ᠨᠠᠶᠢᠷ ᠬᠦᠷ ᠬᠢᠭᠡᠳ ᠦᠨᠡᠨ ᠰᠦᠰᠦᠭ — ᠮᠤᠩᠭᠤᠯ ᠦᠨᠳᠦᠰᠦᠲᠡᠨ ᠤ ᠪᠠᠶᠠᠷ ᠲᠤᠷᠠᠰᠬᠠᠯ ᠤᠨ ᠡᠳᠤᠷ
ᠨᠡᠶᠢᠲᠡᠯᠡᠭᠰᠡᠨ ᠴᠠᠭ᠄
2019-07-18
     ᠮᠤᠩᠭᠤᠯ ᠦᠨᠳᠦᠰᠦᠲᠡᠨ ᠤ ᠪᠠᠶᠠᠷ ᠲᠤᠷᠠᠰᠬᠠᠯ ᠤᠨ ᠡᠳᠤᠷ ᠮᠠᠰᠢ ᠤᠯᠠᠨ ᠪᠠᠶᠢᠳᠠᠭ᠃ ᠲᠡᠷᠡ ᠲᠤᠮᠲᠡ ᠪᠠᠨ ᠬᠡᠪᠴᠢᠶ᠎ᠡ ᠪᠠᠷ ᠨᠠᠯᠢᠶᠠᠳ ᠶᠡᠭᠡ ᠨᠢ ᠴᠠᠭᠠᠨ ᠰᠡᠷ᠎ᠡ᠂ ᠨᠠᠭᠠᠳᠤᠮ ᠤᠨ ᠬᠤᠷᠡᠯ᠂ ᠤᠪᠤᠭᠠᠨ ᠲᠠᠬᠢᠯᠭ᠎ᠠ᠂ ᠴᠢᠩᠭᠢᠰ ᠬᠠᠭᠠᠨ  ᠤ ᠤᠩᠭᠤᠨ ᠤ ᠲᠠᠬᠢᠯᠭ᠎ᠠ ᠵᠡᠷᠭᠡ ᠪᠤᠯᠤᠨ᠎ᠡ᠃      ᠴᠠᠭᠠᠨ ᠰᠡᠷ᠎ᠡ    ᠮᠤᠩᠭᠤᠯᠴᠤᠳ ᠴᠠᠭᠠᠨ ᠰᠡᠷ᠎ᠡ ᠶᠢ ︽ᠴᠠᠭᠠᠵᠠᠯᠬᠤ︾ ᠭᠡᠲᠡᠭ᠃ ᠪᠢᠯᠢᠭ ᠤᠨ ᠤᠯᠠᠷᠢᠯ ᠤᠨ ᠡᠬᠢᠨ ᠰᠡᠷ᠎ᠡ ᠶᠢ ᠮᠤᠩᠭᠤᠯᠴᠤᠳ ᠴᠠᠭᠠᠨ ᠰᠡᠷ᠎ᠡ ᠭᠡᠲᠡᠭ᠃ ᠡᠨᠡ ᠨᠢ ᠮᠤᠩᠭᠤᠯᠴᠤᠳ ᠴᠠᠭᠠᠨ ᠦᠩᠭᠡ ᠶᠢ ᠡᠷᠬᠢᠮᠯᠡᠲᠡᠭ  ᠤᠨ ᠤᠴᠢᠷ ᠪᠤᠶᠦ᠃      ︽ᠴᠠᠭᠠᠯᠠᠬᠤ︾ ᠭᠡᠲᠡᠭ ᠨᠢ ᠨᠢᠭᠡ ᠵᠢᠯ ᠤᠨ ᠬᠠᠮᠤᠭ ᠤᠨ ᠶᠡᠭᠡ ᠲᠤᠷᠠᠰᠬᠠᠯ ᠤᠨ ᠡᠳᠤᠷ ᠪᠤᠯᠤᠨ᠎ᠡ᠃ ᠲᠤᠷᠠᠰᠬᠠᠯ  ᠤᠨ ᠡᠳᠤᠷ ᠤᠨ ᠴᠠᠭ ᠬᠤᠭᠤᠴᠠᠭ᠎ᠠ ᠨᠢ ᠴᠠᠭᠠᠨ ᠰᠡᠷ᠎ᠡ ᠲᠠᠢ ᠤᠶᠢᠷᠠᠯᠴᠠᠭ᠎ᠠ ᠪᠠᠶᠢᠳᠠᠭ᠃ ᠰᠦᠨᠢᠵᠢᠨ ᠳ᠋ᠧᠩ ᠵᠤᠯᠠ ᠤᠨᠳᠠᠷᠠᠭᠠᠯ ᠦᠭᠡᠢ ᠲᠤᠳᠤᠨ᠎ᠡ ᠭᠠᠳᠠᠨ᠎ᠡ ᠦᠭᠡᠢ ᠬᠢᠯᠡ ᠴᠢᠯᠡ ᠪᠠᠶᠢᠯᠭᠠᠳᠠᠭ᠃ ᠤᠷᠤᠢ ᠶᠢᠨ ᠬᠤᠭᠤᠯᠠ ᠠᠴᠠ ᠡᠮᠦᠨ᠎ᠡ ᠲᠡᠭᠡᠳᠤᠰ ᠢᠶᠠᠨ ᠲᠠᠬᠢᠳᠠᠭ᠃ ᠡᠩ ᠤᠨ ᠪᠠᠶᠢᠲᠡᠯ ᠳᠤ ᠰᠠᠶᠢᠨ ᠢᠲᠡᠵᠦ ᠰᠠᠶᠢᠨ ᠤᠤᠭᠤᠵᠦ᠂ ᠲᠠᠩᠰᠤᠭ ᠰᠢᠷᠡᠭᠡᠨ ᠤ ᠲᠠᠪᠠᠳᠠᠢ ᠢᠲᠡᠭᠡᠨ ᠠᠴᠠ ᠬᠡᠳᠤᠢ ᠠᠷᠪᠢᠨ ᠦᠯᠡᠲᠡᠪᠡᠯ ᠲᠠᠳᠤᠢ ᠰᠠᠶᠢᠨ ᠪᠡᠯᠭᠡ ᠲᠠᠢ ᠭᠡᠵᠦ ᠦᠵᠡᠲᠡᠭ᠃ ᠡᠨᠡ ᠨᠢ ᠲᠠᠷᠤᠢ ᠰᠢᠨ᠎ᠡ ᠨᠢᠭᠡᠨ ᠵᠢᠯ ᠳᠡᠭᠡᠨ ᠨᠦᠭᠡᠴᠡ ᠲᠠᠢ ᠢᠯᠡᠭᠦᠴᠡ ᠲᠠᠢ ᠪᠠᠶᠢᠬᠤ ᠶᠢᠨ ᠪᠡᠯᠭᠡ ᠲᠡᠮᠪᠡᠷᠢ ᠮᠦᠨ᠃ ᠪᠢᠲᠡᠭᠦᠨ  ᠤ ᠤᠷᠤᠢ ᠪᠠᠭᠠᠴᠤᠤᠯ ᠨᠢ ᠶᠡᠭᠡᠴᠤᠤᠯ᠂ ᠨᠠᠰᠤᠳᠠᠢ ᠬᠦᠮᠦᠰ ᠲᠡᠭᠡᠨ ︽ᠤᠷᠲᠦ ᠨᠠᠰᠤᠯᠠᠵᠦ ᠤᠳᠠᠭᠠᠨ ᠵᠢᠷᠭ᠎ᠠ︾ ᠭᠡᠵᠦ ᠢᠷᠦᠭᠡᠨ ᠵᠦᠩᠨᠡᠵᠦ ᠠᠷᠢᠬᠢ ᠬᠡᠮᠨᠡᠨ ᠪᠠᠷᠢᠳᠠᠭ᠃      ᠰᠢᠨ᠎ᠡ ᠶᠢᠨ ᠨᠢᠭᠡᠨ ᠤ ᠦᠷᠯᠦᠭᠡ ᠡᠷᠲᠡ᠂ ᠡᠷᠲᠡ ᠪᠤᠰᠴᠦ ᠬᠠᠶᠠᠭᠠᠨ ᠳᠠᠭᠠᠨ ᠰᠢᠷᠢᠲᠡᠭ ᠲᠠᠪᠢᠰᠴᠦ ᠰᠢᠷᠡᠭᠡ ᠵᠠᠰᠠᠨ ᠲᠡᠭᠡᠷ᠎ᠡ ᠨᠢ ᠢᠲᠡᠭᠡᠨ ᠤ ᠲᠡᠭᠡᠵᠢ ᠪᠠᠨ ᠦᠷᠦᠨ ᠵᠠᠰᠠᠵᠦ ᠨᠠᠷᠡ ᠮᠠᠨᠳᠤᠬᠤ ᠵᠦᠭ ᠬᠠᠨᠳᠤᠵᠦ ᠲᠡᠭᠷᠢ ᠳᠤ ᠮᠦᠷᠭᠦᠲᠡᠭ᠃ ᠲᠡᠭᠷᠢ ᠳᠤ ᠮᠦᠷᠭᠦᠵᠦ ᠪᠠᠷᠠᠭᠠᠳ ᠬᠡᠷ ᠲᠡᠭᠡᠨ ᠤᠷᠤᠵᠦ ᠪᠤᠷᠬᠠᠨ ᠬᠦᠩᠭᠠᠷᠡᠪᠡ ᠳᠠᠭᠠᠨ ᠬᠦᠵᠢ ᠠᠰᠠᠭᠠᠨ ᠲᠠᠭᠠᠳᠬᠠᠨ ᠮᠦᠷᠭᠦᠭᠡᠳ ᠭᠡᠦᠭᠡᠳ ᠤᠳ ᠨᠢ ᠡᠭᠡ ᠡᠴᠢᠭᠡ ᠲᠡᠭᠡᠳᠤᠰ ᠠᠬᠠᠮᠠᠳ ᠲᠠᠭᠠᠨ ᠬᠠᠳᠠᠭ ᠬᠦᠬᠦᠦᠷ ᠪᠠᠷᠢᠨ ᠮᠦᠷᠭᠦᠨ ᠰᠦᠭᠦᠳᠴᠦ ᠰᠢᠨᠡᠯᠡᠲᠡᠭ ᠪᠠᠶᠢᠨ᠎ᠡ᠃ ᠢᠩᠭᠢᠭᠡᠳ ᠨᠠᠰᠤᠳᠢ ᠠᠬᠠᠮᠠᠳ ᠠᠴᠠ ᠡᠬᠢᠯᠡᠨ ᠴᠠᠢ ᠠᠶᠠᠭᠠᠯᠠᠵᠦ ᠠᠷᠢᠭᠢ ᠬᠡᠮᠨᠡᠨ ᠪᠠᠷᠢᠳᠠᠭ᠃ ᠦᠷᠯᠦᠭᠡ ᠶᠢᠨ ᠴᠠᠢ ᠪᠠᠨ ᠤᠤᠭᠤᠮᠠᠬᠴᠠ ᠰᠢᠨ᠎ᠡ ᠶᠢᠨ ᠬᠤᠪᠴᠠᠰᠦ ᠪᠠᠨ ᠡᠮᠦᠰᠴᠦ᠂ ᠮᠤᠷᠢ ᠲᠡᠮᠡᠭᠡ ᠪᠠᠨ ᠤᠨᠤᠨ ᠲᠠᠪᠤ ᠭᠤᠷᠪᠠᠭᠤᠯᠠ ᠰᠦᠷᠦᠭᠯᠡᠨ ᠠᠶᠢᠯᠴᠢᠯᠡᠵᠦ ᠰᠢᠨᠡᠯᠡᠲᠡᠭ ᠪᠢᠯᠡ᠃      ᠨᠠᠭᠠᠳᠤᠮ    ᠨᠠᠭᠠᠳᠤᠮ ᠤᠨ ᠬᠤᠷᠡᠯ ᠪᠤᠯ ᠮᠤᠩᠭᠤᠯ ᠦᠨᠳᠦᠰᠦᠲᠡᠨ ᠤ ᠬᠠᠮᠤᠭ ᠤᠨ ᠦᠪᠡᠲᠡᠭᠰᠢ ᠪᠠᠶᠠᠷ ᠲᠤᠷᠠᠰᠬᠠᠯ ᠤᠨ ᠡᠳᠤᠷ ᠪᠤᠯᠤᠨ᠎ᠡ᠃      ᠨᠠᠭᠠᠳᠤᠮ ᠤᠨ ᠬᠤᠷᠡᠯ ᠢ ᠡᠩ ᠤᠨ ᠪᠠᠶᠢᠲᠡᠯ ᠳᠤ ᠪᠢᠯᠢᠭ ᠤᠨ ᠤᠯᠠᠷᠢᠯ ᠤᠨ ᠲᠤᠯᠤᠭᠠᠨ ᠰᠡᠷ᠎ᠡ ᠳᠤ ᠶᠠᠪᠤᠭᠤᠯᠳᠠᠭ᠃ ᠡᠨᠡ ᠦᠶ᠎ᠡ ᠳᠤ ᠮᠠᠯᠴᠢᠳ ᠴᠦᠮ ᠬᠦᠭᠰᠢᠨ ᠵᠠᠯᠠᠭᠤ᠂ ᠡᠷᠡᠭᠳᠠᠢ ᠡᠮᠡᠭᠲᠠᠢ ᠦᠭᠡᠢ ᠦᠨᠡᠲᠠᠢ ᠪᠠᠨ ᠡᠳ᠋ᠯᠡᠨ ᠦᠩᠭᠡᠲᠠᠢ ᠪᠠᠨ ᠡᠮᠦᠰᠴᠡᠭᠡᠵᠦ᠂ ᠲᠡᠮᠡᠭᠡ ᠮᠤᠷᠢ ᠤᠨᠤᠵᠦ᠂ ᠲᠡᠷᠭᠡ ᠤᠨᠤᠭ᠎ᠠ ᠪᠠᠨ ᠬᠡᠯᠢᠨ ᠲᠦᠷᠪᠡᠨ ᠵᠦᠭ ᠨᠠᠢᠮᠠᠨ ᠵᠤᠪᠬᠢᠰ ᠠᠴᠠ ᠨᠠᠭᠠᠳᠤᠮ ᠳᠤ ᠴᠤᠬᠯᠠᠷᠡᠵᠠᠭᠠᠳᠠᠭ᠃ ᠨᠠᠭᠠᠳᠤᠮ ᠳᠤ ᠰᠤᠷ ᠬᠠᠷᠪᠤᠬᠤ᠂ ᠪᠦᠭᠡ ᠪᠠᠷᠢᠯᠳᠤᠬᠤ᠂ ᠮᠤᠷᠢ ᠤᠷᠤᠯᠳᠤᠬᠤ ᠵᠡᠷᠭᠡ ᠤᠳᠤᠮᠰᠢᠯᠲᠦ ︽ᠡᠷ᠎ᠡ ᠶᠢᠨ ᠭᠤᠷᠪᠠᠨ ᠨᠠᠭᠠᠳᠤᠮ︾ ᠶᠠᠪᠤᠭᠤᠯᠳᠠᠭ᠃ ᠡᠭᠦᠨ ᠠᠴᠠ ᠭᠠᠳᠠᠨ᠎ᠡ ᠪᠠᠰᠡ ᠡᠯ᠎ᠡ ᠵᠦᠢᠯ ᠤᠨ ᠰᠢᠲᠡᠷ᠎ᠡ ᠪᠤᠯᠤᠨ ᠤᠷᠠᠨ ᠰᠠᠶᠢᠬᠠᠨ ᠤ ᠲᠤᠬᠯᠠᠭᠠᠮ ᠦᠵᠡᠭᠦᠯᠦᠯᠭᠡ ᠭᠠᠷᠭᠠᠳᠠᠭ᠃ ᠨᠠᠭᠠᠳᠤᠮ  ᠤᠨ ᠬᠤᠷᠡᠯ ᠨᠢ ᠪᠠᠷᠤᠭ ᠲᠠᠪᠤ ᠠᠴᠠ ᠲᠤᠯᠤᠭᠠᠨ ᠡᠳᠤᠷ ᠶᠠᠪᠤᠬᠳᠠᠳᠠᠭ᠃ ᠨᠠᠭᠠᠳᠤᠮ ᠤᠨ ᠬᠤᠷᠡᠯ ᠨᠢ ᠠᠷᠪᠠᠨ ᠭᠤᠷᠪᠠᠳᠤᠭᠠᠷ ᠵᠠᠭᠤᠨ ᠠᠴᠠ ᠡᠬᠢᠯᠡᠵᠦ ᠪᠢᠯᠡ᠃ ᠲᠤᠬᠠᠢ ᠶᠢᠨ ᠦᠶ᠎ᠡ ᠳᠤ ᠨᠠᠭᠠᠳᠤᠮ ᠤᠨ ᠬᠤᠷᠡᠯ ᠤᠨ ᠭᠤᠤᠯ ᠠᠭᠤᠯᠭ᠎ᠠ ᠨᠢ ᠰᠤᠷ ᠬᠠᠷᠪᠤᠬᠤ᠂ ᠪᠦᠭᠡ ᠪᠠᠷᠢᠯᠳᠤᠬᠤ᠂ ᠮᠤᠷᠢ ᠤᠷᠤᠯᠳᠤᠬᠤ ᠶᠠᠪᠤᠳᠡᠯ ᠪᠤᠯᠤᠨ᠎ᠡ᠃ ᠡᠲᠦᠭᠡ ᠶᠢᠨ ᠨᠠᠭᠠᠳᠤᠮ ᠤᠨ ᠬᠤᠷᠡᠯ ᠳᠤ ᠡᠳ᠋ ᠪᠣᠳᠠᠰ ᠤᠨ ᠰᠤᠯᠢᠯᠴᠠᠭ᠎ᠠ᠂ ᠤᠷᠠᠨ ᠰᠠᠶᠢᠬᠠᠨ ᠤ ᠲᠤᠬᠯᠠᠯᠲᠡ ᠵᠡᠷᠭᠡ ᠰᠢᠨ᠎ᠡ ᠠᠭᠤᠯᠭ᠎ᠠ ᠨᠡᠮᠡᠭᠲᠡᠭᠰᠡᠨ ᠪᠠᠶᠢᠨ᠎ᠡ᠃ ᠢᠩᠭᠢᠭᠰᠡᠨ ᠢᠶᠠᠷ ᠤᠳᠤᠮᠰᠢᠯᠲᠦ ᠨᠠᠭᠠᠳᠤᠮ ᠤᠨ ᠬᠤᠷᠡᠯ ᠨᠢ ᠤᠯᠠᠮ ᠦᠯᠵᠠᠢ ᠪᠡᠯᠭᠡ ᠲᠠᠢ᠂ ᠪᠠᠶᠠᠷ ᠪᠠᠶᠠᠰᠬᠤᠯᠠᠩ ᠲᠠᠢ᠂ ᠪᠠᠶᠠᠯᠢᠭ ᠠᠭᠤᠯᠭ᠎ᠠ ᠲᠠᠢ ᠪᠤᠯᠤᠭᠰᠡᠨ ᠠᠵᠢ᠃      ᠪᠦᠭᠡ ᠪᠠᠷᠢᠯᠳᠤᠬᠤ ᠨᠢ ᠨᠠᠭᠠᠳᠤᠮ ᠤᠨ ᠬᠤᠷᠡᠯ ᠤᠨ ᠴᠢᠬᠤᠯᠠ ᠠᠭᠤᠯᠭ᠎ᠠ ᠶᠢᠨ ᠨᠢᠭᠡ ᠪᠤᠯᠤᠨ᠎ᠡ᠃ ᠪᠦᠭᠡ ᠪᠠᠷᠢᠯᠳᠤᠬᠤ ᠦᠭᠡᠢ ᠪᠤᠯ ᠨᠠᠭᠠᠳᠤᠮ ᠤᠨ ᠬᠤᠷᠡᠯ ᠭᠡᠵᠦ ᠬᠡᠯᠡᠬᠦ ᠦᠭᠡᠢ᠃ ᠪᠦᠭᠡ ᠪᠠᠷᠢᠯᠳᠤᠬᠤ ᠳᠤ ᠭᠤᠴᠢᠨ ᠬᠤᠶᠠᠷ᠂ ᠵᠢᠷᠠᠨ ᠲᠦᠷᠪᠡ ᠁ ᠬᠡᠵᠦ ᠨᠤᠭᠤᠯᠤᠨ ᠮᠢᠩᠭ᠎ᠠ ᠬᠤᠷᠢᠨ ᠲᠦᠷᠪᠡ᠂ ᠬᠤᠶᠠᠷ ᠮᠢᠩᠭ᠎ᠠ ᠲᠦᠴᠢᠨ ᠨᠠᠢᠮᠠ ᠁ ᠬᠦᠷᠲᠡᠯ᠎ᠡ ᠪᠠᠶᠢᠳᠠᠭ᠃ ᠭᠠᠵᠠᠷ ᠤᠷᠤᠨ᠂ ᠪᠡᠶ᠎ᠡ ᠶᠢᠨ ᠵᠢᠩ ᠤᠨ ᠬᠢᠵᠠᠭᠠᠷᠯᠠᠯ ᠪᠠᠶᠢᠳᠠᠭ ᠦᠭᠡᠢ᠃ ᠮᠤᠩᠭᠤᠯ ᠦᠨᠳᠦᠰᠦᠲᠡᠨ ᠤ ᠪᠦᠭᠡ ᠳᠤ ᠪᠦᠭᠡ ᠲᠠᠷᠬᠠᠯᠠᠳᠠᠭ ᠶᠤᠰᠤ ᠪᠤᠢ᠃ ᠡᠨᠡ ᠨᠢ ᠪᠦᠭᠡ ᠬᠦᠮᠦᠨ ᠤ ᠨᠠᠰᠤᠨ ᠲᠤᠷᠰᠢᠲᠡ  ᠶᠢᠨ ᠢᠷᠡᠭᠤ ᠠᠯᠳᠠᠷ ᠮᠦᠨ᠃ ᠪᠦᠭᠡ ᠲᠠᠷᠬᠠᠯᠠᠬᠤ ᠳᠤ ᠪᠦᠭᠡ ᠶᠢᠨ ᠦᠵᠡᠭᠦᠯᠦᠯᠭᠡ ᠭᠠᠷᠭᠠᠨ ᠪᠦᠭᠡ ᠶᠢᠨ ᠢᠷᠦᠭᠡᠯ ᠲᠠᠯᠪᠢᠵᠦ᠂ ᠲᠠᠷᠬᠠᠯᠠᠬᠳᠠᠬᠤ ᠪᠦᠭᠡ ᠳᠤ ᠵᠠᠩᠬᠢᠶ᠎ᠡ ᠵᠡᠭᠦᠯᠭᠡᠨ ᠦᠨᠡᠮᠯᠡᠯ ᠱᠠᠩᠨᠠᠯ ᠬᠦᠷᠲᠡᠭᠡᠵᠦ᠂ ᠮᠤᠩᠭᠤᠯ ᠶᠤᠰᠤᠭᠠᠷ ᠰᠠᠭᠠᠯᠢ ᠶᠢᠨ ᠠᠷᠢᠬᠢ ᠬᠡᠮᠨᠡᠨ ᠪᠠᠷᠢᠳᠠᠭ᠃ ᠡᠨᠡ ᠦᠶ᠎ᠡ ᠳᠤ ᠲᠠᠷᠬᠠᠯᠠᠬᠳᠠᠭᠰᠡᠨ ᠪᠦᠭᠡ ᠨᠢ ᠦᠪᠡᠷ ᠤᠨ ᠦᠵᠡᠵᠦ ᠲᠤᠭᠤᠭᠰᠡᠨ ᠢᠳᠡᠷ ᠵᠠᠯᠠᠭᠤ ᠪᠦᠭᠡᠴᠢᠨ ᠳᠡᠭᠡᠨ ᠵᠠᠩᠬᠢᠶ᠎ᠡ ᠵᠤᠳᠤᠭ ᠢᠶᠠᠨ ᠶᠡᠭᠦᠯᠡᠨ ᠪᠡᠯᠡᠭᠯᠡᠲᠡᠭ᠃ ᠲᠡᠭᠡᠭᠡᠳ ᠴᠠᠭᠠᠳᠤᠬᠢ ᠶᠢᠨ ᠢᠶᠠᠨ ᠠᠪᠤᠷᠭᠤ ᠪᠦᠭᠡᠴᠢᠨ ᠪᠤᠯᠬᠤ ᠶᠢ ᠨᠢ ᠪᠡᠯᠭᠡᠲᠡᠨ ᠲᠠᠪᠠᠷᠢᠵᠦ ᠶᠤᠰᠤ ᠬᠢᠭᠡᠳ ᠦᠪᠡᠷ ᠤᠨ ᠬᠡᠪ ᠨᠠᠮᠪᠡ ᠪᠠᠨ ᠭᠠᠶᠢᠬᠠᠭᠤᠯᠤᠨ ᠲᠡᠪᠢᠭᠰᠡᠭᠡᠷ ᠲᠠᠯᠠᠪᠠᠢ ᠠᠴᠠ ᠭᠠᠷᠳᠠᠭ᠃      ᠤᠪᠤᠭᠠᠨ ᠲᠠᠬᠢᠯᠭ᠎ᠠ    ᠤᠪᠤᠭ᠎ᠠ ᠪᠤᠯ ᠨᠡᠭᠦᠲᠡᠯ ᠮᠠᠯᠵᠢᠯ ᠲᠡᠯ᠎ᠡ ᠨᠤᠳᠤᠭ ᠤᠨ ᠭᠠᠵᠠᠷ ᠤᠨ ᠵᠠᠭᠠᠭ ᠪᠤᠶᠦ ᠵᠠᠮ ᠬᠠᠷᠭᠤᠢ ᠶᠢᠨ ᠲᠡᠮᠲᠡᠭ ᠪᠤᠯᠭᠠᠭᠰᠡᠨ ᠰᠢᠷᠤᠢ ᠴᠢᠯᠠᠭᠤ ᠵᠡᠷᠭᠡ ᠪᠠᠷ ᠤᠪᠤᠭᠠᠯᠠᠵᠦ ᠬᠦᠲᠦᠶᠢᠯᠭᠡᠭᠰᠡᠨ ᠭᠠᠵᠠᠷ ᠢ ᠬᠡᠯᠡᠲᠡᠭ᠃ ᠰᠡᠭᠦᠯ ᠳᠡᠭᠡᠨ ᠤᠩᠭᠤᠳ ᠰᠠᠬᠢᠭᠤᠰᠦ ᠶᠢᠨ ᠤᠷᠤᠰᠢᠲᠠᠭ ᠭᠠᠵᠠᠷ ᠪᠤᠯᠵᠦ ᠤᠯᠠᠷᠢᠬᠰᠡᠨ ᠠᠴᠠ ᠬᠦᠮᠦᠰ ᠪᠦᠷ ᠰᠦᠰᠦᠭᠯᠡᠨ ᠲᠠᠬᠢᠳᠠᠭ ᠪᠤᠯᠵᠠᠢ᠃ ᠡᠶᠢᠨ ᠬᠦ ᠤᠪᠤᠭᠠᠨ ᠤ ᠲᠡᠷᠭᠡᠳᠡᠭᠦᠷ ᠦᠩᠭᠡᠷᠡᠬᠦ ᠦᠶ᠎ᠡ ᠳᠤ ᠬᠤᠯᠠ ᠠᠴᠠ ᠮᠤᠷᠢᠨ ᠠᠴᠠ ᠪᠠᠨ ᠪᠠᠭᠤᠵᠦ ᠮᠦᠷᠭᠦᠨ ᠰᠦᠰᠦᠭᠯᠡᠲᠡᠭ᠃ ᠤᠪᠤᠭ᠎ᠠ ᠶᠢ ᠤᠯᠠᠩᠬᠢ ᠳᠠᠭᠠᠨ ᠦᠨᠳᠦᠷ ᠲᠡᠨᠵᠢᠷᠭᠡᠭ ᠭᠠᠵᠠᠷ ᠴᠢᠯᠠᠭᠤ ᠤᠪᠤᠭᠠᠯᠠᠨ ᠪᠤᠰᠬᠠᠳᠠᠭ ᠪᠤᠶᠦ ᠪᠠᠰᠡ ᠵᠠᠷᠢᠮ ᠭᠠᠵᠠᠷ ᠪᠤᠷᠭᠠᠰᠤᠨ ᠤ ᠨᠠᠮᠠᠭ᠎ᠠ ᠪᠠᠷ ᠬᠦᠷᠢᠶᠠᠯᠠᠨ ᠴᠢᠮᠡᠭᠯᠡᠵᠦ᠂ ᠲᠤᠮᠳᠠ ᠨᠢ ᠬᠠᠶᠢᠷ ᠰᠢᠷᠤᠢ ᠲᠦᠭᠦᠷᠭᠡᠲᠡᠭ ᠴᠦ ᠪᠤᠢ᠃ ᠡᠩ ᠤᠨ ᠪᠠᠶᠢᠲᠡᠯ ᠳᠤ ᠲᠤᠭᠤᠷᠢᠭ ᠬᠡᠯᠪᠡᠷᠢᠲᠠᠢ ᠪᠤᠶᠦ ᠱᠤᠪᠤᠯᠵᠢᠨ ᠤᠷᠤᠢ ᠲᠠᠢ ᠲᠦᠷᠪᠠᠯᠵᠢᠨ ᠰᠠᠭᠤᠷᠢ ᠲᠠᠢ ᠪᠠᠶᠢᠳᠠᠭ ᠪᠢᠯᠡ᠂ ᠪᠠᠰᠡ ᠤᠪᠤᠭᠠᠨ ᠤ ᠤᠷᠤᠢ ᠶᠢ ᠪᠤᠷᠭᠠᠰᠦ ᠵᠡᠷᠭᠡ ᠮᠤᠳᠤᠨ ᠤ ᠨᠠᠮᠠᠭ᠎ᠠ ᠪᠠᠷ ᠵᠢᠮᠰᠡᠭᠯᠡᠨ ᠡᠯᠲᠡᠪ ᠦᠩᠭᠡ ᠶᠢᠨ ᠲᠠᠷᠴᠤᠭ ᠬᠢᠬᠢᠷᠢ ᠬᠡᠶᠢᠰᠭᠡᠭᠰᠡᠨ ᠪᠠᠶᠢᠳᠠᠭ᠃ ᠤᠪᠤᠭᠠᠨ ᠤ ᠲᠤᠳᠤᠷ᠎ᠡ ᠨᠢ ᠲᠠᠪᠤᠨ ᠲᠠᠷᠢᠶᠠᠨ ᠦᠷ᠎ᠡ ᠪᠤᠶᠦ ᠪᠠᠰᠡ ᠵᠠᠷᠢᠮ ᠨᠢ ᠨᠤᠮᠤ ᠰᠤᠮᠤ ᠰᠠᠭᠠᠳᠠᠭ ᠲᠠᠯᠪᠢᠵᠦ᠂ ᠪᠠᠰᠡ ᠪᠤᠷᠬᠠᠨ ᠤ ᠬᠦᠷᠦᠭ ᠤᠷᠤᠰᠢᠭᠤᠯᠤᠭᠰᠡᠨ ᠪᠠᠶᠢᠳᠠᠭ᠃ ᠤᠪᠤᠭᠠᠨ ᠤ ᠶᠡᠭᠡ ᠪᠠᠭ᠎ᠠ ᠤᠯᠠᠨ ᠴᠦᠭᠡᠨ ᠨᠢ ᠠᠳᠠᠯᠢ ᠦᠭᠡᠢ᠃ ᠤᠯᠠᠩᠬᠢ ᠳᠠᠭᠠᠨ ᠭᠤᠤᠯ ᠤᠪᠤᠭᠠᠨ ᠤ ᠪᠠᠨ ᠲᠤᠭᠤᠷᠢᠨ ᠳᠤ ᠲᠤᠯᠤᠭ᠎ᠠ ᠪᠤᠶᠦ ᠠᠷᠪᠠᠨ ᠭᠤᠷᠪᠠᠨ ᠤᠪᠤᠭ᠎ᠠ  ᠪᠠᠷ ᠪᠦᠷᠢᠯᠳᠤᠳᠡᠭ᠃ ᠤᠪᠤᠭᠠᠨ ᠲᠠᠬᠢᠯᠭ᠎ᠠ ᠨᠢ ᠠᠭᠤᠯᠠ ᠤᠰᠤᠨ ᠤ ᠤᠩᠭᠤᠳ ᠰᠠᠬᠢᠭᠤᠰᠦ ᠶᠢ ᠰᠢᠳᠦᠨ ᠲᠠᠬᠢᠵᠦ᠂ ᠤᠰᠤ ᠪᠤᠷᠤᠭᠠᠨ ᠭᠤᠶᠦᠨ ᠡᠪᠡᠰᠦ ᠪᠡᠯᠴᠢᠭᠡᠷ ᠦᠨᠳᠦᠷ ᠤᠷᠭᠤᠬᠤ ᠶᠢ ᠪᠡᠯᠭᠡᠲᠡᠨ ᠵᠢᠯ ᠤᠨ ᠦᠭᠡᠲᠡ ᠡᠰᠡᠷᠡᠭ ᠪᠤᠯᠬᠤ  ᠶᠢ ᠵᠦᠩᠨᠡᠲᠡᠭ ᠠᠵᠢ︕ ᠤᠪᠤᠭᠠᠨ ᠲᠠᠬᠢᠯᠭ᠎ᠠ ᠨᠢ ᠵᠢᠯ ᠳᠤ ᠨᠢᠭᠡ ᠤᠳᠠᠭ᠎ᠠ ᠶᠠᠪᠤᠬᠳᠠᠵᠦ᠂ ᠭᠠᠵᠠᠷ ᠭᠠᠵᠠᠷ ᠤᠨ ᠲᠠᠬᠢᠯᠭ᠎ᠠ ᠶᠢᠨ ᠡᠳᠤᠷ ᠪᠦᠷ ᠠᠳᠠᠯᠢ ᠦᠭᠡᠢ ᠪᠠᠶᠢᠳᠠᠭ᠃ ᠤᠯᠠᠩᠬᠢ ᠨᠢ ᠪᠢᠯᠢᠭ ᠤᠨ ᠤᠯᠠᠷᠢᠯ ᠤᠨ ᠲᠦᠷᠪᠡ᠂ ᠲᠠᠪᠤᠨ ᠰᠡᠷ᠎ᠡ ᠶᠢᠨ ᠰᠠᠶᠢᠨ ᠪᠡᠯᠭᠡᠲᠦ ᠡᠳᠤᠷ ᠢ ᠰᠤᠩᠭᠤᠵᠦ ᠤᠪᠤᠭ᠎ᠠ ᠪᠠᠨ ᠲᠠᠬᠢᠳᠠᠭ᠃ ᠲᠠᠬᠢᠯᠭ᠎ᠠ ᠶᠢᠨ ᠡᠳᠤᠷ ᠪᠤᠯᠤᠭᠰᠠᠭᠠᠷ ᠰᠤᠮᠤ ᠬᠤᠰᠢᠭᠤᠨ ᠤ ᠬᠢᠨ ᠪᠡ ᠬᠦᠷᠰᠢ ᠵᠡᠷᠭᠡᠯᠡᠲᠡᠭᠡ ᠬᠤᠰᠢᠭᠤᠨ ᠤ ᠬᠦᠮᠦᠰ ᠴᠦ ᠬᠦᠭᠰᠢᠨ ᠵᠠᠯᠠᠭᠤ ᠦᠭᠡᠢ ᠪᠦᠭᠦᠲᠡᠭᠡᠷ ᠬᠦᠷᠦᠯᠴᠠᠨ ᠢᠷᠡᠵᠦ ᠬᠠᠳᠠᠭ ᠡᠷᠭᠦᠨ᠂ ᠤᠭᠤᠴᠠ ᠰᠢᠭᠦᠰᠦ᠂ ᠰᠠᠭᠠᠯᠢ ᠶᠢᠨ ᠰᠠᠷᠬᠤᠳ᠂ ᠴᠠᠭᠠᠨ ᠢᠲᠡᠭᠡ ᠵᠡᠷᠭᠡ ᠢᠲᠡᠭᠡᠨ ᠤᠮᠳᠠᠭᠠᠨ ᠢ ᠲᠡᠭᠡᠵᠢᠯᠠᠨ ᠲᠠᠬᠢᠵᠦ ᠮᠦᠷᠭᠦᠨ ᠰᠢᠲᠦᠲᠡᠭ᠃ ᠯᠠᠮᠠ ᠨᠠᠷ ᠪᠠᠰᠡ ᠤᠪᠤᠭᠠᠨ ᠤ ᠢᠷᠦᠭᠡᠯ ᠤᠩᠰᠢᠵᠦ ᠲᠠᠬᠢᠯᠭ᠎ᠠ ᠳᠤ ᠬᠦᠭ ᠨᠡᠮᠡᠲᠡᠭ ᠪᠠᠶᠢᠨ᠎ᠡ᠃ ᠬᠦᠮᠦᠰ ᠤᠪᠤᠭᠠᠨ ᠳᠤ ᠴᠢᠯᠠᠭᠤ ᠨᠠᠮᠠᠷᠢᠯᠡᠨ ᠪᠤᠷᠭᠠᠰᠤᠨ ᠤ ᠨᠠᠶᠢᠯᠵᠠᠭᠤᠷ ᠢᠶᠠᠷ ᠤᠪᠤᠭᠠᠨ ᠤ ᠤᠷᠤᠢ ᠶᠢ ᠵᠢᠮᠰᠡᠭᠯᠡᠵᠦ᠂ ᠲᠠᠪᠤᠨ ᠦᠩᠭᠡᠲᠦ ᠲᠠᠯᠪᠠᠭ᠎ᠠ᠂ ᠲᠠᠷᠴᠤᠭ ᠬᠢᠬᠢᠷᠢ ᠬᠡᠶᠢᠰᠭᠡᠨ ᠦᠨᠡᠭᠡᠷ ᠭᠤᠶᠤᠮᠰᠤᠭ ᠪᠤᠯᠭᠠᠨ᠎ᠡ᠃ ᠮᠦᠷᠭᠦᠯᠴᠢᠳ ᠤᠪᠤᠭ᠎ᠠ ᠪᠠᠨ ᠨᠠᠷᠡᠨ ᠵᠦᠭ ᠭᠤᠷᠪᠠᠨᠲᠡ ᠡᠷᠬᠢᠵᠦ ᠬᠦᠮᠦᠨ ᠮᠠᠯ ᠠᠮᠦᠷ ᠲᠠᠶᠢᠪᠦᠩ᠂ ᠠᠮᠢᠳᠤᠷᠡᠯ ᠦᠭᠡᠲᠡᠷᠡᠭ ᠪᠠᠶᠢᠬᠤ ᠶᠢ ᠲᠠᠭᠠᠳᠬᠠᠨ ᠬᠦᠰᠡᠲᠡᠭ᠃ ᠤᠪᠤᠭᠠᠨ ᠲᠠᠬᠢᠯᠭ᠎ᠠ ᠲᠠᠭᠤᠰᠤᠮᠠᠭᠴᠡ ᠮᠤᠷᠢ ᠤᠷᠤᠯᠳᠤᠬᠤ᠂ ᠪᠦᠭᠡ ᠪᠠᠷᠢᠯᠳᠤᠬᠤ᠂ ᠰᠤᠷ ᠬᠠᠷᠪᠤᠬᠤ᠂ ᠪᠢᠯᠠᠭᠤ ᠰᠢᠲᠡᠬᠦ ᠮᠡᠲᠦ ᠶᠢᠨ ᠤᠷᠤᠯᠳᠤᠭᠠᠨ ᠮᠦᠷᠦᠶᠢᠴᠡᠭᠡᠨ ᠶᠠᠪᠤᠭᠤᠯᠤᠨ᠂ ᠲᠠᠭᠤᠤ ᠲᠠᠭᠤᠯᠠᠵᠦ ᠪᠦᠵᠢᠭ ᠪᠦᠵᠢᠭᠯᠡᠲᠡᠭ᠃      ᠴᠢᠩᠬᠢᠰ ᠬᠠᠭᠠᠨ ᠤ ᠤᠩᠭᠤᠨ ᠤ ᠲᠠᠬᠢᠯᠭ᠎ᠠ    ᠮᠤᠩᠭᠤᠯᠴᠤᠳ ᠴᠢᠩᠭᠢᠰ ᠬᠠᠭᠠᠨ ᠢ ᠲᠠᠬᠢᠳᠠᠭ ᠵᠠᠩᠰᠢᠯ ᠨᠢ ᠬᠠᠮᠤᠭ ᠡᠷᠲᠡ ᠬᠤᠪᠢᠯᠠᠢ ᠬᠠᠭᠠᠨ ᠤ ᠦᠶ᠎ᠡ ᠳᠤ ᠡᠬᠢᠯᠡᠵᠠᠢ᠃ ᠬᠤᠪᠢᠯᠠᠢ ᠶᠢᠨ ᠦᠶ᠎ᠡ ᠳᠤ ᠵᠢᠩᠭᠢᠨᠢ ᠵᠠᠷᠯᠢᠭ ᠤᠨ ᠪᠢᠴᠢᠭ ᠪᠠᠭᠤᠯᠭᠠᠵᠦ᠂ ᠴᠢᠩᠭᠢᠰ ᠲᠡᠭᠡᠳᠤᠰ ᠢ ᠲᠠᠬᠢᠬᠤ ᠲᠦᠷᠢᠮ ᠲᠤᠬᠳᠠᠭᠠᠯ ᠭᠠᠷᠭᠠᠵᠦ᠂ ᠤᠯᠠᠮ ᠤᠯᠠᠮ ᠢᠶᠠᠷ ᠪᠦᠷᠢᠨ ᠲᠦᠬᠦᠷᠵᠢᠭᠦᠯᠪᠡ᠃ ᠡᠲᠦᠭᠡ ᠶᠢᠨ ᠡᠵᠡᠨ ᠬᠤᠷᠤᠭ᠎ᠠ ᠳᠠᠬᠢ ᠴᠢᠩᠭᠢᠰ ᠤᠨ ᠣᠩᠭᠤᠨ ᠤ ᠲᠠᠬᠢᠯᠭ᠎ᠠ ᠪᠤᠯ ᠡᠷᠲᠡ ᠲᠡᠭᠡᠲᠦ ᠠᠴᠠ ᠤᠯᠠᠮᠵᠢᠯᠠᠭᠰᠡᠨ ᠲᠠᠬᠢᠯᠭ᠎ᠠ ᠶᠤᠮ᠃ ᠡᠭᠦᠨ ᠳᠤ ᠡᠩ ᠤᠨ ᠲᠠᠬᠢᠯᠭ᠎ᠠ᠂ ᠰᠡᠷ᠎ᠡ ᠶᠢᠨ ᠲᠠᠬᠢᠯᠭ᠎ᠠ ᠪᠤᠯᠤᠨ ᠤᠯᠠᠷᠢᠯ ᠤᠨ ᠲᠠᠬᠢᠯᠭ᠎ᠠ ᠭᠡᠵᠦ ᠪᠦᠷ ᠲᠤᠬᠳᠠᠭᠰᠡᠨ ᠡᠳᠤᠷ ᠪᠠᠶᠢᠳᠠᠭ᠃ ᠲᠠᠬᠢᠯᠭ᠎ᠠ ᠲᠡᠭᠡᠷ᠎ᠡ ᠤᠭᠤᠴᠡ᠂ ᠠᠷᠢᠭᠢᠨ ᠤ ᠲᠡᠭᠡᠵᠢ ᠪᠤᠯᠤᠨ ᠴᠠᠭᠠᠨ ᠢᠲᠡᠭᠡ ᠡᠷᠭᠦᠨ ᠦᠪᠡᠲᠡᠭᠰᠢ ᠶᠡᠭᠡ ᠶᠤᠰᠤᠯᠡᠯ ᠶᠠᠪᠤᠬᠳᠠᠭᠤᠯᠳᠠᠭ᠃ ᠴᠢᠩᠭᠢᠰ ᠬᠠᠭᠠᠨ ᠤ ᠤᠩᠭᠤᠨ ᠤ ᠲᠠᠬᠢᠯᠭ᠎ᠠ ᠪᠤᠯ ᠮᠤᠩᠭᠤᠯᠴᠤᠳ ᠤᠨ ᠰᠦᠷ ᠲᠠᠯᠠᠶᠢᠴᠠ ᠲᠠᠢ᠂ ᠬᠠᠮᠤᠭ ᠤᠨ ᠲᠦᠪ ᠬᠢᠴᠢᠶᠠᠩᠭᠦᠢ ᠲᠠᠬᠢᠯᠭ᠎ᠠ ᠶᠢᠨ ᠶᠤᠰᠤᠯᠡᠯ ᠪᠤᠯᠤᠨ᠎ᠡ᠃ ᠲᠠᠬᠢᠯᠭ᠎ᠠ ᠶᠢᠨ ᠡᠳᠤᠷ ᠲᠤ ᠮᠠᠯᠴᠢᠨ ᠲᠦᠮᠡᠨ ᠰᠠᠶᠢᠬᠠᠨ ᠢᠶᠠᠨ ᠡᠮᠦᠰᠴᠦ ᠰᠠᠶᠢᠨ ᠢᠶᠠᠨ ᠡᠳ᠋ᠯᠡᠨ ᠲᠦᠷᠪᠠᠨ ᠵᠦᠭ ᠨᠠᠢᠮᠠᠨ ᠵᠤᠪᠬᠢᠰ ᠠᠴᠠ ᠬᠤᠷᠠᠨ ᠴᠤᠬᠯᠠᠷᠡᠵᠦ᠂ ᠴᠢᠩᠭᠢᠰ ᠤᠨ ᠬᠦᠷᠦᠭ ᠲᠤ ᠬᠠᠳᠠᠭ ᠰᠠᠮᠪᠠᠢ᠂ ᠴᠠᠭᠠᠨ ᠢᠲᠡᠭᠡᠨ ᠬᠠᠮᠤᠭ ᠠᠮᠲᠡᠲᠡᠨ ᠢ ᠡᠷᠭᠦᠨ ᠲᠡᠪᠰᠢᠭᠦᠯᠵᠦ ᠰᠦᠭᠦᠳᠦᠨ ᠮᠦᠷᠭᠦᠵᠡᠭᠡᠲᠡᠭ᠃ ᠴᠢᠩᠭᠢᠰ ᠤᠨ ᠤᠩᠭᠤᠨ ᠳᠤ ᠶᠠᠪᠤᠬᠳᠠᠳᠠᠭ ᠬᠠᠮᠤᠭ ᠤᠨ ᠶᠡᠭᠡ ᠲᠠᠬᠢᠯᠭ᠎ᠠ ᠪᠤᠯ ᠵᠢᠯ ᠪᠦᠷᠢ ᠶᠢᠨ ᠪᠢᠯᠢᠭ ᠤᠨ ᠭᠤᠷᠪᠠᠨ ᠰᠡᠷ᠎ᠡ ᠶᠢᠨ ᠬᠤᠷᠢᠨ ᠨᠢᠭᠡᠨ ᠳᠤ ᠶᠠᠪᠤᠬᠳᠠᠳᠠᠭ ᠴᠠᠭᠠᠨ ᠰᠦᠯᠲᠡ ᠶᠢᠨ ᠶᠡᠭᠡ ᠲᠠᠶᠢᠯᠭ᠎ᠠ ᠪᠤᠯᠤᠨ᠎ᠡ᠃                          ︽ᠮᠤᠩᠭᠤᠯ ᠰᠤᠶᠤᠯ ᠤᠨ ᠲᠠᠶᠢᠯᠦᠮᠵᠢ︾ ᠨᠤᠮ ᠠᠴᠠ ᠨᠠᠶᠢᠷᠠᠭᠤᠯᠤᠨ ᠪᠠᠭᠤᠯᠭᠠᠪᠡ
 
ᠢᠷᠡᠯᠲᠡ᠄ ᠲᠠᠷᠬᠠᠨ ᠮᠤᠤᠮᠢᠩᠭᠠᠨ ᠤ ᠵᠠᠰᠠᠭ ᠤᠨ ᠤᠷᠳᠤᠨ ᠤ ᠮᠤᠩᠭᠤᠯ ᠰᠦᠯᠵᠢᠶ᠎ᠡ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号