| ᠤᠯᠠᠷᠢᠯ ᠤᠨ ᠰᠠᠶᠢᠬᠠᠨ ᠵᠤᠨ ᠳᠠᠭᠠᠨ ᠠᠭᠤᠳᠠᠮ ᠲᠡᠨᠢᠭᠦᠨ ᠮᠤᠩᠭᠤᠯ ᠤᠨ ᠦᠨᠳᠦᠷᠯᠢᠭ ᠲᠤ ᠮᠤᠩᠭᠤᠯ ᠭᠡᠷ | ᠤᠳ ᠬᠡᠮᠡᠷᠯᠢᠭ ᠬᠡᠪᠢᠰ ᠲᠤ ᠰᠢᠬᠢᠳᠦᠭᠰᠡᠨ ᠰᠤᠪᠤᠳ ᠰᠢᠭ᠋ ᠴᠠᠶᠢᠯᠵᠠᠨ ᠬᠠᠷᠠᠬᠳᠠᠬᠤ ᠳᠤ ᠰᠡᠳᠬᠢᠯ ᠳᠤ ᠶᠠᠭᠤᠳᠠᠢ | ᠪᠠᠭ᠋ᠠᠳᠠᠢ ᠪᠢᠯᠡ᠃ ᠰᠦᠨ ᠠᠰᠬᠠᠷᠠᠬᠤ ᠮᠡᠲᠦ ᠦᠦᠷ ᠤᠨ ᠲᠤᠶᠠᠭ᠎ᠠ ᠰᠠᠴᠤᠷᠠᠬᠤ ᠳᠤ ᠴᠦ᠂ ᠨᠠᠷ᠎ᠡ ᠲᠠᠰᠢᠵᠦ ᠠᠭᠤᠯᠠ | ᠶᠢᠨ ᠲᠤᠯᠤᠭᠠᠢ ᠰᠢᠭᠦᠷᠡᠬᠦ ᠳᠤ ᠴᠦ᠂ ᠨᠠᠪᠴᠢ ᠴᠡᠴᠡᠭ ᠢ ᠰᠡᠷᠮᠡᠭᠦᠯᠬᠦ ᠮᠠᠷ ᠮᠠᠷ ᠰᠢᠪᠡᠷᠡᠭᠡ ᠪᠤᠷᠤᠭᠠᠨ ᠳᠤ ᠴᠦ᠂ ᠨᠠᠮᠠᠢᠢ | ᠴᠢᠮᠠᠢᠢ ᠦᠨᠤᠰᠤᠨ ᠢᠯᠪᠢᠬᠦ ᠰᠡᠷ ᠰᠡᠷ ᠡᠶᠡᠷᠡᠭᠦᠨ ᠰᠠᠯᠬᠢᠨ ᠳᠤ ᠴᠦ᠂ ᠮᠤᠩᠭᠤᠯ ᠭᠡᠷ ᠲᠡᠯ᠎ᠡ ᠨᠤᠳᠤᠭ ᠤᠨ ᠠᠮᠢᠳᠤᠷᠡᠯ | ᠤᠨ ᠠᠯᠳᠠᠨ ᠭᠠᠳᠠᠰᠦ ᠰᠢᠭ᠋ ᠮᠠᠯᠴᠢᠨ ᠬᠦᠮᠦᠨ ᠤ ᠲᠤᠯᠠᠭᠠᠨ ᠦᠯᠦᠭᠡᠢ᠂ ᠬᠦᠮᠦᠨ ᠲᠦᠷᠦᠯᠬᠢᠲᠡᠨ ᠤ ᠬᠦᠰᠡᠯᠡᠩ ᠳᠠᠬᠢ | ᠪᠠᠶᠢᠭᠠᠯᠢ ᠪᠤᠯᠤᠨ ᠬᠦᠮᠦᠨ ᠤ ᠡᠶ᠎ᠡ ᠵᠤᠬᠢᠴᠠᠯ ᠤᠨ ᠭᠤᠸ᠎ᠠ ᠬᠤᠷᠸ᠎ᠠ ᠪᠤᠯᠬᠤ ᠠᠵᠢ︕ | ᠮᠤᠩᠭᠤᠯ ᠭᠡᠷ ᠪᠤᠯ ᠮᠤᠩᠭᠤᠯ ᠤᠨ ᠦᠨᠳᠦᠷᠯᠢᠭ ᠤᠨ ᠡᠯ᠎ᠡ ᠨᠡᠭᠦᠳᠠᠯᠴᠢᠨ ᠦᠨᠳᠦᠰᠦᠲᠡᠨ ᠤ ᠬᠠᠮᠲᠦ ᠪᠠᠷ | ᠡᠭᠦᠳᠴᠦ᠂ ᠵᠠᠯᠭᠠᠮᠵᠢᠯᠠᠨ ᠬᠦᠭᠵᠢᠭᠦᠯᠵᠦ ᠢᠷᠡᠭᠰᠡᠨ ᠨᠢᠭᠡ ᠵᠦᠢᠯ ᠤᠨ ᠬᠤᠨᠤᠭ ᠪᠠᠭᠤᠴᠡ ᠶᠢᠨ ᠬᠡᠯᠪᠡᠷᠢ ᠮᠦᠨ᠃ | ᠡᠷᠲᠡᠨ ᠤ ᠾᠦᠩᠨᠦ᠂ ᠲᠢᠶᠧ ᠯᠧ ︵ᠲᠡᠷᠭᠡ︶᠂ ᠭᠤᠤᠴᠧ᠂ ᠤᠶᠢᠭᠤᠷ ᠵᠡᠷᠭᠡ ᠦᠨᠳᠦᠰᠦᠲᠡᠨ ᠴᠦ ᠡᠷᠲᠡᠨ ᠤ ᠮᠠᠶ᠋ᠢᠭ | ᠤᠨ ᠮᠤᠩᠭᠤᠯ ᠭᠡᠷ ᠲᠠᠢ ᠪᠠᠶᠢᠵᠠᠢ᠃ ᠡᠨᠡ ᠨᠢ ᠲᠡᠯ᠎ᠡ ᠨᠤᠳᠤᠭ ᠲᠤ ᠵᠦᠩᠶᠦ᠋ᠸᠠᠨ ᠤᠷᠤᠨ ᠤ ᠦᠨᠳᠦᠰᠦᠨ ᠪᠠᠷᠢᠯᠭ᠎ᠠ | ᠶᠢᠨ ᠮᠠᠲ᠋ᠧᠷᠢᠶᠡᠯ᠂ ᠵᠢᠱᠢᠶᠡᠯᠡᠪᠡᠯ᠂ ᠲᠦᠫᠢ᠂ ᠸᠠᠭᠠᠷ ᠲᠤᠭᠤᠰᠬ᠎ᠠ᠂ ᠴᠠᠭᠠᠨ ᠴᠤᠬᠤᠢ ᠵᠡᠷᠭᠡ ᠲᠤᠳᠠᠮᠠᠭ ᠤᠨ ᠲᠡᠭᠡᠷ᠎ᠡ | ᠤᠰᠤ ᠪᠡᠯᠴᠢᠭᠡᠷ ᠤᠨ ᠪᠠᠶᠢᠲᠡᠯ ᠢ ᠦᠨᠳᠦᠰᠦᠯᠡᠵᠦ ᠨᠡᠭᠦᠳᠡᠯᠯᠠᠨ ᠰᠠᠭᠤᠷᠢᠰᠢᠳᠠᠭ ᠨᠡᠭᠦᠳᠡᠯᠴᠢᠨ ᠦᠨᠳᠦᠰᠦᠲᠡᠨ ᠳᠤ | ᠠᠪᠴᠦ ᠬᠡᠯᠡᠪᠡᠯ᠂ ᠰᠠᠭᠤᠷᠢᠰᠢᠯ ᠤᠨ ᠪᠠᠶᠢᠰᠢᠩ ᠭᠡᠷ ᠨᠢ ᠨᠡᠭᠦᠲᠡᠯᠯᠡᠬᠦ ᠳᠤ ᠲᠦᠭᠦᠮ ᠦᠭᠡᠢ᠂ ᠡᠳ᠋ ᠮᠠᠲ᠋ᠧᠷᠢᠶᠡᠯ ᠤᠨ | ᠦᠷᠲᠡᠭ ᠦᠨᠳᠦᠷ ᠪᠠᠶᠢᠳᠠᠭ ᠠᠴᠠ ᠪᠤᠯᠤᠭᠰᠡᠨ ᠶᠤᠮ᠃ ᠮᠤᠩᠭᠤᠯ ᠭᠡᠷ ᠤᠨ ᠮᠠᠲ᠋ᠧᠷᠢᠶᠡᠯ ᠳᠤ ᠲᠦᠫᠢ᠂ ᠸᠠᠭᠠᠷ | ᠲᠤᠭᠤᠰᠬ᠎ᠠ᠂ ᠲᠠᠮᠦᠷᠯᠢᠭ ᠤᠨ ᠵᠦᠢᠯ ᠢ ᠬᠡᠷᠡᠭᠰᠡᠲᠡᠭ ᠦᠭᠡᠢ᠃ ᠵᠦᠪᠭᠡᠨ ᠬᠡᠰᠡᠭ ᠮᠤᠳᠤᠨ ᠮᠠᠲ᠋ᠧᠷᠢᠶᠡᠯ᠂ ᠢᠰᠡᠭᠡᠢ | ᠪᠤᠯᠤᠨ ᠰᠤᠷ᠂ ᠬᠢᠯᠭᠠᠰᠦ ᠯᠡ ᠬᠡᠷᠡᠭᠰᠡᠨ᠎ᠡ᠃ ᠡᠲᠡᠭᠡᠷ ᠮᠠᠲ᠋ᠧᠷᠢᠶᠡᠯ ᠨᠢ ᠴᠦᠮ ᠲᠡᠯ᠎ᠡ ᠨᠤᠳᠤᠭ ᠤᠨ ᠭᠠᠷᠤᠯᠲᠡ ᠪᠢᠯᠡ᠃ | ᠦᠨᠦᠳᠤᠷ ᠪᠤᠯᠳᠠᠯ᠎ᠠ ᠮᠤᠩᠭᠤᠯ᠂ ᠲᠠᠭᠤᠷ᠂ ᠡᠸᠠᠩᠭᠢ᠂ ᠬᠠᠰᠠᠭ᠂ ᠬᠢᠷᠬᠢᠰ᠂ ᠲᠠᠵᠢᠺ ᠵᠡᠷᠭᠡ ᠦᠨᠳᠦᠰᠦᠲᠡᠨ ᠨᠦᠭᠦᠳ | ᠮᠦᠨ ᠯᠡ ᠮᠤᠩᠭᠤᠯ ᠭᠡᠷ ᠬᠡᠷᠡᠭᠯᠡᠵᠦ ᠪᠤᠢ᠃ ᠪᠠᠰᠡ ᠵᠠᠷᠢᠮ ᠮᠤᠩᠭᠤᠯ ᠭᠡᠷ ᠢ ᠬᠠᠰᠠᠭ ᠲᠡᠷᠭᠡᠨ ᠲᠡᠭᠡᠷ᠎ᠡ | ᠴᠤᠬᠴᠠᠯᠠᠭᠰᠡᠨ ᠪᠠᠶᠢᠳᠠᠭ᠃ ᠡᠭᠦᠨ ᠢ ᠭᠡᠷ ᠲᠡᠷᠭᠡ ᠪᠤᠶᠦ ᠪᠦᠷᠢᠶᠡᠰᠦᠲᠦ ︵ᠮᠤᠬᠤᠯᠠᠭ︶ ᠲᠡᠷᠭᠡ ᠬᠡᠨ᠎ᠡ᠃ ᠲᠡᠷᠡ ᠨᠢ | ᠨᠡᠭᠦᠲᠡᠯᠯᠠᠨ ᠰᠢᠯᠵᠢᠬᠦ ᠳᠤ ᠲᠦᠭᠦᠮ ᠲᠦᠲᠡ᠂ ᠡᠷᠲᠡᠨ ᠦᠶ᠎ᠡ ᠶᠢᠨ ᠨᠡᠭᠦᠲᠡᠯ ᠦᠨᠳᠦᠰᠦᠲᠡᠨ ᠤ ᠨᠡᠭᠦᠲᠡᠯᠯᠠᠨ | ᠮᠠᠯᠵᠢᠬᠤ ᠳᠤ ᠮᠠᠰᠢᠲᠡ ᠲᠤᠬᠢᠷᠠᠬᠰᠡᠨ ᠪᠠᠶᠢᠳᠠᠭ᠃ ᠰᠡᠭᠦᠯ ᠳᠤᠨᠢ ᠮᠤᠩᠭᠤᠯ ᠭᠡᠷ ᠢ ᠨᠡᠶᠢᠲᠡᠮ ᠬᠡᠷᠡᠭᠯᠡᠭᠰᠡᠨ ᠴᠦ | ᠡᠶᠢᠮᠦᠷᠬᠦ ᠮᠤᠬᠤᠯᠠᠭ ᠲᠡᠷᠭᠡ ᠨᠢ ᠤᠨᠴᠠᠭᠠᠢ ᠬᠡᠷᠡᠭᠯᠡᠭᠡᠨ ᠤ ᠱᠠᠭᠠᠷᠳᠠᠯᠭ᠎ᠠ ᠪᠠᠷ ᠬᠠᠳᠠᠭᠠᠯᠠᠬᠳᠠᠭᠰᠠᠭᠠᠷ ᠢᠷᠡᠪᠡ᠃ | ᠮᠤᠬᠤᠯᠠᠭ ᠲᠡᠷᠭᠡ ᠨᠢ ᠬᠤᠯᠠ ᠠᠶᠠᠨ ᠳᠤ ᠶᠠᠪᠤᠬᠤ᠂ ᠴᠡᠷᠢᠭ ᠲᠠᠶᠢᠨ ᠳᠤ ᠮᠤᠷᠳᠠᠬᠤ᠂ ᠰᠠᠬᠢᠭᠤᠰᠦ ᠪᠤᠷᠬᠠᠨ ᠲᠠᠬᠢᠬᠤ᠂ | ᠴᠡᠷᠢᠭ ᠪᠠᠭᠤᠳᠠᠯᠯᠠᠵᠦ ᠬᠠᠯᠬᠠᠪᠴᠢ ᠪᠤᠯᠭᠠᠬᠤ ᠵᠡᠷᠭᠡ ᠳᠤ ᠪᠦᠷ ᠬᠡᠷᠡᠭᠴᠡᠭᠡ ᠲᠠᠢ ᠪᠠᠶᠢᠪᠡ᠃ ᠴᠢᠩᠭᠢᠰ ᠬᠠᠭᠠᠨ | ᠪᠠᠷᠠᠭᠤᠨᠰᠢ ᠲᠠᠶᠢᠯᠠᠬᠤ ᠳᠤ᠂ ᠡᠶᠢᠮᠦᠷᠬᠦ ᠮᠤᠬᠤᠯᠠᠭ ᠲᠡᠷᠭᠡ ᠶᠢ ᠠᠪᠴᠦ ᠶᠠᠪᠤᠵᠦ ᠪᠠᠶᠢᠵᠠᠢ᠃ | ᠮᠤᠩᠭᠤᠯ ᠭᠡᠷ ᠤᠨ ᠲᠦᠷᠦᠯ ᠵᠦᠢᠯ ᠨᠢ ᠭᠠᠵᠠᠷ ᠨᠤᠳᠤᠭ ᠪᠡ ᠴᠠᠭ ᠬᠤᠭᠤᠴᠠᠭᠠᠨ ᠤ ᠢᠯᠭᠠᠭ᠎ᠠ ᠲᠠᠢ | ᠪᠠᠶᠢᠳᠠᠭ᠃ | ᠡᠷᠲᠡᠨ ᠤ ᠦᠶ᠎ᠡ ᠶᠢᠨ ᠪᠡ ᠤᠷᠴᠢᠨ ᠦᠶ᠎ᠡ ᠶᠢᠨ ᠮᠤᠩᠭᠤᠯ ᠭᠡᠷ ᠤᠨ ᠢᠯᠭᠠᠭ᠎ᠠ ᠨᠢ ᠪᠤᠯ ᠡᠷᠲᠡᠨ ᠤ | ᠮᠤᠩᠭᠤᠯ ᠭᠡᠷ ᠤᠷᠴᠢᠨ ᠦᠶ᠎ᠡ ᠶᠢᠨ ᠬᠢ ᠶᠢᠨ ᠪᠤᠳᠤᠪᠡᠯ ᠦᠨᠳᠦᠷ ᠢᠶᠠᠷ ᠢᠶᠠᠨ ᠨᠢᠭᠡ ᠲᠠᠬᠢᠨ ᠬᠢᠷᠢᠲᠠᠢ᠂ ᠪᠠᠷᠤᠭ 5 | ᠮᠧᠲᠷ ᠦᠨᠳᠦᠷ ᠶᠤᠮ᠃ ᠰᠠᠯᠬᠢ ᠰᠢᠭᠤᠷᠭᠠᠨ᠂ ᠴᠠᠰᠦ ᠪᠤᠷᠤᠭᠠᠨ ᠳᠤ ᠲᠡᠰᠪᠦᠷᠢ ᠮᠠᠭᠤᠳᠠᠢ᠂ ᠨᠡᠭᠦᠵᠦ ᠪᠠᠷᠢᠬᠤ ᠳᠤ | ᠲᠦᠭᠦᠮ ᠦᠭᠡᠢ᠃ ᠤᠷᠴᠢᠨ ᠦᠶ᠎ᠡ ᠶᠢᠨ ᠮᠤᠩᠭᠤᠯ ᠭᠡᠷ ᠨᠢ ᠪᠠᠷᠢᠯᠭ᠎ᠠ ᠶᠢᠨ ᠤᠨᠤᠯ ᠤᠨ ᠵᠢᠯᠤᠭᠤᠳᠤᠯᠭ᠎ᠠ ᠪᠠᠷ ᠤᠯᠠᠮ | ᠲᠡᠭᠦᠯᠲᠡᠷᠵᠢᠭᠦᠯᠵᠦ᠂ ᠤᠯᠠᠮ ᠲᠡᠰᠪᠦᠷᠢᠲᠠᠢ᠂ ᠬᠡᠷᠡᠭᠯᠡᠬᠦ ᠳᠤ ᠬᠠᠪᠤᠳᠠᠢ᠂ ᠦᠵᠡᠬᠦ ᠳᠤ ᠡᠪᠯᠢᠭ ᠮᠦᠷᠲᠡᠭᠡᠨ ᠡᠳ᠋ | ᠮᠠᠲ᠋ᠧᠷᠢᠶᠡᠯ ᠠᠷᠪᠢᠯᠡᠵᠦ ᠨᠡᠭᠦᠵᠦ ᠪᠠᠭᠤᠬᠤ ᠳᠤ ᠮᠠᠰᠢ ᠲᠦᠭᠦᠮ ᠪᠤᠯᠵᠠᠢ᠃ | ᠮᠤᠩᠭᠤᠯ ᠭᠡᠷ ᠨᠢ ᠮᠠᠲ᠋ᠧᠷᠢᠶᠡᠯ ᠤᠨ ᠬᠤᠪᠢ ᠳᠤ ᠶᠡᠷᠦ ᠳᠡᠭᠡᠨ ᠯᠡ ᠢᠰᠡᠭᠡᠢ᠂ ᠲᠡᠭᠡᠰᠦ ︵ᠬᠤᠰᠢᠯᠠᠩ︶᠂ ᠮᠤᠲᠦ | ᠭᠤᠷᠪᠡ ᠪᠠᠷ ᠪᠦᠷᠢᠯᠳᠤᠳᠡᠭ᠃ ᠮᠤᠲᠦ ᠶᠢ ᠨᠢ ᠲᠤᠳᠤᠭᠠᠲᠦ ᠪᠦᠳᠦᠴᠡ᠂ ᠢᠰᠡᠭᠡᠢ ᠶᠢ ᠨᠢ ᠭᠠᠳᠠᠷ ᠪᠦᠲᠦᠴᠡ ᠭᠡᠵᠦ | ᠪᠤᠯᠤᠨ᠎ᠡ᠃ ᠲᠤᠳᠤᠭᠠᠲᠦ ᠪᠦᠲᠦᠴᠡ ᠨᠢ ᠲᠤᠭᠤᠨᠤ ︵ᠬᠡᠬᠡᠪᠴᠢ︶᠂ ᠤᠨᠢ ︵ᠲᠤᠭᠤᠨᠤ ᠪᠤᠯᠤᠨ ᠬᠠᠨᠠᠨ ᠤ ᠠᠭᠤᠯᠵᠠᠷ ᠤᠨ | ᠮᠤᠲᠦ᠂ ᠮᠤᠩᠭᠤᠯ ᠭᠡᠷ ᠤᠨ ᠲᠡᠭᠡᠷᠡᠬᠢ ᠬᠡᠰᠡᠭ ᠤᠨ ᠲᠤᠯᠭᠠᠭᠤᠷᠢᠯᠠᠯ ᠪᠤᠯᠳᠠᠭ︶᠂ ᠬᠠᠨ᠎ᠡ ︵ᠮᠤᠩᠭᠤᠯ ᠭᠡᠷ ᠤᠨ | ᠲᠤᠤᠷᠡᠲᠦ ᠭᠡᠰᠡᠭ ᠤᠨ ᠲᠤᠭᠤᠶᠢᠯᠠᠪᠦᠷᠢ ᠶᠢᠨ ᠲᠡᠩᠴᠡᠭᠦᠷᠢ ᠮᠤᠲᠦ︶ ᠵᠡᠷᠭᠡ ᠭᠤᠷᠪᠠᠨ ᠭᠡᠰᠡᠭ ᠢᠶᠠᠷ ᠪᠦᠷᠢᠯᠳᠤᠳᠡᠭ᠃ | ᠭᠠᠳᠠᠷ ᠪᠦᠲᠦᠴᠡ ᠨᠢ ᠡᠷᠦᠭᠡ ︵ᠲᠤᠭᠤᠨᠤ ᠪᠠᠨ ᠪᠦᠲᠡᠭᠡᠲᠡᠭ ᠢᠰᠡᠭᠡᠢ︶᠂ ᠲᠡᠭᠡᠪᠦᠷ ︵ᠤᠨᠢ ᠶᠢ ᠪᠦᠷᠭᠦᠲᠡᠭ ᠢᠰᠡᠭᠡᠢ︶᠂ | ᠪᠦᠷᠢᠶᠡᠰᠦ ︵ᠬᠠᠨᠠᠨ ᠤ ᠪᠦᠷᠢᠶᠡᠰᠦ ᠢᠰᠡᠭᠡᠢ︶ ᠪᠤᠯᠤᠨ᠎ᠡ᠃ | ᠮᠤᠩᠭᠤᠯ ᠭᠡᠷ ᠤᠨ ᠪᠦᠲᠦᠴᠡ᠂ ᠬᠡᠯᠪᠡᠷᠢ ᠪᠤᠯᠤᠨ ᠪᠠᠷᠢᠯᠭ᠎ᠠ ᠶᠢᠨ ᠮᠠᠲ᠋ᠧᠷᠢᠶᠡᠯ ᠵᠡᠷᠭᠡ ᠨᠢ ᠴᠦᠮ ᠲᠡᠯ᠎ᠡ | ᠨᠤᠳᠤᠭ ᠤᠨ ᠠᠮᠢᠳᠤᠷᠡᠯ ᠤᠷᠴᠢᠨ ᠤ ︽ᠪᠤᠬᠢᠷᠳᠤᠯ ᠦᠭᠡᠢ︾ ᠤᠴᠢᠷ ᠶᠤᠰᠤᠨ ᠢ ᠦᠭᠦᠯᠡᠵᠦ ᠪᠠᠶᠢᠳᠠᠭ ᠰᠠᠨ᠃ | ᠮᠤᠩᠭᠤᠯ ᠭᠡᠷ ᠤᠨ ᠪᠦᠲᠦᠴᠡ ᠨᠢ ᠲᠤᠭᠤᠨᠤ ᠠᠴᠠ ᠡᠬᠢᠯᠡᠲᠡᠭ᠂ ᠬᠦᠷᠲᠦ ᠰᠢᠭ ᠲᠤᠭᠤᠷᠢᠭ᠂ ᠬᠦᠮᠦᠷᠢᠭᠰᠡᠨ | ᠲᠤᠭᠤᠭ᠎ᠠ ᠰᠢᠭ᠋ ᠬᠦᠲᠦᠭᠦᠷ᠃ ᠮᠤᠩᠭᠤᠯ ᠭᠡᠷ ᠤᠨ ᠤᠷᠤᠢ ᠶᠢ ᠶᠡᠪ ᠴᠡᠪ ᠡᠮᠭᠦᠭᠦᠯᠦᠨ ᠲᠠᠭᠠᠷᠠᠭᠤᠯᠤᠭᠰᠡᠨ ᠠᠴᠠ | ᠲᠤᠭᠤᠨᠤ ᠶᠢᠨ ᠶᠡᠭᠡ ᠪᠠᠭ᠎ᠠ ᠨᠢ ᠮᠤᠩᠭᠤᠯ ᠭᠡᠷ ᠤᠨ ᠶᠡᠭᠡ ᠪᠠᠭ᠎ᠠ ᠶᠢ ᠰᠢᠢᠳᠪᠦᠷᠢᠯᠡᠲᠡᠭ ᠪᠢᠯᠡ᠃ ᠮᠤᠩᠭᠤᠯ ᠭᠡᠷ ᠤᠨ | ᠲᠤᠭᠤᠨᠤ ᠬᠢᠬᠦ ᠳᠤ ᠬᠡᠰᠢᠭᠦᠦ ᠦᠭᠡᠢ ᠮᠤᠲᠦ ᠪᠤᠶᠦ ᠴᠡᠪᠡ ᠦᠭᠡᠢ ᠠᠰᠬᠠᠨ ᠬᠠᠶᠢᠯᠠᠰᠦ᠂ ᠬᠤᠰᠤ ᠪᠤᠶᠦ ᠪᠤᠷᠭᠠᠰᠦ | ᠬᠡᠷᠡᠭᠯᠡᠲᠡᠭ᠃ ᠤᠨᠢ ᠪᠤᠯ ᠲᠤᠭᠤᠨᠤ ᠪᠤᠯᠤᠨ ᠲᠤᠤᠷᠡᠪᠴᠢ ᠮᠡᠲᠦ ᠬᠠᠨ᠎ᠡ ᠶᠢᠨ ᠬᠤᠭᠤᠷᠤᠨᠳᠤᠬᠢ ᠵᠠᠯᠭᠠᠪᠦᠷᠢ ᠪᠠᠶᠢᠵᠦ᠂ | ᠮᠤᠩᠭᠤᠯ ᠭᠡᠷ ᠤᠨ ᠲᠡᠭᠡᠲᠦ ᠬᠡᠰᠡᠭ ᠤᠨ ᠰᠢᠭᠦᠷ ᠬᠡᠯᠪᠡᠷᠢᠲᠦ ᠪᠦᠲᠦᠴᠡ ᠶᠢ ᠲᠤᠬᠳᠠᠭᠠᠬᠤ ᠲᠤᠯᠠ ᠨᠠᠷᠠᠰᠦ᠂ ᠭᠠᠴᠤᠷᠡ | ᠪᠤᠶᠦ ᠬᠤᠰᠤ᠂ ᠪᠤᠷᠭᠠᠰᠦ ᠮᠡᠲᠦ ᠶᠢᠨ ᠮᠠᠲ᠋ᠧᠷᠢᠶᠡᠯ ᠢᠶᠠᠷ ᠬᠢᠲᠡᠭ᠃ ᠤᠨᠢ ᠬᠢᠬᠦ ᠮᠤᠳᠤᠨ ᠤ ᠴᠢᠨᠠᠷ ᠪᠤᠯᠤᠨ ᠤᠷᠲᠦ | ᠤᠬᠤᠷ᠂ ᠪᠦᠲᠦᠭᠦᠨ ᠨᠠᠷᠢᠨ ᠨᠢ ᠡᠷᠭᠡᠪᠰᠢ ᠵᠢᠭᠲᠡ ᠪᠠᠶᠢᠬᠤ ᠬᠡᠷᠡᠭᠲᠠᠢ᠃ | ᠬᠠᠨ᠎ᠡ ᠪᠤᠯ ᠮᠤᠩᠭᠤᠯ ᠭᠡᠷ ᠤᠨ ᠲᠤᠭᠤᠷᠢᠭ ᠪᠦᠲᠦᠴᠡ ᠶᠢᠨ ᠭᠤᠤᠯ ᠴᠤᠬᠴᠡ ᠪᠤᠯᠤᠨ᠎ᠡ᠃ ᠮᠤᠩᠭᠤᠯ ᠭᠡᠷ | ᠤᠨ ᠪᠦᠬᠦ ᠬᠦᠨᠳᠦᠴᠡ ᠶᠢ ᠲᠤᠯᠭᠠᠭᠤᠷᠢᠯᠠᠵᠦ ᠪᠤᠰᠳᠠᠭ ᠠᠴᠠ ᠪᠤᠷᠭᠠᠰᠦ ᠵᠡᠷᠭᠡ ᠮᠤᠲᠦ ᠪᠠᠷ ᠰᠦᠯᠵᠢᠮᠡᠯ ᠬᠡᠯᠪᠡᠷᠢ ᠪᠠᠷ | ᠬᠡᠯᠬᠢᠨ ᠲᠤᠭᠤᠷᠢᠭ ᠬᠡᠯᠪᠡᠷᠢ ᠲᠠᠢ ᠪᠤᠯᠬᠤ ᠪᠠᠷ ᠬᠢᠲᠡᠭ᠃ ᠤᠯᠠᠩᠬᠢ ᠳᠠᠭᠠᠨ ᠤᠯᠠᠭᠠᠨ ᠰᠤᠬᠠᠢ ᠵᠡᠷᠭᠡ ᠮᠤᠳᠤᠨ | ᠮᠠᠲ᠋ᠧᠷᠢᠶᠡᠯ ᠬᠡᠷᠡᠭᠰᠡᠳᠡᠭ᠃ | ᠡᠷᠦᠭᠡ ᠨᠢ ᠪᠠᠷᠢᠮᠵᠢᠶᠠᠲᠦ ᠲᠡᠭᠰᠢ ᠲᠦᠷᠪᠡᠯᠵᠢᠨ ᠬᠡᠯᠪᠡᠷᠢᠲᠠᠢ᠃ ᠭᠤᠷᠪᠠᠨ ᠦᠨᠴᠦᠭ ᠢ ᠨᠢ ᠪᠦᠴᠡ ᠪᠠᠷ | ᠲᠤᠪᠬᠢᠨ ᠲᠤᠬᠳᠠᠭᠠᠵᠦ᠂ ᠨᠢᠭᠡ ᠦᠨᠴᠦᠭ ᠢ ᠨᠢ ᠰᠤᠯᠠ ᠲᠠᠯᠪᠢᠵᠦ ᠠᠷᠤᠨᠰᠢ ᠨᠢ ᠲᠡᠳᠠᠪᠡᠯ ᠡᠷᠦᠭᠡ ᠨᠢ ᠭᠤᠷᠪᠠᠯᠵᠢᠨ | ᠪᠤᠯᠵᠦ᠂ ᠲᠤᠭᠤᠨᠤ ᠨᠢ ᠤᠩᠭᠤᠶᠢᠨ ᠰᠠᠯᠬᠢ ᠨᠡᠪᠲᠡᠷᠡᠵᠦ᠂ ᠨᠠᠷ᠎ᠡ ᠲᠤᠰᠬᠤ᠂ ᠤᠳᠤᠭ᠎ᠠ ᠰᠤᠪᠤᠷᠠᠬᠤ ᠪᠤᠯᠤᠨ᠎ᠡ᠃ | ᠤᠨᠢ ᠶᠢᠨ ᠬᠡᠰᠡᠭ ᠢ ᠪᠠᠰᠡ ᠭᠡᠷ ᠤᠨ ᠠᠳᠠᠭᠠᠷ ᠬᠡᠵᠦ ᠪᠤᠯᠤᠨ᠎ᠡ᠃ ᠬᠡᠷ ᠤᠨ ᠠᠳᠠᠭᠠᠷ ᠨᠢ ᠡᠮᠦᠨ᠎ᠡ ᠬᠤᠶᠢᠨ᠎ᠡ | ᠬᠤᠶᠠᠷ ᠬᠡᠰᠡᠭ ᠢᠶᠠᠷ ᠪᠦᠷᠢᠯᠳᠤᠵᠦ᠂ ᠲᠡᠭᠷᠢ ᠬᠦᠢᠲᠡᠷᠡᠪᠡᠯ ᠬᠤᠶᠠᠷ ᠲᠠᠪᠬᠤᠷ ᠢᠰᠡᠭᠡᠢ ᠪᠦᠷᠢᠵᠦ᠂ ᠰᠠᠶᠢᠨ ᠢᠰᠡᠭᠡᠢ ᠶᠢ | ᠨᠢ ᠭᠠᠳᠠᠭᠤᠷ ᠨᠢ ᠪᠦᠷᠢᠲᠡᠭ᠃ | ᠬᠠᠨᠠᠨ ᠤ ᠬᠡᠰᠡᠭ ᠢ ᠪᠦᠷᠢᠶᠠᠰᠦ ᠬᠡᠲᠡᠭ᠃ ᠤᠷᠳᠤᠯᠵᠢᠨ ᠲᠦᠷᠪᠠᠨ ᠬᠡᠰᠡᠭ ᠢᠶᠠᠷ ᠪᠦᠷᠢᠯᠳᠤᠳᠡᠭ᠃ | ᠮᠤᠩᠭᠤᠯ ᠭᠡᠷ ᠤᠨ ᠬᠠᠭᠠᠯᠭᠠᠨ ᠤ ᠬᠦᠷᠢᠶ᠎ᠡ ᠪᠤᠶᠦ ᠬᠠᠳᠠᠪᠴᠢ ᠶᠢᠨ ᠦᠨᠳᠦᠷ ᠨᠢ ᠬᠠᠨ᠎ᠠ ᠲᠠᠢ ᠪᠠᠨ ᠴᠢᠴᠠᠦ | ᠪᠠᠶᠢᠳᠠᠭ᠃ ᠡᠷᠲᠡᠨ ᠤ ᠮᠤᠩᠭᠤᠯ ᠭᠡᠷ ᠨᠢ ᠵᠦᠪᠭᠡᠨ ᠢᠰᠡᠭᠡᠢ ᠤᠷᠬᠢᠭᠤᠯ ᠲᠠᠢ᠂ ᠮᠤᠳᠤᠨ ᠬᠠᠭᠠᠯᠭ᠎ᠠ ᠪᠠᠶᠢᠳᠠᠭ ᠦᠭᠡᠢ᠂ | ᠡᠲᠦᠭᠡ ᠶᠢᠨ ᠮᠤᠩᠭᠤᠯ ᠭᠡᠷ ᠤᠨ ᠬᠠᠭᠠᠯᠭ᠎ᠠ ᠪᠤᠯᠤᠨ ᠤᠷᠬᠢᠭᠤᠯ ᠢ ᠤᠯᠠᠷᠢᠯ ᠤᠨ ᠡᠭᠡᠯᠵᠢᠯᠡᠯ ᠢᠶᠠᠷ ᠬᠡᠷᠡᠭᠯᠡᠲᠡᠭ᠃ | ᠤᠳᠤᠮᠰᠢᠯᠲᠦ ᠢᠰᠡᠭᠡᠢ ᠤᠷᠬᠢᠭᠤᠯ ᠲᠡᠭᠡᠷ᠎ᠡ ᠶᠠᠩᠵᠦ ᠪᠦᠷᠢ ᠶᠢᠨ ᠭᠤᠶᠦ ᠰᠠᠶᠢᠬᠠᠨ ᠬᠡ ᠤᠭᠠᠯᠵᠠ᠂ ᠴᠡᠴᠡᠭ ᠨᠠᠪᠴᠢ᠂ | ᠠᠮᠢᠳᠠᠨ ᠰᠢᠪᠠᠭᠤ᠂ ᠡᠭᠦᠯᠡᠨ ᠭᠡ᠂ ᠠᠯᠤᠬᠠᠨ ᠬᠡ ᠵᠡᠷᠭᠡ ᠶᠢ ᠤᠷᠠᠯᠠᠬᠰᠡᠨ ᠪᠠᠶᠢᠳᠠᠭ᠃ | ᠡᠭᠦᠲᠡᠨ ᠤ ᠤᠷᠬᠢᠭᠤᠯ ᠤᠨ ᠲᠡᠭᠡᠷ᠎ᠡ ᠲᠡᠯ᠎ᠡ ᠳᠤ ᠤᠷᠳᠤᠯᠵᠢᠨ ᠬᠡᠯᠪᠡᠷᠢᠲᠠᠢ ᠵᠢᠵᠢᠭ ᠤᠷᠬᠢᠭᠤᠯ ᠢ ︽ᠲᠤᠳᠤᠭᠤ︾ | ᠬᠡᠲᠡᠭ᠃ ᠡᠨᠡ ᠨᠢ ᠭᠡᠷ ᠤᠨ ᠠᠳᠠᠭᠠᠷ ᠪᠤᠤᠯᠨ ᠤᠷᠬᠢᠭᠤᠯ ᠤᠨ ᠬᠤᠭᠤᠷᠤᠨᠳᠤᠬᠢ ᠵᠠᠪᠰᠡᠷ ᠢ ᠬᠠᠯᠬᠠᠯᠠᠳᠠᠭ᠃ ᠮᠤᠩᠭᠤᠯ | ᠭᠦᠮᠦᠨ ᠤ ᠲᠡᠳᠬᠠᠯ ᠢᠶᠠᠷ ᠪᠤᠯ ᠮᠤᠩᠭᠤᠯ ᠭᠡᠷ ᠤᠨ ᠪᠤᠱᠤᠭ᠎ᠠ ᠶᠢ ᠠᠶᠢᠯ ᠭᠡᠷ ᠤᠨ ᠪᠡᠯᠭᠡᠲᠡᠯ ᠪᠤᠯᠭᠠᠳᠠᠭ ᠤᠴᠢᠷ | ᠠᠴᠠ ᠪᠤᠱᠤᠭ᠎ᠠ ᠶᠢ ᠵᠠᠶᠢᠳᠠᠯᠡᠵᠦ ᠵᠤᠬᠰᠤᠬᠤ ᠪᠤᠶᠦ ᠲᠡᠭᠡᠷ᠎ᠡ ᠨᠢ ᠬᠢᠰᠬᠢᠬᠦ ᠶᠢ ᠤᠨᠴᠡ ᠴᠡᠭᠡᠷᠯᠡᠲᠡᠭ ᠪᠢᠯᠡ᠃ ᠲᠤᠳᠤᠭᠤ | ᠨᠢ ᠪᠤᠯ ᠦᠷ᠎ᠡ ᠬᠡᠦᠭᠡᠳ ᠦᠷᠡᠵᠢᠵᠦ ᠦᠨᠳᠦᠰᠦ ᠬᠠᠤᠬᠤᠬᠤ ᠶᠢ ᠪᠡᠯᠭᠡᠲᠡᠲᠡᠭ ᠤᠴᠢᠷ ᠠᠴᠠ ᠲᠡᠭᠦᠨ ᠢ ᠮᠠᠰᠢᠲᠡ | ᠤᠷᠠᠯᠠᠨ ᠭᠤᠶᠤᠯᠠᠳᠠᠭ ᠪᠢᠯᠡ᠃ | ᠦᠨᠦᠳᠤᠷ ᠤᠨ ᠮᠤᠩᠭᠤᠯ ᠭᠡᠷ ᠨᠢ ᠨᠢᠭᠡᠨ ᠵᠦᠢᠯ ᠤᠨ ᠲᠡᠦᠭᠡ ᠶᠢᠨ ᠲᠤᠷᠠᠰᠤᠮᠵᠢ ᠪᠤᠶᠦ ᠰᠤᠶᠤᠯ ᠤᠨ ᠪᠡᠯᠭᠡ | ᠲᠡᠮᠲᠡᠭ ᠪᠤᠯᠵᠦ ᠪᠠᠶᠢᠨ᠎ᠡ᠃ ᠦᠪᠡᠷᠲᠡᠭᠡᠨ ᠵᠠᠰᠠᠬᠤ ᠤᠷᠤᠨ ᠤ ᠮᠠᠰᠢ ᠤᠯᠠᠨ ᠬᠤᠲᠡ ᠪᠠᠯᠭᠠᠳ ᠲᠤ ᠮᠤᠩᠭᠤᠯ ᠭᠡᠷ | ᠤᠨ ᠤᠷᠤᠢ ᠲᠠᠢ ᠦᠨᠳᠦᠷ ᠠᠰᠠᠷ ᠲᠠᠬᠲᠦ ᠢᠯᠡᠷᠡᠵᠦ ᠲᠡᠯ᠎ᠡ ᠨᠤᠳᠤᠭ ᠤᠨ ᠦᠩᠭᠡ ᠪᠤᠳᠤᠭ ᠤᠷᠤᠭᠤᠯᠳᠠᠭ ᠪᠡ | ᠢᠯᠠᠩᠭᠤᠶ᠎ᠠ ᠵᠤᠭᠠᠴᠠᠯ ᠦᠵᠡᠮᠦᠷᠢ ᠶᠢᠨ ᠭᠠᠵᠠᠷ ᠤᠳ ᠲᠤ ᠪᠢᠲᠡ ᠮᠠᠰᠢ ᠤᠯᠠᠨ ᠸᠠᠭᠠᠷ ᠲᠤᠭᠤᠰᠬᠠᠨ ᠪᠦᠲᠦᠴᠡ ᠲᠠᠢ | ᠮᠤᠩᠭᠤᠯ ᠭᠡᠷ ᠤᠳ ᠢ ᠤᠯᠵᠦ ᠬᠠᠷᠠᠳᠠᠭ᠃ ᠡᠨᠡ ᠨᠢ ᠨᠢᠭᠡᠨᠲᠡ ᠬᠦᠭᠵᠢᠵᠦ ᠪᠠᠶᠢᠭ᠎ᠠ ᠬᠦᠷ ᠨᠠᠷᠬᠢᠶᠠᠨᠲᠦ ᠬᠤᠲᠡ | ᠭᠠᠵᠠᠷ ᠤᠨ ᠦᠵᠡᠮᠵᠢ ᠪᠤᠯᠤᠭᠰᠡᠨ ᠢᠶᠠᠷ ᠦᠯᠦ ᠪᠠᠷᠠᠮ ᠪᠠᠷᠢᠯᠭ᠎ᠠ ᠶᠢᠨ ᠤᠷᠠᠯᠢᠭ ᠢᠶᠠᠷ ᠦᠨᠳᠦᠰᠦᠲᠡᠨ ᠤ ᠤᠨᠴᠠᠯᠢᠭ | ᠢ ᠬᠠᠷᠠᠭᠤᠯᠬᠤ ᠬᠡᠯᠪᠡᠷᠢ ᠪᠤᠯᠵᠠᠢ᠃ ᠪᠠᠰᠡ ᠨᠠᠯᠢᠶᠠᠳ ᠤᠯᠠᠨ ᠠᠯᠪᠠᠨ ᠠᠰᠠᠷ ᠤᠨ ᠤᠷᠤᠢ ᠶᠢ ᠮᠤᠩᠭᠤᠯ ᠭᠡᠷ ᠤᠨ | ᠬᠡᠯᠪᠡᠷᠢᠲᠠᠢ ᠴᠢᠮᠡᠭᠯᠡᠭᠰᠡᠨ ᠪᠠᠶᠢᠳᠠᠭ᠃ | ᠲᠡᠯ᠎ᠡ ᠨᠤᠳᠤᠭ ᠤᠨ ᠮᠤᠩᠭᠤᠯ ᠭᠡᠷ ᠨᠢ ᠶᠠᠭ ᠯᠡ ᠲᠡᠯᠡᠢ ᠲᠠᠩᠬᠢᠰ ᠲᠤ ᠬᠦᠪᠦᠨ ᠪᠦᠬᠦᠢ ᠨᠠᠪᠴᠢ ᠮᠤᠲᠦ᠂ | ᠬᠦᠮᠦᠰ ᠲᠤ ᠦᠨᠦᠴᠢᠷᠠᠩᠭᠦᠢ ᠠᠳᠡᠯᠡ ᠪᠠᠨ ᠭᠤᠸ᠎ᠠ ᠰᠠᠶᠢᠬᠠᠨ ᠤ ᠲᠦᠷᠦᠭᠲᠡᠯ ᠦᠭᠭᠦᠨ᠎ᠡ᠃ ᠮᠤᠩᠭᠤᠯ ᠭᠡᠷ ᠲᠤ | ᠰᠠᠭᠤᠬᠤ ᠳᠤ ᠦᠨᠡᠭᠡᠷ ᠡᠭᠡ ᠪᠠᠶᠢᠭᠠᠯᠢ ᠶᠢᠨ ᠦᠷᠦᠴᠡᠨ ᠳᠤ ᠠᠭᠤᠰᠤᠭᠰᠡᠨ ᠮᠡᠲᠦ ᠰᠠᠨᠠᠬᠳᠠᠳᠠᠭ᠃ ᠮᠤᠩᠭᠤᠯ ᠭᠡᠷ | ᠤᠨ ᠲᠤᠳᠤᠷ᠎ᠡ ᠠᠴᠠ ᠭᠠᠳᠠᠭᠰᠢ ᠪᠠᠷᠠᠯᠠᠪᠡᠯ ᠡᠵᠡᠭᠦᠢ ᠲᠡᠯ᠎ᠡ᠂ ᠠᠭᠤᠯᠠ ᠬᠦᠲᠦᠯ᠂ ᠭᠤᠤᠯ ᠮᠦᠷᠡᠨ ᠬᠠᠷᠠᠭ᠎ᠠ | ᠲᠦᠭᠦᠷᠦᠭᠡᠳ ᠲᠤᠮᠳᠠᠲᠦ ᠤᠯᠤᠰ ᠤᠨ ᠬᠦᠮᠦᠨ ᠪᠠᠶᠢᠭᠠᠯᠢ ᠶᠢᠨ ᠨᠢᠭᠡᠳᠤᠯ ᠬᠡᠮᠡᠬᠦ ᠬᠦᠨ ᠤᠬᠠᠭᠠᠨ ᠤ ᠦᠵᠡᠯ | ᠰᠠᠨᠠᠭ᠎ᠠ ᠠᠲᠡ ᠬᠠᠮᠤᠭ ᠤᠨ ᠤᠨᠤᠪᠴᠢᠲᠠᠢ ᠲᠠᠶᠢᠯᠪᠦᠷᠢᠯᠡᠯ ᠢᠶᠠᠨ ᠤᠯᠬᠤ ᠪᠤᠯᠤᠨ᠎ᠡ᠃ ᠵᠢᠵᠢᠭᠭᠡᠨ ᠮᠤᠩᠭᠤᠯ ᠭᠡᠷ ᠡᠭᠡ | ᠪᠠᠶᠢᠭᠠᠯᠢ ᠶᠢᠨ ᠤᠷᠤᠨ ᠵᠠᠢ ᠳᠤ ᠡᠪ ᠲᠤᠶᠢᠲᠠᠢ ᠠᠭᠤᠰᠤᠯᠴᠠᠵᠦ᠂ ᠠᠲᠡ ᠠᠮᠢᠳᠤᠷᠠᠳᠠᠭ ᠬᠦᠮᠦᠰ ᠤᠨ ᠡᠭᠡ ᠪᠠᠶᠢᠭᠠᠯᠢ | ᠯᠤᠭ᠎ᠠ ᠶᠢᠨ ᠡᠭᠡᠨᠡᠭ ᠲᠤᠳᠤᠨᠤ ᠬᠤᠪᠢ ᠲᠠᠪᠢᠯᠠᠩ ᠢ ᠤᠯᠠᠮ ᠪᠠᠶᠠᠯᠢᠬᠵᠢᠭᠤᠯᠤᠨᠡ ᠪᠢᠯᠡ᠃ | ᠡᠩ ᠤᠨ ᠪᠠᠶᠢᠲᠡᠯ ᠳᠤ ᠮᠤᠩᠭᠤᠯ ᠭᠡᠷ ᠢᠶᠠᠨ ᠠᠰ ᠡᠮᠦᠨᠡᠰᠢ ᠪᠤᠶᠦ ᠵᠡᠭᠦᠨ ᠡᠮᠦᠨᠡᠰᠢ ᠬᠠᠨᠳᠤᠭᠤᠯᠵᠦ ᠪᠠᠷᠢᠳᠠᠭ᠃ | ᠡᠨᠡ ᠨᠢ ᠮᠤᠩᠭᠤᠯ ᠤᠨ ᠦᠨᠳᠦᠷᠯᠢᠭ ᠲᠤ ᠪᠠᠷᠠᠭᠤᠨ ᠬᠤᠶᠢᠨ᠎ᠡ ᠠᠴᠠ ᠰᠠᠯᠬᠢᠯᠠᠬᠤ ᠪᠤᠶᠦ ᠲᠤᠬᠰᠢᠨ ᠰᠢᠭᠤᠷᠭ᠎ᠠ | ᠢᠷᠡᠲᠡᠭ ᠤᠨ ᠬᠢ ᠶᠤᠮ᠃ ᠮᠤᠩᠭᠤᠯ ᠭᠡᠷ ᠲᠤ ᠰᠠᠭᠤᠳᠠᠭ ᠬᠦᠮᠦᠰ ᠡᠭᠦᠲᠡᠨ ᠲᠡᠯ᠎ᠡ ᠪᠠᠨ ᠡᠮᠦᠨ᠎ᠡ ᠵᠦᠭ ᠭᠡᠵᠦ | ᠬᠤᠶᠢᠮᠦᠷ ᠲᠡᠯ᠎ᠡ ᠶᠢ ᠬᠤᠶᠢᠲᠦ ᠵᠦᠭ ᠬᠡᠨ᠎ᠡ᠃ | ᠮᠤᠩᠭᠤᠯ ᠭᠡᠷ ᠤᠨ ᠭᠠᠳᠠᠨ᠎ᠡ ᠲᠤᠳᠤᠨᠡᠬᠢ ᠬᠡᠷᠡᠭᠯᠡᠭᠦᠨ ᠨᠢ ᠪᠦᠷ ᠲᠤᠬᠳᠠᠮᠠᠯ ᠪᠠᠶᠢᠳᠠᠭ᠃ ᠡᠨᠡ ᠨᠢ | ᠮᠤᠩᠭᠤᠯᠴᠤᠳ ᠤᠨ ᠶᠤᠰᠦ ᠰᠤᠷᠳᠠᠬᠤᠨ ᠬᠢᠭᠡᠳ ᠵᠠᠩ ᠦᠢᠯᠡ ᠲᠠᠢ ᠰᠢᠭᠤᠳ ᠬᠤᠯᠪᠤᠬᠳᠠᠨᠡ᠃ | ᠮᠤᠩᠭᠤᠯ ᠭᠡᠷ ᠲᠤ ᠲᠦᠪ ᠭᠤᠤᠯ ᠢ ︽ᠭᠤᠯᠤᠮᠲᠡ︾ ᠬᠡᠲᠡᠭ᠃ ᠠᠲᠡ ᠭᠠᠯ ᠲᠤᠯᠭ᠎ᠠ ᠪᠠᠶᠢᠳᠠᠭ ᠪᠤᠯᠬᠤᠷ | ᠬᠦᠮᠦᠰ ᠪᠠᠰᠡ ᠭᠠᠯ ᠤᠨ ᠪᠤᠷᠬᠠᠨ ᠤ ᠤᠷᠤᠨ ᠪᠠᠶᠢᠷᠢ ᠭᠡᠵᠦ ᠬᠦᠨᠳᠦᠳᠭᠡᠵᠦ ᠦᠵᠡᠲᠡᠭ᠃ | ᠲᠤᠯᠭ᠎ᠠ ᠶᠢᠨ ᠠᠰ ᠬᠤᠶᠢᠲᠦ ᠵᠦᠭ ᠪᠤᠶᠦ ᠪᠠᠷᠠᠭᠤᠨ ᠬᠤᠶᠢᠲᠦ ᠵᠦᠭ ᠢ ᠬᠤᠶᠢᠮᠦᠷ ᠬᠡᠲᠡᠭ᠃ ᠬᠤᠶᠢᠮᠦᠷ | ᠲᠠᠭᠠᠨ ᠪᠤᠷᠬᠠᠨ ᠬᠦᠩᠭᠠᠷᠡᠪᠡ ᠲᠠᠯᠪᠢᠵᠦ᠂ ᠴᠢᠩᠬᠢᠰ ᠬᠠᠭᠠᠨ ᠤ ᠬᠦᠷᠦᠭ ᠢ ᠡᠯᠭᠦᠨ ᠪᠠᠰᠡ ᠬᠠᠵᠠᠭᠤ ᠪᠠᠷ ᠨᠢ ᠭᠡᠷ | ᠪᠦᠯᠢ ᠶᠢᠨ ᠬᠢᠨ ᠤ ᠰᠡᠭᠦᠲᠡᠷ ᠤᠳ ᠠᠴᠠ ᠡᠯᠭᠦᠵᠦ ᠴᠢᠮᠡᠲᠡᠭ᠃ ᠡᠭᠦᠲᠡ᠂ ᠭᠠᠯ ᠭᠤᠯᠤᠮᠲᠡ᠂ ᠬᠦᠩᠭᠠᠷᠠᠪᠡ ᠪᠠᠷ ᠭᠤᠤᠯ | ᠱᠤᠭᠤᠮ ᠪᠤᠯᠭᠠᠭᠰᠡᠨ ᠬᠤᠶᠢᠮᠦᠷ ᠤᠨ ᠪᠠᠷᠠᠭᠤᠨ ᠭᠠᠷ ᠲᠡᠯ᠎ᠡ ᠶᠢ ᠡᠷᠡᠭᠲᠠᠢ ᠶᠢᠨ ᠰᠠᠭᠤᠳᠡᠯ᠂ ᠵᠠᠭᠦᠨ ᠭᠠᠷ ᠲᠡᠯ᠎ᠡ ᠶᠢ | ᠡᠮᠡᠭᠲᠠᠢ ᠶᠢᠨ ᠰᠠᠭᠤᠳᠡᠯ ᠭᠡᠵᠦ ᠬᠤᠶᠢᠮᠦᠷ ᠤᠨ ᠪᠠᠷᠠᠭᠤᠨ ᠲᠡᠯ᠎ᠡ ᠪᠠᠷ ᠬᠦᠨᠲᠦᠲᠦ ᠬᠡᠶᠢᠴᠢᠨ ᠵᠤᠴᠢᠨ ᠢᠶᠠᠨ | ᠰᠠᠭᠤᠯᠭᠠᠳᠠᠭ᠃ ᠡᠷᠦᠭᠡ ᠶᠢᠨ ᠪᠠᠷᠠᠭᠤᠨ ᠬᠠᠶᠠᠭ᠎ᠠ ᠪᠠᠷ ᠡᠮᠡᠭᠡᠯ ᠲᠤᠨᠤᠭ ᠲᠠᠯᠪᠢᠵᠦ᠂ ᠨᠤᠮᠤ ᠰᠠᠭᠠᠳᠠᠭ ᠠᠪᠡ ᠶᠢᠨ ᠫᠤᠤ | ᠵᠡᠷᠭᠡ ᠶᠢ ᠬᠠᠨᠠᠨ ᠠᠴᠠ ᠡᠯᠭᠦᠲᠡᠭ᠃ ᠵᠠᠭᠦᠨ ᠲᠡᠯ᠎ᠡ ᠪᠠᠷ ᠠᠶᠠᠭ᠎ᠠ ᠱᠦᠭᠦᠢ᠂ ᠲᠤᠭᠤᠭ᠎ᠠ ᠰᠢᠨᠠᠭ᠎ᠠ ᠵᠢᠴᠢ | ᠪᠦᠰᠡᠭᠦᠶᠢᠴᠤᠤᠯ ᠤᠨ ᠡᠳ᠋ᠯᠡᠯ ᠬᠡᠷᠡᠭᠯᠡᠭᠦᠨ ᠢ ᠲᠠᠯᠪᠢᠲᠠᠭ᠃ ᠪᠤᠰᠤᠳ ᠡᠳ᠋ᠯᠡᠯ ᠨᠢ ᠴᠦ ᠲᠤᠬᠳᠠᠭᠰᠡᠨ ᠤᠷᠤᠨ ᠪᠠᠶᠢᠷᠢ | ᠲᠠᠢ ᠪᠠᠶᠢᠳᠠᠭ᠃ | ᠮᠤᠩᠭᠤᠯ ᠭᠡᠷ ᠤᠨ ᠭᠠᠳᠠᠨ᠎ᠡ ᠴᠦ ᠲᠤᠷ᠎ᠡ ᠪᠠᠷ ᠤᠨᠳᠤᠢ ᠰᠤᠨᠳᠤᠢ ᠶᠠᠭᠤᠮ᠎ᠡ ᠲᠠᠯᠪᠢᠳᠠᠭ ᠦᠭᠡᠢ᠃ ᠬᠠᠰᠠᠭ | ᠲᠡᠷᠭᠡ ᠶᠢ ᠪᠠᠷᠠᠭᠤᠨ ᠬᠠᠶᠠᠭ᠎ᠠ ᠪᠠᠷ ᠲᠠᠯᠪᠢᠨ ᠠᠷᠭᠠᠯ ᠤᠨ ᠲᠡᠷᠭᠡ ᠶᠢ ᠪᠠᠷᠠᠭᠤᠨ ᠡᠮᠦᠨ᠎ᠡ᠂ ᠤᠰᠤᠨ ᠤ ᠲᠡᠷᠭᠡ ᠶᠢ | ᠵᠠᠭᠦᠨ ᠡᠮᠦᠨᠡᠭᠦᠷ ᠲᠠᠯᠪᠢᠵᠦ᠂ ᠦᠨᠡᠰᠦ ᠪᠠᠨ ᠵᠡᠭᠦᠨ ᠡᠮᠦᠨ᠎ᠡ ᠵᠦᠭ ᠲᠤ ᠭᠡᠷ ᠠᠴᠠ ᠨᠠᠯᠢᠶᠠᠳ ᠵᠠᠶᠢᠳᠠᠢ ᠭᠠᠵᠠᠷ | ᠠᠰᠬᠠᠵᠦ᠂ ᠬᠤᠨᠢᠨ ᠤ ᠬᠤᠷᠤᠭ᠎ᠠ ᠪᠠᠨ ᠵᠡᠭᠦᠨ ᠬᠠᠶᠠᠭᠠᠨ ᠳᠤ ᠪᠠᠷᠢᠳᠠᠭ᠃ | ᠮᠤᠩᠭᠤᠯ ᠭᠡᠷ ᠲᠤ ᠵᠤᠴᠢᠨ ᠪᠤᠯᠵᠦ ᠤᠴᠢᠬᠤ ᠳᠤ ᠪᠠᠰᠡ ᠮᠠᠰᠢ ᠤᠯᠠᠨ ᠲᠦᠷᠢᠮ ᠭᠤᠷᠢᠮ ᠪᠠᠶᠢᠳᠠᠭ᠃ | ᠲᠦᠭᠦᠮ ᠭᠡᠳᠤᠨ ᠵᠤᠷᠪᠤᠰ ᠲᠠᠨᠢᠯᠴᠠᠭᠤᠯᠪᠡᠯ᠄ ᠨᠢᠭᠡ᠂ ᠠᠶᠢᠯ ᠤᠨ ᠬᠠᠶᠠᠭ᠎ᠠ ᠲᠦᠭᠦᠪᠡᠯ ᠮᠤᠷᠢᠨ ᠤ ᠪᠠᠨ ᠵᠢᠯᠤᠭᠤ ᠶᠢ | ᠲᠠᠳᠠᠵᠦ ᠠᠯᠭᠤᠷ ᠶᠠᠪᠤᠬᠤ ᠬᠡᠷᠡᠭᠲᠠᠢ᠃ ᠭᠡᠷ ᠤᠨ ᠡᠮᠦᠨᠡᠭᠦᠷ ᠰᠢᠭᠤᠳ ᠲᠤᠪᠳᠤᠯᠭᠠᠨ ᠭᠠᠷᠴᠦ ᠪᠤᠯᠬᠤ ᠦᠭᠡᠢ᠃ | ᠬᠤᠶᠠᠷ᠂ ᠵᠤᠴᠢᠨ ᠤᠬᠳᠤᠭᠰᠠᠳ ᠨᠢ ᠠᠬᠠᠮᠠᠳ ᠬᠦᠮᠦᠨ ᠪᠠᠶᠢᠪᠡᠯ ᠤᠷᠢᠳ ᠢᠶᠠᠷ ᠤᠨᠤᠭᠠᠨ ᠠᠴᠠ ᠪᠠᠨ ᠪᠠᠭᠤᠵᠦ | ᠤᠬᠳᠤᠨ ᠤᠴᠢᠨ᠎ᠡ᠃ ᠭᠤᠷᠪᠡ᠂ ᠢᠷᠡᠭᠰᠡᠨ ᠵᠤᠴᠢᠨ ᠠᠬᠠᠮᠠᠳ ᠨᠠᠰᠤᠲᠡᠨ ᠪᠤᠯ ᠬᠡᠦᠭᠡᠳ ᠵᠠᠯᠠᠭᠤᠴᠤᠳ ᠲᠤᠰᠴᠦ | ᠤᠴᠢᠨ ᠵᠦᠪ ᠲᠡᠯ᠎ᠡ ᠶᠢᠨ ᠲᠤᠬᠤᠢ ᠶᠢ ᠨᠢ ᠡᠷᠭᠦᠨ ᠬᠦᠨᠲᠦᠯᠡᠨᠡ᠃ ᠲᠦᠷᠪᠡ᠂ ᠢᠷᠡᠭᠰᠡᠨ ᠵᠤᠴᠢᠨ ᠲᠠᠰᠢᠭᠤᠷ᠂ ᠤᠷᠭ᠎ᠠ᠂ | ᠵᠡᠯ᠎ᠡ ᠲᠡᠭᠡᠭᠦᠷ ᠠᠯᠬᠤᠵᠦ ᠪᠤᠯᠬᠤ ᠦᠭᠡᠢ᠃ ᠲᠠᠪᠤ᠂ ᠵᠤᠴᠢᠨ ᠭᠡᠷ ᠲᠤ ᠤᠷᠤᠬᠤ ᠳᠠᠭᠠᠨ ᠲᠠᠰᠢᠭᠤᠷ᠂ ᠴᠢᠳᠤᠷ᠂ ᠵᠡᠷ | ᠵᠡᠪᠰᠡᠭ ᠠᠪᠴᠦ ᠤᠷᠤᠵᠦ ᠪᠤᠯᠳᠠᠭ ᠦᠭᠡᠢ᠃ ᠵᠢᠷᠭᠤᠭ᠎ᠠ᠂ ᠵᠤᠴᠢᠨ ᠡᠷᠬᠡᠪᠰᠢ ᠮᠠᠯᠠᠭᠠᠢ ᠪᠠᠨ ᠲᠡᠭᠰᠢ ᠡᠮᠦᠰᠴᠦ᠂ | ᠲᠤᠪᠴᠢ ᠰᠢᠯᠪᠢ ᠪᠠᠨ ᠲᠤᠪᠴᠢᠯᠠᠵᠦ᠂ ᠪᠦᠰᠡ ᠪᠠᠨ ᠴᠢᠩᠭ᠎ᠠ ᠪᠦᠰᠡᠯᠡᠭᠰᠡᠨ ᠪᠠᠶᠢᠬᠤ ᠬᠡᠷᠡᠭᠲᠠᠢ᠃ ᠲᠤᠯᠤᠭ᠎ᠠ᠂ ᠬᠤᠷᠮᠤᠢ | ᠪᠠᠨ ᠪᠠᠭᠤᠯᠭᠠᠵᠦ᠂ ᠬᠢᠲᠡ ᠬᠢᠳᠤᠭ᠎ᠠ ᠪᠠᠨ ᠰᠠᠭᠠᠯᠳᠤᠷᠭᠠᠯᠠᠵᠦ᠂ ᠬᠠᠨᠴᠤᠢ ᠪᠠᠨ ᠪᠠᠭᠤᠯᠭᠠᠭᠰᠡᠨ ᠪᠠᠶᠢᠬᠤ ᠬᠡᠷᠡᠭᠲᠠᠢ᠃ | ᠨᠠᠢᠮᠠ᠂ ᠮᠤᠩᠭᠤᠯ ᠭᠡᠷ ᠢ ᠰᠠᠶᠢᠳᠤᠷ ᠠᠵᠢᠬᠯᠠᠵᠦ ᠦᠵᠡᠨ᠎ᠡ᠃ ᠭᠡᠷ ᠤᠨ ᠪᠠᠷᠠᠭᠤᠨᠡ ᠵᠢᠵᠢᠭ ᠨᠤᠮᠤ ᠡᠯᠭᠦᠭᠡᠰᠤᠲᠠᠢ ᠪᠤᠯ | ᠬᠦᠪᠡᠭᠡᠨ ᠲᠦᠷᠦᠭᠰᠡᠨ ᠰᠡᠷ᠎ᠡ ᠲᠠᠢ ᠭᠡᠷ᠂ ᠵᠡᠭᠦᠨ ᠲᠡᠯ᠎ᠡ ᠪᠠᠷ ᠨᠢᠭᠡᠨ ᠪᠠᠭᠴᠡ ᠴᠡᠴᠡᠭ ᠪᠠᠶᠢᠪᠡᠯ ᠦᠬᠢᠨ ᠲᠦᠷᠦᠭᠰᠡᠨ | ᠰᠡᠷ᠎ᠡ ᠶᠢᠨ ᠭᠡᠷ ᠪᠤᠯᠤᠨ᠎ᠡ᠃ ᠲᠤᠭᠤᠨᠤ ᠨᠢ ᠪᠢᠲᠡᠭᠦᠦ ᠪᠠᠶᠢᠪᠡᠯ ᠪᠡᠶ᠎ᠡ ᠦᠩᠭᠡᠷᠡᠭᠰᠡᠨ ᠵᠡᠷᠭᠡ ᠴᠡᠭᠡᠷ ᠤᠨ ᠲᠡᠮᠲᠡᠭ | ᠪᠠᠶᠢᠳᠠᠭ᠃ ᠶᠠᠭᠠᠬᠢᠬᠰᠡᠨ ᠴᠦ ᠤᠷᠤᠵᠦ ᠦᠯᠦ ᠪᠤᠯᠤᠨ᠎ᠡ᠃ ᠶᠢᠰᠦ᠂ ᠭᠡᠷ ᠲᠤ ᠤᠷᠤᠬᠤ ᠳᠤ ᠤᠷᠢᠳ ᠢᠶᠠᠷ ᠪᠠᠷᠠᠭᠤᠨ | ᠬᠦᠯ ᠢᠶᠠᠷ ᠪᠤᠱᠤᠭ᠎ᠠ ᠶᠢ ᠨᠢ ᠠᠯᠬᠤᠨ᠎ᠡ᠃ ᠠᠷᠪᠡ᠂ ᠮᠤᠷᠢᠨ ᠤ ᠱᠤᠩ ᠤᠨ ᠬᠠᠵᠠᠭᠤ ᠳᠤ ᠰᠢᠭᠡᠵᠦ ᠪᠤᠯᠳᠠᠭ ᠦᠭᠡᠢ᠃ | ᠠᠷᠪᠠᠨ ᠨᠢᠭᠡ᠂ ᠵᠤᠴᠢᠳ ᠤᠨ ᠪᠠᠭᠤᠳᠡᠯ ᠤᠨ ᠬᠤᠪᠢ ᠳᠤ ᠭᠡᠷ ᠤᠨ ᠪᠠᠷᠠᠭᠤᠨ ᠲᠡᠯ᠎ᠡ ᠪᠡ ᠪᠦᠰᠡᠳᠠᠶᠢᠴᠤᠤᠯ ᠢ | ᠰᠠᠭᠤᠯᠭᠠᠵᠦ᠂ ᠪᠦᠰᠡᠬᠦᠶᠢᠴᠤᠤᠯ ᠢ ᠵᠠᠭᠦᠨ ᠲᠡᠯ᠎ᠡ ᠪᠠᠷ᠂ ᠠᠬᠠᠮᠠᠳ ᠬᠦᠮᠦᠨ ᠢ ᠬᠤᠶᠢᠮᠦᠷ ᠬᠠᠪᠢᠳᠠᠭᠤ᠂ ᠵᠠᠯᠠᠭᠤ | ᠪᠠᠭᠠᠴᠤᠳ ᠢ ᠡᠮᠦᠨ᠎ᠡ ᠲᠡᠯ᠎ᠡ ᠪᠠᠷ ᠰᠠᠭᠤᠯᠭᠠᠨᠡ᠃ ᠠᠷᠪᠠᠨ ᠬᠤᠶᠠᠷ᠂ ᠴᠠᠢ ᠠᠶᠠᠭᠠᠯᠠᠬᠤ ᠳᠠᠭᠠᠨ ᠮᠡᠯᠮᠡᠯᠵᠠᠳᠡᠯᠡ | ᠲᠦᠭᠦᠷᠭᠡᠲᠡᠭ ᠦᠭᠡᠢ ᠪᠦᠭᠡᠳ ᠭᠡᠲᠦ ᠲᠤᠨᠳᠠᠭᠤᠷ ᠴᠦ ᠠᠶᠠᠭᠠᠯᠠᠳᠠᠭ ᠦᠭᠡᠢ᠃ ᠵᠤᠴᠢᠳ ᠠᠶᠠᠭᠠᠯᠠᠭᠰᠡᠨ ᠴᠠᠢ ᠶᠢ | ᠪᠠᠷᠠᠭᠤᠨ ᠭᠠᠷ ᠢᠶᠠᠷ ᠢᠶᠠᠨ ᠲᠤᠰᠴᠦ ᠠᠪᠬᠤ ᠨᠢ ᠭᠡᠷ ᠤᠨ ᠡᠵᠡᠨ ᠢ ᠬᠦᠨᠲᠦᠯᠡᠵᠦ ᠪᠠᠶᠢᠭ᠎ᠠ ᠶᠢ ᠢᠯᠡᠳᠭᠡᠲᠡᠭ᠃ ᠶᠡᠷᠦ | ᠨᠢ ᠡᠨᠡ ᠮᠡᠲᠦ ᠤᠯᠠᠨ ᠶᠤᠰᠦ ᠰᠤᠷᠲᠡᠯ ᠢ ᠮᠡᠲᠡᠵᠦ ᠠᠪᠤᠯᠲᠠᠢ᠃ | | ︽ᠮᠤᠩᠭᠤᠯ ᠰᠤᠶᠤᠯ ᠤᠨ ᠲᠠᠶᠢᠯᠦᠮᠵᠢ︾ ᠨᠤᠮ ᠠᠴᠠ ᠨᠠᠶᠢᠷᠠᠭᠤᠯᠤᠨ ᠪᠠᠭᠤᠯᠭᠠᠪᠡ | |