ᠬᠠᠰᠢᠶᠠᠲᠦ ᠶᠢᠨ ᠰᠦᠮ᠎ᠡ
ᠨᠡᠶᠢᠲᠡᠯᠡᠭᠰᠡᠨ ᠴᠠᠭ᠄
2019-06-04
     ᠬᠠᠰᠢᠶᠠᠲᠦ ᠶᠢᠨ ᠰᠦᠮ᠎ᠡ ︵ᠦᠯᠵᠠᠶᠢᠲᠦ ᠲᠡᠭᠡᠲᠦ ᠶᠢᠨ ᠨᠤᠮ ᠲᠡᠯᠭᠡᠷᠡᠭᠦᠯᠦᠭᠴᠢ ᠰᠦᠮ᠎ᠡ︶ ᠶᠢ ᠪᠠᠳᠠᠷᠠᠭᠤᠯᠲᠦ ᠲᠦᠷᠦ ᠶᠢᠨ ᠶᠢᠰᠦᠳᠤᠭᠡᠷ ᠤᠨ ︵1883 ᠤᠨ︶ ᠤ ᠬᠦᠭᠡ ᠪᠡᠴᠢᠨ ᠵᠢᠯ ᠳᠤ ᠬᠠᠯᠬ᠎ᠠ ᠪᠠᠷᠠᠭᠤᠨ ᠭᠠᠷ ᠤᠨ ᠬᠤᠰᠢᠭᠤᠨ ᠤ ᠲᠦᠰᠢᠶ᠎ᠡ ᠬᠦᠩ ᠨᠤᠶᠠᠨ ᠵᠠᠮᠰᠦ ᠶᠢᠨ ᠠᠷᠪᠠᠳᠤᠭᠠᠷ ᠦᠶ᠎ᠡ ᠶᠢᠨ ᠵᠠᠯᠭᠠᠮᠵᠢᠯᠠᠭᠴᠢ ᠲᠦᠰᠢᠶ᠎ᠡ ᠭᠦᠩ ᠨᠤᠶᠠᠨ ᠭᠤᠩᠴᠤᠬᠳᠠᠸᠠ ᠲᠤᠰ ᠰᠦᠮ᠎ᠡ ᠶᠢ ᠪᠠᠶᠢᠭᠤᠯᠵᠦ᠂ ᠠᠭᠸᠠᠩᠳᠠᠷᠵᠢ ᠶᠢ ᠬᠠᠮᠪᠤ ᠯᠠᠮᠠ ᠪᠠᠷ ᠰᠢᠷᠡᠭᠡᠨ ᠳᠤ ᠵᠠᠯᠠᠵᠠᠢ᠃      ᠤᠤᠯ ᠰᠦᠮ᠎ᠡ ᠶᠢ ᠤᠳᠤ ᠶᠢᠨ ᠡᠷᠳᠡᠨᠢᠠᠤᠪᠤᠭ᠎ᠠ ᠰᠤᠮᠤᠨ ᠤ ᠬᠠᠰᠢᠶᠠᠲᠦ ᠭᠡᠰᠡᠨ ᠭᠠᠵᠠᠷ ᠪᠠᠶᠢᠭᠤᠯᠤᠭᠰᠡᠨ ᠲᠤᠯᠡ ︽ᠬᠠᠰᠢᠶᠠᠲᠦ ᠶᠢᠨ ᠰᠦᠮ᠎ᠡ︾ ᠭᠡᠵᠦ ᠲᠠᠭᠤᠳᠠᠬᠤ ᠪᠤᠯᠵᠠᠢ᠃      ᠲᠤᠰ ᠰᠦᠮ᠎ᠡ ᠴᠤᠬᠴᠢᠨ ᠲᠤᠭᠠᠩ᠂ ᠴᠤᠶᠢᠷᠸ᠎ᠠ ᠲᠤᠭᠠᠩ ᠭᠡᠰᠡᠨ ᠬᠤᠶᠠᠷ ᠲᠤᠭᠠᠩ ᠲᠠᠢ᠂ ᠲᠠᠪᠢ ᠵᠢᠷᠠᠭᠠᠳ ᠯᠠᠮᠠ ᠱᠠᠪᠢ ᠨᠠᠷ ᠲᠠᠢ ᠪᠠᠶᠢᠵᠠᠢ᠃ ᠪᠢᠯᠢᠭ ᠤᠨ ᠤᠯᠠᠷᠢᠯ ᠤᠨ ᠴᠠᠭᠠᠨ ᠰᠡᠷ᠎ᠡ ᠳᠤ ᠢᠷᠦᠭᠡᠯ ᠤᠨ ᠬᠤᠷᠡᠯ ᠬᠤᠷᠠᠵᠦ᠂ ᠲᠠᠪᠤᠨ ᠰᠡᠷ᠎ᠡ ᠳᠤ ᠼᠧᠪᠠᠨ᠂ ᠲᠤᠯᠤᠭᠠᠨ ᠰᠡᠷ᠎ᠡ ᠳᠤ ᠮᠠᠶᠢᠳᠠᠷᠢ᠂ ᠠᠷᠪᠠᠨ ᠰᠡᠷ᠎ᠡ ᠳᠤ ᠳ᠋ᠤᠩᠴᠤᠳ ᠵᠡᠷᠭᠡ ᠲᠤᠮᠤᠬᠠᠨ ᠬᠤᠷᠡᠯ ᠨᠤᠮ ᠬᠤᠷᠠᠳᠠᠭ ᠪᠠᠶᠢᠵᠠᠢ᠃      ᠲᠤᠮᠳᠠᠲᠦ ᠢᠷᠭᠡᠨ ᠤᠯᠤᠰ ᠤᠨ ᠬᠤᠷᠢᠨ ᠭᠤᠷᠪᠠᠳᠤᠭᠠᠷ ᠤᠨ ︵1934 ᠤᠨ︶ ᠤ ᠤᠯᠠᠬᠴᠢᠨ ᠦᠭᠡᠷ ᠵᠢᠯ  ᠳᠤ ᠲᠤᠰ ᠰᠦᠮ᠎ᠡ ᠲᠡᠭᠡᠷᠡᠮ ᠤᠨ ᠬᠦᠯ ᠳᠤ ᠰᠦᠢᠳᠴᠠᠢ᠃      ᠲᠤᠰ ᠰᠦᠮ᠎ᠡ ᠶᠢᠨ ᠦᠷᠡᠭᠲᠡᠬᠦ ᠦᠶ᠎ᠡ ᠶᠢᠨ ᠠᠬᠸᠠᠩᠳᠠᠷᠵᠢ ᠶᠢᠨ ᠭᠤᠷᠪᠠᠳᠤᠭᠠᠷ ᠲᠦᠷᠢ ᠶᠢᠨ ᠬᠤᠪᠢᠯᠭᠠᠨ ︵ᠲᠦᠷᠪᠠᠨ ᠬᠡᠦᠭᠡᠳ ᠤᠨ ᠬᠤᠰᠢᠭᠤᠨ ᠤ ᠬᠦᠮᠦᠨ︶ ᠭᠠᠯᠰᠠᠩᠳᠦ᠋ᠪᠳᠠᠨᠳᠠᠮᠪᠢᠨᠢᠮ᠎ᠡ᠂ ᠲᠤᠮᠳᠠᠲᠦ ᠢᠷᠭᠡᠨ ᠤᠯᠤᠰ ᠤᠨ ᠬᠤᠷᠢᠨ ᠲᠠᠪᠤᠳᠤᠭᠠᠷ ᠤᠨ ︵1936 ᠤᠨ︶᠂ ᠰᠢᠷᠠᠬᠴᠢᠨ ᠲᠠᠦᠯᠠᠢ ᠵᠢᠯ᠂ ᠤᠳᠤ ᠶᠢᠨ ᠲᠦᠭᠦᠷᠡᠩ ᠤᠪᠤᠭ᠎ᠠ ᠰᠤᠮᠤᠨ  ᠤ ᠤᠯᠠᠭᠠᠨᠴᠠᠪ ᠭᠠᠴᠠᠭᠠᠨ ᠤ ︽ᠴᠠᠭᠠᠨ ᠡᠩᠭᠡᠷ︾ ᠭᠡᠰᠡᠨ ᠭᠠᠵᠠᠷ ᠲᠠᠪᠤᠨ ᠮᠤᠩᠭᠤᠯ ᠭᠡᠷ ᠪᠤᠰᠬᠠᠵᠦ᠂ ᠲᠡᠭᠡᠷᠡᠮᠳᠡᠭᠳᠡᠭᠡᠳ ᠦᠯᠡᠲᠡᠭᠡᠭᠰᠡᠨ ᠲᠤᠰ ᠰᠦᠮ᠎ᠡ ᠶᠢᠨ ᠪᠤᠷᠬᠠᠨ ᠲᠠᠬᠢᠯ᠂ ᠨᠤᠮ ᠰᠤᠳᠤᠷ ᠢᠶᠠᠨ ᠲᠠᠬᠢᠵᠦ ᠬᠤᠷᠡᠯ ᠨᠤᠮ  ᠢᠶᠠᠨ ᠰᠡᠷᠭᠦᠵᠠᠢ᠃      ᠲᠠᠷᠠᠭ᠎ᠠ ᠵᠢᠯ ᠳᠤᠨᠢ ᠪᠦᠬᠦ ᠬᠤᠰᠢᠭᠤᠨ ᠤ ᠬᠡᠪᠴᠢᠶᠠᠨ ᠳᠤ ᠪᠠᠳᠢᠷ ᠪᠠᠷᠢᠵᠦ᠂ ᠦᠭᠯᠢᠭᠡ ᠶᠢᠨ ᠡᠵᠡᠳ ᠤᠨ ᠡᠷᠭᠦᠴᠡ ᠶᠢᠨ ᠡᠳ᠋ ᠮᠦᠩᠭᠦ ᠮᠠᠯ ᠰᠦᠷᠦᠭ ᠢᠶᠠᠷ ᠲᠤᠰ ᠰᠦᠮ᠎ᠡ ᠪᠠᠨ ᠰᠡᠷᠭᠦᠭᠡᠨ ᠪᠠᠶᠢᠭᠤᠯᠵᠠᠢ᠃      1946 ᠤᠨ ᠳᠤ ᠴᠤᠬᠴᠢᠨ ᠲᠤᠭᠠᠩ᠂ ᠴᠤᠶᠢᠷᠸ᠎ᠠ ᠲᠤᠭᠠᠩ᠂ ᠨᠠᠢᠮᠠᠨ ᠰᠤᠪᠤᠷᠭ᠎ᠠ᠂ ᠬᠤᠶᠠᠷ ᠰᠠᠩ ᠢ ᠪᠦᠷᠢᠨ ᠪᠠᠷᠢᠵᠦ ᠲᠠᠭᠤᠰᠬᠠᠭᠠᠳ᠂ 1947 ᠤᠨ ᠤ 8 ᠰᠡᠷ᠎ᠡ ᠳᠤ ᠷᠠᠪᠠᠨᠠᠶᠢᠯᠠᠬᠤ ︵ᠠᠷᠢᠭᠤᠳᠬᠠᠨ ᠲᠤᠷᠠᠰᠬᠠᠬᠤ︶ ᠶᠡᠭᠡ ᠨᠠᠶᠢᠷ ᠬᠢᠵᠠᠢ᠃      ᠲᠤᠰ ᠰᠦᠮ᠎ᠡ ᠶᠢᠨ ᠭᠤᠤᠯ ᠰᠠᠬᠢᠭᠤᠰᠦ ᠪᠤᠯ ︽ᠭᠤᠮᠪᠤ ᠪᠤᠷᠬᠠᠨ︾ ᠪᠦᠭᠡᠳ ᠵᠢᠷᠦᠭᠡ ᠴᠠᠭᠠᠨ ᠬᠠᠷ᠎ᠡ ᠨᠤᠬᠠᠢ  ᠶᠢ ᠰᠡᠳᠡᠷᠯᠡᠲᠡᠭ ᠪᠠᠶᠢᠪᠡ᠃      ᠴᠢᠯᠦᠭᠡᠯᠡᠭᠲᠡᠬᠦ ᠦᠶ᠎ᠡ ᠪᠠᠷ ᠭᠠᠯᠰᠠᠩᠳᠦ᠋ᠪᠳᠠᠨᠳᠠᠮᠪᠢᠨᠢᠮ᠎ᠡ ᠮᠦᠨ ᠬᠤᠪᠢᠯᠭᠠᠨ ᠢᠶᠠᠷ ᠢᠶᠠᠨ ᠪᠠᠶᠢᠵᠦ᠂ ᠲᠦᠴᠢ ᠰᠢᠬᠠᠮ ᠯᠠᠮᠠ ᠱᠠᠪᠢ ᠨᠠᠷ ᠲᠠᠢ ᠪᠠᠶᠢᠵᠠᠢ᠃ ᠰᠦᠮ᠎ᠡ ᠶᠢᠨ ᠮᠠᠯ ᠰᠦᠷᠦᠭ ᠢ ᠴᠦ ᠦᠷᠡᠵᠢᠵᠦ᠂ 1958 ᠤᠨ ᠳᠤ ᠬᠤᠷᠰᠢᠶᠠᠵᠢᠬᠤ ᠦᠶ᠎ᠡ ᠳᠤ ᠪᠤᠲᠡ ᠮᠠᠯ ᠭᠤᠷᠪᠠᠨ ᠵᠠᠭᠤ ᠭᠠᠷᠤᠢ᠂ ᠪᠤᠭ ᠮᠠᠯ ᠬᠤᠶᠠᠷ ᠮᠢᠩᠭ᠎ᠠ ᠭᠠᠷᠤᠢ ᠪᠤᠯᠪᠡ᠃      ᠲᠤᠰ ᠰᠦᠮ᠎ᠡ 1966 ᠤᠨ ᠳᠤ ︽ᠲᠦᠷᠪᠠᠨ ᠬᠠᠭᠤᠴᠢᠨ︾ ᠤ ᠬᠤᠪᠢ ᠪᠠᠷ ᠡᠪᠳᠡᠭᠳᠠᠨ ᠰᠦᠢᠳᠴᠦ᠂ ᠪᠠᠭᠤᠷᠢ ᠪᠤᠯᠵᠦ ᠬᠤᠴᠤᠷᠪᠡ᠃
 
ᠢᠷᠡᠯᠲᠡ᠄ ᠲᠠᠷᠬᠠᠨ ᠮᠤᠤᠮᠢᠩᠭᠠᠨ ᠤ ᠵᠠᠰᠠᠭ ᠤᠨ ᠤᠷᠳᠤᠨ ᠤ ᠮᠤᠩᠭᠤᠯ ᠰᠦᠯᠵᠢᠶ᠎ᠡ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号