ᠪᠠᠶᠠᠠᠬᠤᠸᠠ ᠰᠦᠮ᠎ᠡ
ᠨᠡᠶᠢᠲᠡᠯᠡᠭᠰᠡᠨ ᠴᠠᠭ᠄
2019-07-02
     ᠪᠠᠶᠠᠠᠬᠤᠸᠠ ᠰᠦᠮ᠎ᠡ ︵ᠱᠠᠰᠢᠨ ᠲᠡᠯᠭᠡᠷᠡᠭᠦᠯᠦᠭᠴᠢ ᠬᠤᠢ︶ ᠶᠢ ᠪᠦᠷᠢᠨᠲᠦ ᠵᠠᠰᠠᠬᠴᠢ ᠶᠢᠨ ᠲᠤᠯᠤᠳᠤᠭᠠᠷ ᠤᠨ ︵1868 ᠤᠨ︶ ᠤ ᠰᠢᠷ᠎ᠡ ᠯᠤᠤ ᠵᠢᠯ ᠳᠤ ᠲᠠᠶᠢᠵᠢ ᠰᠤᠮᠤᠨ ᠤ ᠠᠮᠤᠭᠤᠯᠠᠩ ᠲᠠᠶᠢᠵᠢ ᠤᠯᠠᠭᠠᠨ ᠬᠤᠳᠳᠤᠭ ᠤᠷᠴᠢᠮ ᠤᠨ 7 ᠡᠷᠦᠭᠡ ᠮᠠᠯᠴᠢᠨ ᠢ ᠲᠠᠶᠢᠴᠢᠯᠠᠨ ᠪᠡᠯᠡ ᠬᠤᠷᠠᠮᠳᠤᠭᠤᠯᠵᠦ ᠪᠠᠶᠢᠭᠠᠳ ᠪᠠᠶᠠᠠᠬᠤᠸᠠ ᠬᠤᠢ ᠬᠡᠰᠡᠨ ᠭᠠᠵᠠᠷ ᠨᠢᠭᠡ ᠲᠤᠭᠠᠩ ᠪᠤᠯᠤᠨ ᠯᠠᠮᠠ ᠶᠢᠨ ᠰᠠᠭᠤᠬᠤ ᠤᠷᠤᠨ ᠰᠠᠭᠤᠴᠡ ᠶᠢ ᠪᠠᠶᠢᠭᠤᠯᠵᠦ ᠲᠠᠭᠤᠰᠤᠭᠰᠡᠨ ᠶᠤᠮ᠃ ᠬᠤᠵᠢᠮ ᠨᠢ ᠬᠦᠬᠡᠨᠠᠭᠤᠷ ᠤᠨ ᠯᠠᠪᠷᠤᠩ ᠬᠡᠶᠢᠳ ᠠᠴᠠ ᠢᠷᠡᠭᠰᠡᠨ ᠲᠠᠩᠭᠤᠳ ᠳ᠋ᠤᠷᠠᠮᠪᠡ ᠮᠠᠮᠠ ᠳᠤ ᠲᠤᠰᠢᠶᠠᠬᠰᠡᠨ  ᠠᠴᠠ ᠬᠤᠶᠢᠰᠢ ᠲᠤᠰ ᠬᠤᠢ ᠳᠤ ᠲᠠᠩᠭᠤᠳ ᠯᠠᠮᠠ ᠬᠡᠷᠡᠭ ᠮᠡᠲᠡᠭᠴᠢ ᠪᠤᠯᠤᠭᠰᠠᠭᠠᠷ ᠢᠷᠡᠵᠠᠢ᠃ ᠬᠤᠷᠡᠯ ᠬᠤᠷᠠᠬᠤ ᠦᠶ᠎ᠡ ᠳᠤ ᠤᠶᠢᠷ᠎ᠡ ᠤᠷᠴᠢᠮ ᠤᠨ 20 ᠬᠡᠳᠤᠨ ᠨᠠᠷᠡᠲᠦ ᠯᠠᠮᠠ ᠬᠤᠸᠠᠷᠠᠭ ᠬᠦᠷᠦᠯᠴᠠᠨ ᠢᠷᠡᠵᠦ ᠤᠷᠤᠯᠴᠠᠳᠠᠭ ᠪᠠᠶᠢᠯ᠎ᠡ᠃ ᠲᠤᠰ ᠰᠦᠮ᠎ᠡ ᠴᠦ ︽ᠰᠤᠶᠤᠯ ᠤᠨ ᠶᠡᠭᠡ ᠬᠤᠪᠢᠰᠬᠠᠯ︾ ᠤᠨ ᠲᠤᠮᠲᠡ ᠲᠠᠯᠬᠢᠬᠳᠠᠵᠦ ᠡᠪᠳᠡᠭᠳᠡᠭᠡᠳ ᠪᠠᠭᠤᠷᠢ ᠨᠢ ᠦᠨᠦ ᠶᠢᠨ ᠲᠠᠷᠬᠠᠨ ᠮᠤᠤᠮᠢᠩᠭᠠᠨ ᠬᠤᠰᠢᠭᠤᠨ ᠤ ᠤᠯᠠᠭᠠᠨ ᠲᠤᠭ ᠮᠠᠯᠵᠢᠯ ᠤᠨ ᠲᠠᠯᠠᠪᠠᠢ ᠶᠢᠨ ᠤᠯᠠᠨ ᠬᠤᠳᠳᠤᠭ ᠤᠨ ᠪᠠᠷᠠᠭᠤᠨ ᠬᠤᠶᠢᠨ᠎ᠡ 1 ᠺᠢᠯᠤᠮᠧᠲᠷ ᠵᠠᠶᠢᠳᠠᠢ ᠠᠭᠤᠯᠠᠨ ᠬᠢᠷ᠎ᠡ ᠲᠡᠭᠡᠷ᠎ᠡ ᠪᠤᠢ᠃
 
ᠢᠷᠡᠯᠲᠡ᠄ ᠲᠠᠷᠬᠠᠨ ᠮᠤᠤᠮᠢᠩᠭᠠᠨ ᠤ ᠵᠠᠰᠠᠭ ᠤᠨ ᠤᠷᠳᠤᠨ ᠤ ᠮᠤᠩᠭᠤᠯ ᠰᠦᠯᠵᠢᠶ᠎ᠡ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号