ᠵᠡᠭᠡᠰᠦᠲᠠᠢ ᠶᠢᠨ ᠰᠦᠮ᠎ᠡ ︵ᠬᠤᠢ︶
ᠨᠡᠶᠢᠲᠡᠯᠡᠭᠰᠡᠨ ᠴᠠᠭ᠄
2019-07-16
     ᠡᠨᠡ ᠰᠦᠮ᠎ᠡ ᠶᠢ ᠵᠡᠭᠡᠰᠦᠲᠠᠢ ᠬᠡᠲᠡᠭ ᠭᠠᠵᠠᠷ ᠪᠠᠶᠢᠭᠤᠯᠤᠭᠰᠡᠨ ᠢᠶᠠᠷ ᠵᠡᠭᠡᠰᠦᠳᠠᠢ ᠰᠦᠮ᠎ᠡ ᠭᠡᠵᠦ ᠨᠠᠷᠡᠯᠡᠵᠦ ᠪᠢᠯᠡ᠃ ᠲᠤᠰ ᠰᠦᠮ᠎ᠡ ᠶᠢ ᠠᠯᠢ ᠡᠷᠲᠡ ᠡᠪᠲᠡᠵᠦ ᠲᠠᠯᠬᠢᠬᠰᠡᠨ ᠢᠶᠠᠷ ᠡᠵᠡᠨ ᠬᠠᠭᠠᠨ ᠤ ᠢᠯᠡᠷᠭᠡᠶᠢᠯᠡᠯ ᠪᠠᠶᠢᠬᠰᠡᠨ ᠡᠰᠡᠬᠦ ᠶᠢ ᠮᠡᠲᠡᠬᠦ ᠠᠷᠭ᠎ᠠ ᠦᠭᠡᠢ ᠪᠤᠯᠵᠠᠢ᠃ ᠲᠤᠰ ᠰᠦᠮ᠎ᠡ ᠶᠢ ᠲᠦᠷᠦ ᠬᠡᠷᠡᠯᠲᠦ ᠶᠢᠨ ᠶᠢᠰᠦᠳᠤᠭᠡᠷ ᠤᠨ ︵1829 ᠤᠨ︶ ᠳᠤ ᠮᠤᠤᠮᠢᠩᠭᠠᠨ ᠬᠤᠰᠢᠭᠤᠨ ᠤ ᠵᠢᠷᠭᠤᠳᠤᠭᠠᠷ ᠦᠶ᠎ᠡ ᠶᠢᠨ ᠵᠠᠰᠠᠭ ᠲᠠᠳᠪᠠᠵᠠᠮᠰᠦ ᠶᠢᠨ ᠦᠶ᠎ᠡ ᠳᠤ ᠤᠳᠤ  ᠶᠢᠨ ᠰᠢᠨᠡᠪᠤᠯᠠᠭ ᠰᠤᠮᠤᠨ ᠤᠨ ᠨᠠᠷᠠᠨᠪᠤᠯᠠᠭ ᠠᠭᠤᠯᠠ ᠶᠢᠨ ᠪᠠᠷᠠᠭᠤᠨ ᠡᠩᠭᠡᠷ ᠲᠤ ᠪᠠᠶᠢᠭᠤᠯᠵᠠᠢ᠃      ᠲᠤᠰ ᠰᠦᠮ᠎ᠡ ᠲᠦᠪᠡᠳ ᠨᠤᠮ ᠤᠨ ᠤᠩᠰᠢᠯᠭ᠎ᠠ ᠲᠠᠢ᠂ ᠬᠤᠪᠢᠯᠭᠠᠨ ᠯᠠᠮᠠ ᠲᠠᠢ ᠪᠠᠶᠢᠵᠠᠢ᠂ ᠬᠠᠮᠤᠭ ᠰᠡᠭᠦᠯ  ᠤᠨ ᠬᠤᠪᠢᠯᠭᠠᠨ ᠨᠢ ᠲᠤᠷᠵᠢᠭᠤᠴᠤᠦ ᠭᠡᠲᠡᠭ᠂ ᠪᠠᠶᠠᠨᠵᠢᠷᠤᠭᠡ ᠭᠠᠴᠠᠭᠠᠨ ᠤ ᠬᠦᠮᠦᠨ᠃ ᠡᠨᠡ ᠰᠦᠮ᠎ᠡ 1920 ᠤᠨ  ᠤ ᠦᠶ᠎ᠡ ᠪᠠᠷ ᠳ᠋ᠤᠯᠢ ᠲᠡᠭᠡᠷᠡᠮ ᠳᠤ ᠰᠦᠢᠳᠭᠡᠭᠲᠡᠵᠦ᠂ ᠦᠯᠡᠲᠡᠭᠰᠡᠨ ᠪᠤᠷᠬᠠᠨ ᠰᠢᠲᠦᠭᠡᠨ ᠢ ᠨᠢ ᠮᠠᠨᠳᠤᠯ ᠰᠦᠮ᠎ᠡ ᠳᠤ ᠨᠡᠭᠦᠯᠭᠡᠨ᠂ ᠬᠤᠶᠠᠷ ᠲᠤᠭᠠᠩ᠂ ᠭᠡᠳᠤᠨ ᠵᠢᠰᠡ᠂ ᠯᠡᠪᠷᠤᠩ ᠰᠠᠩ ᠵᠡᠷᠭᠡ ᠶᠢ ᠨᠡᠮᠡᠵᠦ ᠪᠠᠶᠢᠭᠤᠯᠪᠡ᠃ ᠲᠤᠰ ᠰᠦᠮ᠎ᠡ ᠴᠢᠯᠦᠭᠡᠯᠡᠬᠦ ᠠᠴᠠ ᠡᠮᠦᠨ᠎ᠡ ᠬᠡᠳᠤᠨ ᠯᠠᠮᠠ ᠲᠠᠢ ᠪᠠᠶᠢᠵᠦ᠂ ᠵᠠᠰᠠᠭ ᠵᠠᠬᠢᠷᠭᠠᠨ ᠤ ᠲᠡᠯ᠎ᠡ ᠪᠠᠷ ᠭᠤᠤᠯ ᠰᠤᠮᠤᠨ ᠳᠤ ᠬᠠᠷᠢᠶᠠᠯᠠᠬᠳᠠᠵᠦ ᠪᠠᠶᠢᠵᠠᠢ᠃
 
ᠢᠷᠡᠯᠲᠡ᠄ ᠲᠠᠷᠬᠠᠨ ᠮᠤᠤᠮᠢᠩᠭᠠᠨ ᠤ ᠵᠠᠰᠠᠭ ᠤᠨ ᠤᠷᠳᠤᠨ ᠤ ᠮᠤᠩᠭᠤᠯ ᠰᠦᠯᠵᠢᠶ᠎ᠡ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号