ᠬᠡᠦᠭᠡᠳ ᠲᠤ ᠮᠤᠷᠢ ᠤᠨᠤᠭᠤᠯᠬᠤ ᠶᠤᠰᠤᠨ
ᠨᠡᠶᠢᠲᠡᠯᠡᠭᠰᠡᠨ ᠴᠠᠭ᠄
2019-06-25
     ᠮᠤᠩᠭᠤᠯᠴᠤᠳ ᠬᠡᠦᠭᠡᠳ ᠢᠶᠠᠨ ᠤᠯᠠᠮᠵᠢᠯᠠᠯᠲᠦ ᠪᠤᠯᠪᠠᠰᠤᠨ ᠰᠠᠶᠢᠬᠠᠨ ᠠᠵᠦ ᠲᠦᠷᠦᠬᠦ ᠶᠤᠰᠤᠨ ᠳᠤ ᠲᠡᠳᠬᠠᠵᠦ ᠵᠠᠩᠰᠢᠭᠤᠯᠬᠤ᠂ ᠠᠵᠢᠯ ᠮᠡᠷᠭᠡᠵᠢᠯ ᠳᠤ ᠤᠷᠮᠠᠰᠢᠭᠤᠯᠬᠤ ᠡᠭᠦᠲᠡᠨ ᠠᠴᠠ ᠠᠩᠬᠠᠷᠤᠨ ᠬᠦᠮᠦᠵᠢᠭᠦᠯᠲᠡᠭ᠃ ᠬᠡᠦᠭᠡᠳ ᠲᠤ ᠮᠤᠷᠢ ᠤᠨᠤᠭᠤᠯᠵᠦ ᠰᠤᠷᠭᠠᠬᠤ ᠶᠤᠰᠤᠨ ᠪᠤᠯ ᠲᠡᠭᠦᠨ ᠤ ᠲᠤᠳᠤᠷᠡᠬᠢ ᠨᠢᠭᠡ ᠠᠭᠤᠯᠭ᠎ᠠ ᠪᠤᠯᠬᠤ ᠪᠢᠯᠡ᠃ ᠮᠤᠷᠢ ᠤᠨᠤᠭᠤᠯᠬᠤ ᠶᠤᠰᠤᠨ ᠪᠤᠯ ᠨᠢᠭᠡ ᠠᠶᠢᠯ ᠤᠨ ᠤᠤᠭᠠᠨ ᠬᠦᠦ ᠨᠢ ᠲᠤᠯᠤᠭᠠᠨ ᠨᠠᠰᠦ ᠬᠦᠷᠪᠡᠯ ᠡᠴᠢᠭᠡ ᠡᠬᠡ ᠨᠢ ᠡᠨᠡ ᠬᠦᠦ ᠳᠡᠭᠡᠨ ᠮᠤᠷᠢᠨ ᠤ ᠪᠦᠷᠢᠨ ᠬᠡᠷᠡᠭᠰᠡᠯ ᠲᠦᠭᠦᠭᠡᠷᠦᠨ ᠦᠭᠴᠦ᠂ ᠲᠦᠯᠭᠡᠴᠢ ᠬᠦᠮᠦᠨ ᠢᠶᠠᠷ ᠦᠯᠵᠠᠢ ᠪᠡᠯᠭᠡ  ᠲᠠᠢ ᠰᠠᠶᠢᠨ ᠡᠳᠤᠷ ᠦᠵᠡᠭᠦᠯᠦᠨ ᠲᠤᠬᠳᠠᠭᠠᠭᠠᠳ᠂ ᠲᠤᠰ ᠨᠠᠶᠢᠷ ᠲᠠᠭᠠᠨ ᠭᠡᠦᠭᠡᠳ ᠤᠨ ᠠᠪᠠᠭ᠎ᠠ᠂ ᠨᠠᠭᠠᠴᠦ ᠨᠠᠷ ᠲᠡᠷᠢᠭᠦᠲᠠᠢ ᠲᠦᠷᠦᠯ ᠰᠡᠳᠤᠨ ᠬᠢᠭᠡᠳ ᠤᠶᠢᠷ᠎ᠡ ᠤᠷᠴᠢᠮ ᠤᠨ ᠬᠦᠮᠦᠰ ᠢ ᠵᠠᠯᠠᠨ᠎ᠡ᠃ ᠲᠡᠭᠡᠭᠡᠳ ᠨᠠᠶᠢᠷ ᠤᠨ ᠡᠳᠤᠷ  ᠤᠨ ᠲᠤᠬᠳᠠᠭᠰᠡᠨ ᠴᠠᠭ ᠲᠤ ᠬᠦᠦ ᠳᠡᠭᠡᠨ ᠦᠪᠴᠢ ᠪᠡᠶ᠎ᠡ ᠰᠢᠨ᠎ᠡ ᠬᠤᠪᠴᠠᠰᠦ ᠡᠮᠦᠰᠭᠡᠵᠦ ᠦᠮᠴᠢᠯᠡᠨ ᠤᠨᠤᠭᠤᠯᠬᠤ ᠰᠠᠶᠢᠨ ᠮᠤᠷᠢ ᠶᠢ ᠨᠢ ᠰᠤᠩᠭᠤᠨ ᠪᠠᠷᠢᠵᠦ ᠪᠡᠯᠡᠳᠭᠡᠨ᠎ᠡ᠃ ᠵᠤᠴᠢᠳ ᠴᠤᠬᠯᠠᠷᠠᠭᠰᠡᠨ ᠤ ᠲᠠᠷᠠᠭ᠎ᠠ ᠡᠴᠢᠭᠡ ᠨᠢ ᠬᠦᠦ  ᠶᠢᠨ ᠢᠶᠠᠨ ᠮᠤᠷᠢ ᠶᠢ ᠡᠮᠡᠭᠡᠯᠯᠡᠵᠦ᠂ ᠵᠢᠯᠤᠭᠤ ᠴᠤᠯᠪᠤᠭᠤᠷ ᠢ ᠪᠠᠷᠢᠵᠦ ᠪᠠᠶᠢᠬᠤ ᠳᠤ ᠬᠡᠦᠭᠡᠳ ᠤᠨ ᠨᠠᠭᠠᠴᠦ ᠪᠤᠶᠦ ᠠᠪᠠᠭ᠎ᠠ ᠨᠢ ᠲᠦᠰᠢᠨ ᠮᠤᠷᠢᠨ ᠳᠤᠨᠢ ᠮᠤᠷᠳᠠᠭᠤᠯᠵᠦ ᠦᠭᠭᠦᠨ᠎ᠡ᠃ ᠢᠩᠭᠢᠬᠦ ᠳᠤ ᠡᠴᠢᠭᠡ ᠨᠢ ᠪᠠᠰᠡ ᠮᠤᠷᠢ ᠪᠠᠨ ᠤᠨᠤᠵᠦ ᠬᠦᠦ ᠪᠠᠨ ᠲᠠᠭᠠᠭᠤᠯᠤᠨ ᠬᠡᠷ ᠬᠤᠲᠡᠨ ᠤ ᠪᠠᠨ ᠭᠠᠳᠠᠭᠤᠷ ᠨᠠᠷᠡ ᠵᠦᠪ ᠭᠤᠷᠪᠠ ᠡᠷᠬᠢᠭᠦᠯᠦᠭᠰᠡᠨ ᠤ ᠲᠠᠷᠠᠭ᠎ᠠ᠂ ᠭᠡᠷ ᠤᠨ ᠡᠭᠦᠲᠡᠨ ᠭᠠᠳᠠᠨ᠎ᠡ ᠢᠷᠡᠵᠦ ᠮᠤᠷᠢᠨ ᠠᠴᠠ ᠪᠠᠭᠤᠭᠠᠳ᠂ ᠬᠡᠦᠭᠡᠳ ᠤᠨ ᠮᠤᠷᠢᠨ ᠤ ᠴᠤᠯᠪᠤᠭᠤᠷ ᠢ ᠪᠠᠷᠢᠭᠤᠯᠤᠨ ᠵᠤᠬᠰᠤᠭᠠᠬᠤ ᠳᠤ ᠬᠡᠦᠭᠡᠳ ᠤᠨ ᠨᠠᠭᠠᠴᠦ᠂ ᠠᠪᠠᠭ᠎ᠠ ᠨᠠᠷ ᠲᠡᠷᠢᠭᠦᠯᠠᠨ᠂ ᠪᠤᠰᠤᠳ ᠨᠠᠰᠤᠳᠠᠶᠢᠴᠤᠳ ᠲᠠᠷᠠᠭᠠᠯᠠᠵᠦ ᠬᠡᠦᠭᠡᠳ ᠲᠤ᠄      ︽ᠤᠨᠤᠬᠰᠡᠨ ᠮᠤᠷᠢ ᠪᠠᠨ ᠪᠡᠶ᠎ᠡ ᠪᠠᠨ ᠠᠳᠠᠯᠢ ᠬᠠᠶᠢᠷᠠᠯᠠᠵᠦ ᠶᠠᠪᠤ᠂      ᠤᠨᠤᠬᠰᠡᠨ ᠮᠤᠷᠢ ᠪᠠᠨ ᠦᠷᠭᠦᠯᠵᠢ ᠢᠲᠡᠭᠦᠯᠵᠦ ᠤᠰᠤᠯᠠᠵᠦ ᠶᠠᠪᠤ᠂      ᠮᠤᠷᠢᠨ ᠤ ᠪᠠᠨ ᠲᠤᠯᠤᠭᠠᠢ ᠶᠢ ᠪᠢᠲᠡᠭᠡᠢ ᠴᠤᠬᠢ᠂      ᠮᠤᠷᠢᠨ ᠤ ᠪᠠᠨ ᠵᠦᠭ ᠢᠷ ᠲᠠᠢ ᠮᠠᠰᠡ ᠶᠢ ᠪᠢᠲᠡᠭᠡᠢ ᠬᠠᠨᠳᠤᠭᠤᠯ᠃      ᠰᠠᠨᠠᠭ᠎ᠠ ᠮᠠᠭᠤᠲᠦ ᠳᠤ ᠮᠤᠷᠢ ᠪᠠᠨ ᠪᠢᠲᠡᠭᠡᠢ ᠦᠭ᠂      ᠱᠠᠯᠪᠠᠭ ᠭᠠᠵᠠᠷ ᠲᠤ ᠮᠤᠷᠢ ᠪᠠᠨ ᠪᠢᠲᠡᠭᠡᠢ ᠤᠶᠠ᠂      ᠡᠮᠡᠭᠡᠯ ᠢᠶᠠᠨ ᠡᠭᠦᠷᠴᠦ ᠪᠤᠯᠬᠤ ᠦᠭᠡᠢ᠂      ᠬᠠᠵᠠᠭᠠᠷ ᠢᠶᠠᠨ ᠬᠢᠰᠬᠢᠵᠦ ᠪᠤᠯᠬᠤ ᠦᠭᠡᠢ᠂      ᠴᠢᠳᠤᠷ ᠬᠤᠯᠠᠭᠠᠶᠢᠯᠠᠵᠦ ᠪᠤᠯᠬᠤ ᠦᠭᠡᠢ᠂      ᠨᠤᠬᠲᠦ ᠪᠠᠨ ᠬᠡᠭᠡᠵᠦ ᠪᠤᠯᠬᠤ ᠦᠭᠡᠢ︕︾ ᠬᠡᠮᠡᠨ ᠰᠤᠷᠭᠠᠵᠦ ᠡᠮᠡᠭᠡᠯ᠂ ᠲᠤᠬᠤᠮ᠂ ᠲᠦᠷᠦᠭᠡ᠂ ᠬᠠᠵᠠᠭᠠᠷ᠂ ᠨᠤᠬᠲᠦ᠂ ᠬᠤᠳᠠᠷᠭ᠎ᠠ᠂ ᠬᠦᠮᠦᠯᠳᠤᠷᠭᠡ᠂ ᠴᠢᠳᠤᠷ᠂ ᠲᠤᠱᠠ ᠵᠡᠷᠭᠡ ᠠᠴᠠ ᠠᠯᠢ ᠨᠢᠭᠡ ᠶᠢ ᠪᠡᠯᠡᠭ ᠪᠤᠯᠭᠠᠨ ᠦᠭᠲᠡᠭ ᠶᠤᠰᠤᠳᠠᠢ᠃ ᠡᠭᠦᠨ ᠤ ᠬᠠᠮᠲᠦ ᠪᠠᠰᠡ ᠬᠡᠦᠭᠡᠳ ᠲᠤ ᠮᠤᠷᠢ ᠪᠠᠨ ᠶᠠᠭᠠᠬᠢᠵᠦ ᠠᠷᠠᠴᠢᠯᠠᠵᠦ ᠬᠠᠮᠠᠭᠠᠯᠠᠬᠤ᠂ ᠬᠡᠷᠬᠢᠨ ᠤᠨᠤᠵᠦ ᠡᠳ᠋ᠯᠡᠬᠦ ᠪᠡ ᠮᠤᠷᠢᠨ ᠤ ᠲᠤᠨᠤᠬᠯᠠᠯ ᠢ ᠬᠡᠷᠬᠢᠨ ᠬᠡᠷᠡᠭᠯᠡᠬᠦ ᠲᠤᠬᠠᠢ ᠰᠤᠷᠭᠠᠮᠵᠢᠯᠠᠨ ᠵᠢᠭᠠᠵᠦ ᠦᠭᠭᠦᠨ᠎ᠡ᠃      ᠲᠠᠷᠠᠭ᠎ᠠ ᠨᠢ ᠪᠦᠬᠦ ᠵᠤᠴᠢᠳ ᠢ ᠭᠡᠷ ᠲᠡᠭᠡᠨ ᠤᠷᠢᠨ ᠰᠠᠭᠤᠯᠭᠠᠵᠦ᠂ ᠢᠲᠡᠭᠡᠨ ᠴᠠᠢ ᠪᠠᠨ ᠭᠢᠵᠦ ᠮᠢᠬ᠎ᠠ ᠰᠢᠭᠦᠰᠦ ᠪᠠᠨ ᠲᠠᠯᠪᠢᠵᠦ ᠨᠠᠶᠢᠷ ᠡᠬᠢᠯᠡᠨ᠎ᠡ᠃ ᠡᠨᠡ ᠦᠶ᠎ᠡ ᠳᠤ ᠬᠡᠦᠭᠡᠳ ᠤᠨ ᠡᠴᠢᠭᠡ ᠨᠢ ︽ᠮᠤᠷᠢ ᠤᠨᠤᠭᠤᠯᠬᠤ ᠶᠤᠰᠤᠨ︾ ᠤ ᠲᠡᠭᠡᠵᠢ ᠬᠡᠮᠡᠨ ᠪᠦᠬᠦ ᠵᠤᠴᠢᠳ ᠲᠤ ᠠᠷᠢᠬᠢ ᠰᠠᠷᠬᠤᠳ ᠢᠶᠠᠨ ᠪᠠᠷᠢᠳᠠᠭ᠃ ᠢᠩᠭᠢᠬᠦ ᠳᠤ ᠨᠠᠰᠤᠳᠠᠶᠢᠴᠤᠳ ᠠᠴᠠ᠄      ︽ᠡᠷ᠎ᠡ ᠦᠰᠲᠡᠭ ᠪᠢᠯᠡ      ᠢᠰᠡᠭᠡᠢ ᠰᠤᠨᠳᠠᠭ ᠪᠢᠯᠡ      ᠭᠠᠷ ᠴᠢᠨᠢ ᠭᠠᠨᠵᠤᠭᠠᠨ ᠳᠤ ᠬᠦᠷᠪᠡ      ᠬᠦᠯ ᠴᠢᠨᠢ ᠲᠦᠷᠦᠭᠡᠨ ᠳᠤ ᠬᠦᠷᠪᠡ      ᠤᠨᠤᠬᠰᠡᠨ ᠮᠤᠷᠢ ᠴᠢᠨᠢ ᠬᠤᠷᠳᠤᠨ ᠪᠤᠯᠵᠦ      ᠵᠤᠷᠢᠬᠰᠡᠨ ᠵᠠᠮ ᠴᠢᠨᠢ ᠤᠷᠲᠦ ᠪᠤᠯᠵᠦ      ᠮᠤᠷᠢ ᠴᠢᠨᠢ ᠲᠦᠮᠡᠨ ᠠᠬᠲᠡ ᠶᠢᠨ ᠲᠡᠷᠢᠭᠦᠨ ᠳᠤ ᠶᠠᠪᠤᠵᠦ      ᠨᠡᠷ᠎ᠡ ᠴᠢᠨᠢ ᠪᠤᠮᠠᠨ ᠡᠷ᠎ᠡ ᠶᠢᠨ ᠮᠠᠩᠯᠠᠢ ᠳᠤ ᠭᠠᠷᠴᠦ      ᠤᠷᠲᠦ ᠨᠠᠰᠤᠳᠠᠢ ᠤᠳᠠᠭᠠᠨ ᠵᠢᠷᠭᠠᠯᠳᠠᠢ ᠶᠠᠪᠤᠬᠳᠤᠨ︾ ᠭᠡᠵᠦ ᠮᠤᠷᠢ ᠤᠨᠤᠭᠰᠡᠨ ᠬᠡᠦᠭᠡᠳ ᠲᠤ ᠢᠷᠦᠭᠡᠯ ᠲᠠᠯᠪᠢᠳᠠᠭ᠃      ᠮᠤᠷᠢ ᠤᠨᠤᠭᠤᠯᠬᠤ ᠶᠤᠰᠤᠨ ᠤ ᠨᠠᠶᠢᠷ ᠡᠨᠡ ᠮᠡᠲᠦ ᠪᠠᠷ ᠡᠬᠢᠯᠡᠨ ᠶᠠᠪᠤᠬᠳᠠᠵᠦ᠂ ᠲᠠᠭᠤᠤ ᠢᠷᠦᠭᠡᠯ ᠬᠤᠤᠰᠯᠠᠨ ᠪᠦᠬᠦᠯᠢ ᠡᠳᠤᠷ ᠢᠶᠠᠷ ᠦᠷᠭᠦᠯᠵᠢᠯᠡᠨ᠎ᠡ᠃ ᠡᠨᠡ ᠬᠦ ᠶᠤᠰᠤᠨ ᠢ ᠭᠤᠤᠯᠳᠠᠭᠤ ᠤᠤᠭᠠᠨ ᠬᠦᠦ ᠳᠡᠭᠡᠨ ᠬᠢᠲᠡᠭ ᠵᠠᠩᠰᠢᠯ  ᠲᠠᠢ᠂ ᠬᠡᠪᠡᠴᠦ ᠵᠠᠷᠢᠮ ᠠᠶᠢᠯ ᠨᠢ ᠬᠦᠦ ᠪᠤᠯᠭᠠᠨ ᠳᠠᠭᠠᠨ ᠬᠢᠬᠦ ᠴᠦ ᠪᠤᠢ᠃

                                         ᠨᠠᠶᠢᠷᠠᠭᠤᠯᠤᠭᠴᠢ᠄ ᠽᠠᠨᠳᠠᠨᠮᠦ᠋ᠴᠢᠷ

                                         ᠬᠦᠢᠴᠡᠳᠭᠡᠭᠴᠢ ᠬᠢᠨᠠᠬᠴᠢ᠄ ᠸᠠᠩ ᠸᠧᠨ ᠶᠢᠩ

                                          ᠶᠡᠷᠦᠩᠬᠡᠢ ᠬᠢᠨᠠᠬᠴᠢ᠄ ᠵᠠᠩ ᠬᠦᠢ ᠵᠧᠨ

                                ︽ᠪᠠᠭᠠᠳᠤᠷᠯᠢᠭ ᠲᠠᠷᠬᠠᠨ ᠮᠤᠤᠮᠢᠩᠭᠠᠨ︾ ᠵᠢᠷᠬᠢᠶ᠎ᠡ ᠠᠴᠠ ᠪᠠᠭᠤᠯᠭᠠᠪᠡ

 
ᠢᠷᠡᠯᠲᠡ᠄ ᠲᠠᠷᠬᠠᠨ ᠮᠤᠤᠮᠢᠩᠭᠠᠨ ᠤ ᠵᠠᠰᠠᠭ ᠤᠨ ᠤᠷᠳᠤᠨ ᠤ ᠮᠤᠩᠭᠤᠯ ᠰᠦᠯᠵᠢᠶ᠎ᠡ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号