ᠱᠠᠭ᠎ᠠ ᠶᠢᠨ ᠴᠡᠭᠡᠷ ᠶᠤᠰᠤᠨ
ᠨᠡᠶᠢᠲᠡᠯᠡᠭᠰᠡᠨ ᠴᠠᠭ᠄
2019-06-05
     ᠨᠢᠭᠡ᠂ ᠬᠤᠨᠢ᠂ ᠢᠮᠠᠭ᠎ᠠ᠂ ᠠᠳᠤᠭᠤ᠂ ᠦᠭᠡᠷ᠂ ᠲᠡᠮᠡᠭᠡ᠂ ᠵᠠᠭᠡᠷ᠎ᠡ᠂ ᠬᠦᠷᠦᠭᠡᠰᠦ᠂ ᠠᠷᠭᠠᠯᠢ᠂ ᠶᠠᠩᠭᠢᠷ᠂ ᠪᠤᠭᠤ ᠶᠢᠨ ᠱᠠᠭ᠎ᠠ ᠶᠢ ᠭᠠᠯ ᠳᠤ ᠰᠢᠲᠡᠭᠠᠬᠤ ᠶᠢ ᠴᠡᠭᠡᠷᠯᠡᠨ᠎ᠡ᠃      ᠬᠤᠶᠠᠷ᠂ ᠲᠠᠪᠤᠨ ᠬᠤᠰᠢᠭᠤ ᠮᠠᠯ ᠤᠨ ᠱᠠᠭ᠎ᠠ ᠶᠢ ᠨᠤᠬᠠᠢ ᠠᠩ ᠠᠮᠢᠲᠡᠨ ᠳᠤ ᠦᠭᠭᠦ ᠶᠢ ᠤᠨᠴᠠ ᠴᠡᠭᠡᠷᠯᠡᠨ᠎ᠡ᠂ ᠪᠤᠶᠠᠨ ᠬᠡᠰᠢᠭ ᠬᠠᠵᠠᠶᠢᠨ᠎ᠡ ᠭᠡᠲᠡᠭ᠃      ᠭᠤᠷᠪᠡ᠂ ᠮᠠᠯ ᠤᠨ ᠱᠠᠭ᠎ᠠ᠂ ᠵᠠᠭᠡᠷ᠎ᠡ ᠠᠷᠢᠶᠠᠲᠡᠨ ᠤ ᠱᠠᠭ᠎ᠠ ᠶᠢ ᠨᠡᠭᠦᠭᠦ ᠨᠤᠳᠤᠭ ᠲᠡᠭᠡᠷ᠎ᠡ ᠪᠠᠨ ᠤᠷᠬᠢᠵᠦ ᠭᠡᠭᠡᠭᠦ  ᠶᠢ ᠴᠡᠭᠡᠷᠯᠡᠨ᠎ᠡ᠂ ᠭᠠᠢ ᠪᠡᠷᠴᠢᠳ ᠲᠤᠬᠢᠶᠠᠯᠳᠤᠨ᠎ᠡ ᠭᠡᠲᠡᠭ᠃      ᠲᠦᠷᠪᠡ᠂ ᠨᠠᠰᠦ ᠪᠠᠷᠠᠭᠰᠡᠨ ᠠᠶᠢᠯ ᠤᠨ ᠬᠦᠮᠦᠰ ᠲᠦᠷᠦᠯ ᠰᠠᠳᠤᠨ ᠨᠢ ︽ᠵᠠᠭᠤ ᠬᠤᠨᠤᠭ ᠢᠶᠠᠨ ᠬᠤᠷᠢᠶᠠᠬᠤ︾  ᠠᠴᠠ ᠡᠮᠦᠨ᠎ᠡ ᠱᠠᠭ᠎ᠠ ᠨᠠᠭᠠᠳᠤᠮ ᠳᠤ ᠤᠷᠤᠯᠴᠠᠬᠤ ᠶᠢ ᠴᠡᠭᠡᠷᠯᠡᠨ᠎ᠡ᠃      ᠲᠠᠪᠤ᠂ ᠬᠡᠦᠭᠡᠳ ᠤᠳ ᠤᠨ ᠦᠭᠡᠷ ᠤᠨ ᠱᠠᠭ᠎ᠠ ᠪᠠᠷ ᠪᠦᠭ ᠴᠦᠭ ᠬᠠᠷᠪᠤᠵᠦ ᠨᠠᠭᠠᠳᠬᠤ ᠶᠢ ᠴᠡᠭᠡᠷᠯᠡᠨ᠎ᠡ᠂ ᠲᠠᠨᠡᠭ ᠪᠤᠯᠤᠨ᠎ᠡ ᠭᠡᠲᠡᠭ᠃      ᠵᠢᠷᠭᠤᠭ᠎ᠠ᠂ ᠬᠠᠪᠤᠷ ᠤᠨ ᠲᠦᠯ ᠲᠤᠰᠴᠦ ᠪᠠᠶᠢᠬᠤ ᠤᠯᠠᠷᠢᠯ ᠳᠤ ᠬᠡᠦᠭᠡᠳ ᠤᠳ ᠱᠠᠭ᠎ᠠ ᠨᠠᠭᠠᠳᠬᠤ ᠶᠢ ᠴᠡᠭᠡᠷᠯᠡᠨ᠎ᠡ᠂ ᠲᠦᠯ ᠮᠠᠶᠢᠬᠢ ᠪᠤᠯᠤᠨ᠎ᠡ ᠬᠡᠲᠡᠭ᠃      ᠲᠤᠯᠤᠭ᠎ᠠ᠂ ᠵᠤᠨ ᠤ ᠪᠤᠷᠤᠭᠠᠨ ᠲᠠᠢ ᠡᠳᠤᠷ ᠱᠠᠭ᠎ᠠ ᠨᠠᠭᠠᠳᠬᠤ ᠶᠢ ᠴᠡᠭᠡᠷᠯᠡᠨ᠎ᠡ᠂ ᠲᠡᠭᠷᠢ ᠲᠤᠤᠭᠠᠷᠴᠦ ᠠᠶᠤᠩᠭ᠎ᠠ ᠪᠠᠭᠤᠨ᠎ᠡ ᠭᠡᠲᠡᠭ᠃      ᠨᠠᠢᠮᠠ᠂ ᠰᠦᠨᠢᠳ ᠨᠤᠳᠤᠭ ᠲᠤ ᠱᠠᠭ᠎ᠠ ᠨᠠᠭᠠᠳᠬᠤ ᠳᠠᠭᠠᠨ ᠢᠵᠢᠯᠢ ᠮᠤᠷᠢ ᠪᠤᠰᠪᠡᠯ ᠬᠤᠭᠤᠷᠤᠨᠲᠦ ᠨᠢ ᠨᠢᠰᠯᠡᠵᠦ ᠬᠠᠷᠪᠤᠬᠤ ᠶᠢ ᠤᠨᠴᠡ ᠴᠡᠭᠡᠷᠯᠡᠨ᠎ᠡ᠂ ᠵᠠᠶᠠᠭ᠎ᠠ ᠬᠡᠶᠢᠮᠦᠷᠢ ᠬᠡᠪᠲᠡᠨ᠎ᠡ ᠬᠡᠲᠡᠭ᠃      ᠶᠢᠰᠦ᠂ ᠶᠠᠰᠦ ᠪᠡᠷᠲᠡᠭᠰᠡᠨ ᠬᠦᠮᠦᠨ ᠡᠳᠡᠭᠡᠷᠡᠬᠦ ᠠᠴᠠ ᠡᠮᠦᠨ᠎ᠡ ᠱᠠᠭ᠎ᠠ ᠨᠠᠭᠠᠳᠬᠤ ᠶᠢ ᠴᠡᠭᠡᠷᠯᠡᠨ᠎ᠡ᠂ ᠶᠠᠰᠦᠨ ᠤ ᠡᠳᠡᠭᠡᠷᠡᠯᠲᠡ ᠳᠤ ᠮᠠᠭᠤ ᠬᠡᠲᠡᠭ᠃      ᠠᠷᠪᠡ᠂ ᠴᠢᠨ᠋ᠸ᠎ᠠ ᠢᠲᠡᠭᠰᠡᠨ ᠮᠠᠯ ᠤᠨ ᠱᠠᠭ᠎ᠠ ᠶᠢ ᠲᠡᠭᠷᠢ ᠶᠢᠨ ᠨᠤᠬᠠᠢ ᠶᠢᠨ ᠬᠡᠰᠢᠭ ᠭᠡᠵᠦ ᠠᠪᠴᠦ ᠬᠠᠳᠠᠭᠠᠯᠠᠬᠤ ᠠᠴᠠ ᠪᠢᠰᠢ᠂ ᠨᠠᠭᠠᠳᠤᠮ ᠲᠤᠬᠯᠠᠭᠠᠮ ᠳᠤ ᠬᠡᠷᠡᠭᠯᠡᠬᠦ ᠶᠢ ᠴᠠᠭᠡᠷᠯᠡᠨ᠎ᠡ᠃      ᠠᠷᠪᠠᠨ ᠨᠢᠭᠡ᠂ ᠰᠠᠳᠡᠷ ᠲᠠᠢ ᠮᠠᠯ᠂ ᠲᠠᠷᠬᠠᠯᠠᠬᠰᠡᠨ ᠮᠠᠯ ᠦᠬᠦᠪᠡᠯ᠂ ᠱᠠᠭ᠎ᠠ ᠶᠢ ᠠᠪᠴᠦ ᠬᠠᠳᠠᠭ ᠲᠤ ᠪᠤᠭᠤᠵᠦ ᠲᠠᠯᠪᠢᠨ᠎ᠡ᠃ ᠨᠠᠭᠠᠳᠤᠮ ᠲᠤᠬᠯᠠᠭᠠᠮ ᠳᠤ ᠬᠡᠷᠡᠭᠯᠡᠬᠦ ᠶᠢ ᠴᠡᠭᠡᠷᠯᠡᠨ᠎ᠡ᠃      ᠠᠷᠪᠠᠨ ᠬᠤᠶᠠᠷ᠂ ᠬᠡᠦᠭᠡᠳ ᠭᠤᠷᠪᠠᠨ ᠬᠤᠨᠤᠭ ᠵᠠᠯᠭᠠᠪᠡᠷ ᠤᠬᠢᠯᠠᠪᠠᠯ ᠱᠠᠭᠠᠶᠢᠲᠦ ᠴᠢᠮᠦᠭᠡ ᠶᠢᠨ ᠱᠠᠭ᠎ᠠ ᠶᠢ ᠠᠪᠴᠦ ᠬᠠᠳᠠᠭ ᠲᠤ ᠪᠤᠭᠤᠵᠦ ᠬᠠᠳᠠᠭᠠᠯᠠᠬᠤ ᠪᠤᠶᠦ ᠬᠡᠦᠭᠡᠳ ᠤᠨ ᠨᠠᠭᠠᠳᠤᠮ ᠳᠤ ᠨᠢ ᠵᠡᠭᠦᠲᠡᠭ᠂ ᠨᠠᠭᠠᠳᠤᠮ ᠳᠤ ᠬᠡᠷᠡᠭᠯᠡᠬᠦ ᠶᠢ ᠴᠡᠭᠡᠷᠯᠡᠨ᠎ᠡ᠃      ᠠᠷᠪᠠᠨ ᠭᠤᠷᠪᠠ᠂ ᠬᠤᠷᠢᠮ ᠤᠨ ᠪᠦᠬᠦᠯᠢ ᠰᠢᠭᠦᠰᠦᠨ ᠤ ᠱᠠᠭᠠᠶᠢᠲᠦ ᠴᠢᠮᠦᠭᠡ ᠶᠢᠨ ᠱᠠᠭ᠎ᠠ ᠶᠢ ᠠᠪᠴᠦ ᠬᠠᠳᠠᠭ  ᠲᠤ ᠪᠤᠭᠤᠵᠦ ᠲᠡᠷ᠎ᠡ ᠲᠤᠤᠷ᠎ᠡ ᠭᠢᠲᠡᠭ ᠪᠦᠭᠡᠳ ᠰᠠᠶᠢᠬᠠᠨ ᠬᠠᠳᠠᠭᠠᠯᠠᠳᠠᠭ᠂ ᠨᠠᠭᠠᠳᠤᠮ ᠲᠤᠬᠯᠠᠭᠠᠮ ᠳᠤ ᠬᠡᠷᠡᠭᠯᠡᠬᠦ ᠶᠢ ᠴᠡᠭᠡᠷᠯᠡᠨ᠎ᠡ᠃      ᠠᠷᠪᠠᠨ ᠲᠦᠷᠪᠡ᠂ ᠮᠠᠷᠭᠡ ᠲᠦᠯᠭᠡ ᠲᠠᠯᠪᠢᠳᠠᠭ ᠱᠠᠭ᠎ᠠ ᠶᠢ ᠨᠠᠭᠠᠳᠤᠮ ᠲᠤᠬᠯᠠᠭᠠᠮ ᠳᠤ ᠬᠡᠷᠡᠭᠯᠡᠬᠦ ᠶᠢ ᠴᠡᠭᠡᠷᠯᠡᠨ᠎ᠡ᠂ ᠮᠡᠷᠭᠡ ᠲᠦᠯᠭᠡ ᠲᠦᠭᠡᠷᠢᠨ᠎ᠡ ᠬᠡᠲᠡᠭ᠃      ᠠᠷᠪᠠᠨ ᠲᠠᠪᠤ᠂ ᠬᠤᠷᠠᠭ᠎ᠠ ᠢᠰᠢᠭᠡ ᠶᠢᠨ ᠱᠠᠭ᠎ᠠ ︵ᠲᠦᠯ ᠮᠠᠯ ᠤᠨ ᠱᠠᠭ᠎ᠠ︶ ᠪᠠᠷ ᠨᠠᠭᠠᠳᠬᠤ ᠶᠢ ᠴᠡᠭᠡᠷᠯᠡᠨ᠎ᠡ᠂ ᠡᠭᠡ ᠮᠠᠯ ᠤᠨ ᠲᠡᠯᠡᠩ ᠬᠦᠬᠦ ᠡᠪᠳᠤᠨ᠎ᠡ ᠭᠡᠲᠡᠭ᠃      ᠠᠷᠪᠠᠨ ᠵᠢᠷᠭᠤᠭ᠎ᠠ᠂ ᠱᠠᠭ᠎ᠠ ᠶᠢ ᠵᠠᠰᠠᠵᠦ ᠴᠡᠪᠡᠷᠯᠡᠬᠦ ᠳᠡᠭᠡᠨ ᠱᠠᠭ᠎ᠠ ᠮᠦᠯᠵᠢᠬᠦ ᠭᠡᠵᠦ ᠬᠡᠯᠡᠬᠦ ᠶᠢ ᠴᠡᠭᠡᠷᠯᠡᠨ᠎ᠡ᠂ ᠬᠠᠷᠢᠨ ᠱᠠᠭ᠎ᠠ ᠵᠠᠰᠠᠬᠤ ᠭᠡᠵᠦ ᠬᠡᠯᠡᠲᠡᠭ᠃
 
ᠢᠷᠡᠯᠲᠡ᠄ ᠬᠤᠯᠪᠤᠭ᠎ᠠ ᠰᠦᠯᠵᠢᠶ᠎ᠡ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号