠭᠡᠵᠢᠯᠡᠬᠦ ᠶᠢ ᠡᠷᠬᠢᠮᠯᠡᠲᠡᠭ᠃ ᠡᠰᠡ ᠲᠠᠶᠢᠮᠦ ᠪᠤᠯ ︽ᠰᠡᠭᠦᠯ ᠦᠭᠡᠢ ᠡᠯᠵᠢᠭᠡ᠂ ᠰᠢᠲᠦ ᠦᠭᠡᠢ | ᠭᠠᠭ᠋ᠠᠢ︾ ᠮᠡᠲᠦ ᠠᠳᠤᠭᠤᠰᠤ ᠬᠡᠲᠡᠭ᠃ ᠤᠯᠠᠨ ᠤ ᠮᠡᠲᠡᠭᠡᠵᠢ ᠪᠠᠷ ᠮᠤᠩᠭᠤᠯ ᠦᠨᠳᠦᠰᠦᠲᠡᠨ ᠬᠤᠨᠳᠠᠭ᠎ᠠ ᠲᠤᠰᠤᠮᠠᠬᠴᠡ | ᠪᠠᠨ ᠢᠲᠡᠮ ᠬᠤᠷᠤᠭᠤ ᠪᠠᠷ ᠲᠡᠭᠡᠲᠦ ᠲᠡᠭᠷᠢ᠂ ᠲᠡᠯᠡᠭᠡᠢ ᠡᠭᠡ᠂ ᠲᠡᠭᠡᠳᠦᠰ ᠡᠪᠦᠭᠡ ᠬᠡᠮᠡᠨ ᠭᠤᠷᠪᠠᠨᠲᠡ ᠰᠡᠷᠵᠢᠮᠯᠠᠨ | ᠡᠷᠭᠦᠲᠡᠭ ᠰᠠᠨ᠃ ᠮᠦᠨ ᠡᠭᠦᠨ ᠲᠠᠢ ᠠᠳᠠᠯᠢ ᠪᠠᠷ ᠡᠳᠤᠷ ᠤᠨ ᠭᠤᠷᠪᠠᠨ ᠡᠷᠢᠨ ᠤ ᠴᠠᠢ ᠬᠤᠭᠤᠯᠠᠨ ᠳᠠᠭᠠᠨ ᠴᠦ | ᠮᠦᠨ ᠢᠩᠬᠢᠵᠦ ᠲᠡᠭᠡᠵᠢ ᠪᠠᠨ ᠡᠷᠭᠦᠵᠦ ᠦᠪᠡᠷ ᠤᠨ ᠪᠤᠳᠤᠯ ᠬᠦᠰᠡᠯ ᠢᠶᠠᠨ ᠢᠯᠡᠳᠭᠡᠲᠡᠭ ᠪᠢᠯᠡ᠃ ᠮᠠᠯᠴᠢᠳ ᠤᠨ | ᠦᠷ᠎ᠡ ᠬᠡᠦᠭᠡᠳ ᠲᠦᠷᠦᠭᠰᠡᠨ ᠠᠴᠠ ᠪᠠᠨ ᠠᠪᠤᠭᠠᠳ ᠡᠭᠡ ᠪᠠᠶᠢᠭᠠᠯᠢ ᠪᠠᠨ ᠬᠠᠶᠢᠷᠠᠯᠠᠵᠦ᠂ ᠤᠨᠠᠭᠰᠡᠨ ᠰᠢᠷᠤᠢ ᠪᠤᠯ | ᠠᠯᠲᠡ᠂ ᠤᠤᠭᠤᠭᠰᠡᠨ ᠤᠰᠤ ᠪᠤᠯ ᠷᠠᠰᠢᠶᠠᠨ ᠬᠡᠮᠡᠨ ᠡᠷᠬᠢᠮᠯᠡᠲᠡᠭ᠃ ᠭᠡᠦᠭᠡᠳ ᠤᠳ ᠠᠬᠠᠮᠠᠳ ᠲᠤᠮᠤᠴᠤᠤᠯ ᠤᠨ ᠢᠶᠠᠨ | ᠪᠤᠳᠠᠳᠠᠢ ᠦᠢᠯᠡᠳᠤᠯᠭᠡ ᠲᠤᠮᠳᠠ ᠪᠠᠨ ᠠᠮᠢ ᠠᠬᠤᠢ ᠪᠠᠨ ᠬᠡᠷᠬᠢᠨ ᠬᠢᠮᠠᠭᠠᠳᠠᠨ ᠬᠠᠶᠢᠷᠠᠯᠡᠵᠦ ᠪᠠᠶᠢᠳᠠᠭ ᠢ ᠦᠵᠡᠨ | ᠬᠠᠷᠡᠨ ᠦᠰᠦᠭᠰᠡᠨ ᠪᠤᠯᠬᠤᠷ ᠬᠠᠷᠠᠬᠠᠨ ᠪᠠᠭ᠎ᠠ ᠠᠴᠠ ᠪᠠᠨ ᠬᠦᠬᠡᠮᠳᠦᠭ ᠲᠡᠭᠷᠢ᠂ ᠬᠦᠪᠴᠢᠨ ᠲᠡᠯᠡᠭᠡᠢ᠂ ᠬᠦᠨᠳᠦᠳᠦ | ᠲᠡᠭᠡᠳᠤᠰ ᠲᠡᠭᠡᠨ ᠠᠴᠢᠯᠡᠯ ᠡᠯᠪᠡᠷᠢᠯ ᠲᠠᠢ ᠬᠠᠶᠢᠷ᠎ᠡ ᠰᠡᠳᠬᠢᠯᠭᠡ ᠲᠠᠢ ᠪᠠᠶᠢᠳᠠᠭ᠃ ᠡᠶᠢᠨ ᠬᠦ ᠨᠠᠰᠤᠨ ᠲᠤᠷᠰᠢ ᠳᠠᠭᠠᠨ | ᠤᠬᠠᠮᠰᠠᠷ ᠲᠠᠢ ᠤᠬᠠᠮᠰᠠᠷ ᠦᠭᠡᠢ ᠪᠠᠷ ᠡᠭᠡ ᠪᠠᠶᠢᠭᠠᠯᠢ ᠪᠠᠨ ᠬᠠᠮᠠᠭᠠᠯᠠᠬᠤ ᠳᠤ ᠬᠤᠪᠢ ᠨᠠᠮᠠᠷᠢ ᠦᠵᠡᠭᠦᠯᠬᠦ ᠪᠤᠯᠤᠨ᠎ᠡ᠃ | ᠲᠡᠳᠠᠨᠤᠰ ᠰᠡᠳᠬᠢᠯ ᠤᠨ ᠬᠦᠨ ᠳᠡᠭᠡᠨ ᠰᠡᠶᠢᠯᠪᠦᠷᠢᠯᠡᠭᠰᠡᠨ ᠰᠢᠭ ᠨᠠᠷᠢᠨ ᠤᠬᠠᠭᠠᠨ ᠢᠶᠠᠨ ᠪᠤᠳᠠᠳᠠᠢ ᠠᠵᠢᠯᠯᠠᠭ᠎ᠠ ᠳᠠᠭᠠᠨ | ᠨᠡᠪᠴᠢᠭᠦᠯᠵᠦ ᠶᠠᠪᠤᠳᠠᠭ ᠠᠴᠠ ᠡᠳᠤᠷ ᠤᠨ ᠤᠳᠠᠭᠠᠨ ᠬᠤᠨᠤᠭ ᠤᠨ ᠵᠤᠵᠠᠭᠠᠨ ᠳᠤ ᠬᠦᠮᠦᠨ ᠪᠦᠬᠦᠲᠡ ᠶᠢᠨ ᠤᠶᠤᠨ | ᠪᠤᠳᠤᠯ ᠳᠤᠨᠢ ᠠᠮᠢ ᠠᠬᠤᠢ ᠶᠢᠨ ᠤᠷᠴᠢᠨ ᠲᠤᠭᠤᠷᠢᠨ ᠬᠢᠭᠡᠳ ᠡᠭᠡ ᠪᠠᠶᠢᠭᠠᠯᠢ ᠠᠴᠠ ᠤᠯᠭᠤᠭᠰᠡᠨ ᠮᠤᠩᠭᠤᠯ | ᠨᠡᠭᠦᠲᠡᠯ ᠮᠠᠯᠵᠢᠯ ᠤᠨ ᠰᠤᠶᠤᠯ᠂ ᠰᠡᠳᠬᠢᠯ ᠤᠨ ᠬᠡᠪ ᠴᠢᠨᠠᠷ᠂ ᠭᠤᠸ᠎ᠠ ᠰᠠᠶᠢᠬᠠᠨ ᠤ ᠦᠵᠡᠯᠲᠡ ᠵᠡᠷᠭᠡ ᠲᠠᠢ | ᠬᠤᠯᠪᠤᠬᠳᠠᠭᠰᠡᠨ ᠦᠪᠡᠷᠮᠢᠴᠡ ᠬᠠᠶᠢᠷ᠎ᠡ ᠰᠡᠳᠬᠢᠯᠭᠡ ᠪᠢᠯᠡ᠃ ᠬᠦᠭᠡᠮᠳᠦᠭ ᠲᠡᠭᠷᠢ᠂ ᠬᠦᠪᠴᠢᠨ ᠲᠡᠯᠡᠭᠡᠢ᠂ ᠬᠦᠨᠲᠦᠲᠦ | ᠲᠡᠭᠡᠳᠣᠰ ᠢᠶᠠᠨ ᠰᠢᠳᠦᠨ ᠲᠡᠭᠡᠳᠦᠯᠡᠲᠡᠭ ᠨᠢ ᠲᠠᠷᠤᠢ ᠮᠤᠩᠭᠤᠯ ᠨᠡᠭᠦᠲᠠᠯᠴᠢ ᠮᠠᠯᠴᠢᠨ ᠤ ᠦᠨᠳᠦᠰᠦᠲᠡᠨ ᠤ ᠤᠶᠤᠨ | ᠰᠠᠨᠠᠭ᠎ᠠ᠂ ᠤᠢ ᠤᠬᠠᠭᠠᠨ ᠬᠢᠭᠡ ᠭᠤᠸ᠎ᠠ ᠰᠠᠶᠢᠬᠠᠨ ᠤ ᠦᠷ᠎ᠡ ᠦᠷᠲᠡᠭ ᠤᠨ ᠲᠤᠰᠬᠠᠯ ᠶᠤᠮ᠃ | | ︽ᠮᠤᠩᠭᠤᠯ ᠰᠤᠶᠤᠯ ᠤᠨ ᠲᠠᠶᠢᠯᠦᠮᠵᠢ︾ ᠨᠤᠮ ᠠᠴᠠ ᠪᠠᠭᠤᠯᠭᠠᠪᠡ | |