ᠪᠤᠷᠬᠠᠨᠲᠦ ᠶᠢᠨ ᠰᠦᠮ᠎ᠡ
ᠨᠡᠶᠢᠲᠡᠯᠡᠭᠰᠡᠨ ᠴᠠᠭ᠄
2019-07-25
     ᠪᠤᠷᠬᠠᠨᠲᠦ ᠶᠢᠨ ᠰᠦᠮ᠎ᠡ ᠪᠤᠯ ᠤᠷᠬᠢᠯ ᠤᠨ ᠰᠦᠮ᠎ᠡ ᠶᠢᠨ ᠵᠠᠯᠭᠠᠮᠵᠢ ᠰᠦᠮ᠎ᠡ ᠪᠤᠯᠤᠨ᠎ᠡ᠃ ᠤᠤᠯ ᠤᠨ ᠤᠷᠬᠢᠯ  ᠤᠨ ᠰᠦᠮ᠎ᠡ ᠶᠢ ᠡᠩᠭᠡ ᠠᠮᠤᠭᠤᠯᠠᠩ ᠤᠨ ᠠᠷᠪᠠᠳᠤᠭᠠᠷ ᠤᠨ ︵1671 ᠤᠨ︶ ᠤ ᠴᠠᠭᠠᠬᠴᠢᠨ ᠭᠠᠭ᠋ᠠᠢ ᠵᠢᠯ᠂ ᠮᠤᠤᠮᠢᠩᠭᠠᠨ ᠬᠤᠰᠢᠭᠤᠨ ᠤ ᠲᠠᠷᠢᠭᠦᠨ ᠵᠡᠷᠭᠡ ᠶᠢᠨ ᠲᠠᠶᠢᠵᠢ ᠠᠩᠬᠠᠳᠤᠭᠠᠷ ᠦᠶ᠎ᠡ ᠶᠢ ᠵᠠᠯᠭᠠᠮᠵᠢᠯᠠᠭᠰᠡᠨ ᠨᠤᠷᠪᠤ ᠶᠢᠨ ᠦᠶ᠎ᠡ ᠳᠤ ᠤᠳᠤ ᠶᠢᠨ ᠪᠠᠶᠠᠨᠵᠢᠷᠤᠭᠡ ᠰᠤᠮᠤᠨ ᠤ ᠬᠠᠩᠭᠠᠢ ᠭᠠᠴᠠᠭᠠᠨ ᠤ ᠴᠠᠭᠠᠨ ᠡᠷᠬᠢ ᠭᠡᠰᠡᠨ ᠭᠠᠵᠠᠷ ᠲᠤ ᠪᠠᠶᠢᠭᠤᠯᠵᠠᠢ᠃ ᠡᠨᠡ ᠰᠦᠮ᠎ᠡ ᠡᠷᠲᠡ ᠦᠷᠡᠭᠲᠡᠭᠰᠡᠨ ᠲᠤᠯᠠ ᠢᠯᠡᠷᠭᠡᠶᠢᠯᠡᠯ ᠤᠨ ᠨᠡᠷ᠎ᠡ ᠪᠠᠶᠢᠬᠰᠡᠨ ᠡᠰᠡᠬᠦ ᠶᠢ ᠮᠡᠲᠡᠭᠦ ᠠᠷᠭ᠎ᠠ ᠦᠭᠡᠢ᠃ ᠲᠤᠰ ᠰᠦᠮ᠎ᠡ ᠦᠩᠭᠡᠷᠡᠭᠰᠡᠨ ᠳᠤ ᠤᠷᠬᠢᠯ ᠤᠨ ᠤᠪᠤᠭ᠎ᠠ ᠶᠢ ᠲᠠᠬᠢᠵᠦ᠂ ᠪᠠᠷᠠᠭᠤᠨ ᠰᠤᠮᠤᠨ ︵ᠮᠤᠤ ᠰᠦᠮ᠎ᠡ ᠭᠡᠵᠦ ᠪᠠᠰᠡ ᠬᠡᠯᠡᠲᠡᠭ︶ ᠳᠤ ᠬᠠᠮᠢᠶᠠᠷᠤᠬᠳᠠᠵᠦ ᠪᠠᠶᠢᠵᠠᠢ᠃ ᠬᠤᠪᠢᠯᠭᠠᠨ ᠯᠠᠮᠠ ᠲᠠᠢ᠃ 1888 ᠤᠨ ᠠᠴᠠ ᠬᠤᠶᠢᠰᠢ ᠠᠳᠠᠷ ᠬᠠᠭᠠᠯᠪᠤᠷᠢᠯᠠᠯᠲᠡ ᠪᠡ ᠬᠤᠯᠠᠭᠠᠢ ᠲᠡᠭᠡᠷᠡᠮ᠂ ᠴᠡᠷᠢᠭ ᠲᠠᠶᠢᠨ ᠤ ᠦᠢᠮᠡᠭᠡᠨ ᠬᠡᠴᠡᠭᠦᠲᠡᠭᠰᠡᠨ ᠠᠴᠠ ᠪᠤᠯᠵᠦ᠂ ᠤᠷᠬᠢᠯ ᠤᠨ ᠰᠦᠮ᠎ᠡ ᠦᠷᠡᠭᠲᠡᠨ ᠲᠠᠭᠤᠰᠵᠠᠢ᠃      ᠲᠤᠮᠳᠠᠲᠦ ᠢᠷᠭᠡᠨ ᠤᠯᠤᠰ ᠤᠨ ᠠᠷᠪᠠᠨ ᠭᠤᠷᠪᠠᠳᠤᠭᠠᠷ ᠤᠨ ︵1924 ᠤᠨ︶ ᠳᠤ ᠤᠷᠬᠢᠯ ᠤᠨ ᠰᠦᠮ᠎ᠡ  ᠶᠢᠨ ᠬᠠᠮᠤᠭ ᠶᠢᠨ ᠰᠡᠭᠦᠯᠴᠢ ᠶᠢᠨ ᠬᠤᠪᠢᠯᠭᠠᠨ ᠯᠠᠮᠠ ᠶᠢᠨ ᠲᠡᠭᠦᠦ᠂ ᠮᠤᠤᠮᠢᠩᠭᠠᠨ ᠬᠤᠰᠢᠭᠤᠨ ᠤ ᠠᠷᠪᠠᠳᠤᠭᠠᠷ ᠦᠶ᠎ᠡ  ᠶᠢᠨ ᠵᠠᠰᠠᠭ ᠴᠢᠮᠡᠳᠷᠢᠨᠴᠢᠨᠬᠤᠷᠯᠦ ᠶᠢᠨ ᠦᠶ᠎ᠡ ᠳᠤ ᠤᠤᠯ ᠤᠨ ᠦᠷᠡᠭᠲᠡᠭᠰᠡᠨ ᠤᠷᠬᠢᠯ ᠤᠨ ᠰᠦᠮ᠎ᠡ ᠶᠢ ᠤᠳᠤ ᠶᠢᠨ ᠪᠤᠷᠬᠠᠨᠲᠦ ᠬᠡᠰᠡᠨ ᠭᠠᠵᠠᠷ ᠰᠡᠷᠭᠦᠭᠡᠨ ᠪᠠᠶᠢᠭᠤᠯᠵᠦ᠂ ᠪᠤᠷᠬᠠᠨᠲᠦ ᠶᠢᠨ ᠰᠦᠮ᠎ᠡ ᠭᠡᠵᠦ ᠲᠠᠭᠤᠳᠠᠬᠤ ᠪᠤᠯᠵᠠᠢ᠃ ᠲᠤᠰ ᠰᠦᠮ᠎ᠡ ᠲᠦᠪᠡᠳ ᠤᠩᠰᠢᠯᠭ᠎ᠠ ᠲᠠᠢ ᠮᠤᠩᠭᠤᠯ ᠭᠠᠨᠵᠤᠤᠷ ᠳ᠋ᠠᠨᠵᠤᠤᠷ ᠲᠠᠯᠪᠢᠵᠦ᠂ ᠦᠭᠡᠷ᠎ᠡ ᠬᠤᠷᠡᠯ ᠨᠤᠮ ᠭᠡᠵᠦ ᠲᠠᠮᠡᠢ ᠦᠭᠡᠢ ᠪᠢᠯᠡ᠃      ᠪᠤᠷᠬᠠᠨᠲᠦ ᠰᠦᠮ᠎ᠡ ᠶᠢᠨ ᠬᠤᠪᠢᠯᠭᠠᠨ ᠯᠠᠮᠠ ᠨᠢ ᠮᠦᠨ ᠤᠤᠯ ᠤᠨ ᠤᠷᠬᠢᠯ ᠤᠨ ᠰᠦᠮ᠎ᠡ ᠶᠢᠨ ᠬᠠᠮᠤᠭ ᠤᠨ ᠰᠡᠭᠦᠯᠴᠢ ᠶᠢᠨ ᠬᠤᠪᠢᠯᠭᠠᠨ ᠲᠦᠪᠳᠠᠨᠢᠮ᠎ᠡ ᠪᠤᠯᠤᠨ᠎ᠡ᠃ 1951 ᠤᠨ ᠳᠤ ᠡᠨᠡ ᠰᠦᠮ᠎ᠡ ᠳᠡᠭᠡᠨ ᠨᠠᠰᠦ ᠪᠠᠷᠠᠪᠡ᠃      ᠪᠤᠷᠬᠠᠨᠲᠦ ᠰᠦᠮ᠎ᠡ ᠶᠢᠨ ᠴᠤᠬᠯᠠᠭᠠᠨ ᠨᠢ ᠬᠦᠷᠢᠶ᠎ᠡ ᠬᠡᠪᠴᠢᠶ᠎ᠡ ᠪᠠᠷ ᠲᠠᠮᠡᠢ ᠶᠡᠭᠡ ᠦᠭᠡᠢ᠃ ᠲᠦᠴᠢᠭᠡᠳ ᠤᠨ  ᠤ ᠦᠶ᠎ᠡ ᠳᠤ ᠰᠢᠷᠡᠪᠡᠽᠠᠷ ᠬᠡᠲᠡᠭ ᠨᠠᠷᠠᠳᠠᠢ ᠡᠮᠴᠢ ᠪᠠᠶᠢᠵᠠᠢ᠃ ᠲᠡᠷᠡ ᠡᠮᠨᠡᠯᠭᠡ ᠶᠢᠨ ᠮᠡᠷᠭᠡᠵᠢᠯ ᠤᠨ ᠲᠡᠯ᠎ᠡ ᠪᠠᠷ ᠦᠨᠳᠦᠷ᠂ ᠪᠤᠷᠬᠠᠨ ᠤ ᠱᠠᠰᠢᠨ ᠤ ᠬᠡᠭᠡᠨ ᠰᠤᠷᠭᠠᠯ ᠤᠨ ᠲᠡᠯ᠎ᠡ ᠪᠠᠷ ᠴᠦ ᠠᠮᠵᠢᠯᠲᠡ ᠪᠦᠲᠦᠮᠵᠢ ᠤᠯᠵᠦ᠂ ᠪᠠᠳᠺᠠᠷ ᠰᠦᠮ᠎ᠡ ᠶᠢᠨ ᠷᠡᠪᠵᠠᠮᠪᠡ ᠴᠤᠯᠡ ᠬᠠᠮᠠᠭᠠᠯᠠᠭᠰᠡᠨ ᠶᠤᠮ᠃      1959 ᠤᠨ ᠳᠤ ᠲᠤᠰ ᠰᠦᠮ᠎ᠡ ᠪᠠᠶᠠᠨ ᠬᠠᠩᠭᠠᠢ ᠭᠠᠴᠠᠭᠠᠨ ᠤ ᠭᠠᠵᠠᠷ ᠪᠤᠯᠵᠠᠢ᠃ ᠲᠤᠰ ᠰᠦᠮ᠎ᠡ ᠶᠢᠨ ᠪᠤᠷᠬᠠᠨ ᠰᠢᠲᠦᠭᠡᠨ ᠪᠡ ᠲᠤᠭᠠᠩ ᠪᠠᠷᠢᠯᠭ᠎ᠠ ᠨᠢ ᠰᠤᠶᠤᠯ ᠤᠨ ᠶᠡᠭᠡ ᠬᠤᠪᠢᠰᠬᠠᠯ ᠤᠨ ᠲᠤᠮᠲᠡ ᠦᠷᠡᠭᠲᠡᠵᠦ᠂ ᠦᠯᠡᠲᠡᠭᠰᠡᠨ ᠪᠠᠭᠤᠷᠢ ᠨᠢ ᠤᠳᠤ ᠶᠢᠨ ᠪᠠᠶᠠᠨᠵᠢᠷᠤᠭᠡ ᠰᠤᠮᠤᠨ ᠤ ᠪᠠᠶᠠᠨᠬᠠᠩᠭᠠᠢ ᠭᠠᠴᠠᠭᠠᠨ ᠤ ᠲᠦᠪ ᠪᠤᠯᠤᠭᠠᠳ ᠬᠤᠴᠤᠷᠴᠠᠢ᠃
 
ᠢᠷᠡᠯᠲᠡ᠄ ᠲᠠᠷᠬᠠᠨ ᠮᠤᠤᠮᠢᠩᠭᠠᠨ ᠤ ᠵᠠᠰᠠᠭ ᠤᠨ ᠤᠷᠳᠤᠨ ᠤ ᠮᠤᠩᠭᠤᠯ ᠰᠦᠯᠵᠢᠶ᠎ᠡ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号