ᠲᠠᠪᠤᠨ ᠮᠤᠳᠤᠨ ᠤ ᠰᠦᠮ᠎ᠡ
ᠨᠡᠶᠢᠲᠡᠯᠡᠭᠰᠡᠨ ᠴᠠᠭ᠄
2019-06-24
     ᠲᠤᠰ ᠰᠦᠮ᠎ᠡ ᠶᠢ ᠪᠠᠳᠠᠷᠠᠭᠤᠯᠲᠦ ᠲᠦᠷᠦ ᠶᠢᠨ ᠭᠤᠴᠢᠨ ᠭᠤᠷᠪᠠᠳᠤᠭᠠᠷ ᠤᠨ ︵1907 ᠤᠨ︶ ᠤ ᠤᠯᠠᠭᠠᠨ ᠮᠤᠷᠢᠨ ᠵᠢᠯ ᠳᠤ ᠤᠳᠤ ᠶᠢᠨ ︵ᠬᠠᠭᠤᠴᠢᠨ ᠤ ᠲᠦᠰᠢᠶᠠᠲᠦ ᠬᠦᠩ ᠤᠨ ᠬᠤᠰᠢᠭᠤ︶ ᠬᠠᠯᠬ᠎ᠠ ᠶᠢᠨ ᠲᠤᠷᠤᠨᠠᠭᠤᠪᠢ ᠠᠶᠢᠮᠠᠭ ᠤᠨ ᠡᠮᠦᠨ᠎ᠡ ᠵᠠᠬ᠎ᠠ ᠳᠠᠬᠢ ᠬᠠᠳᠠᠨ ᠪᠤᠯᠠᠭ ᠰᠤᠮᠤᠨ ᠤ ᠲᠠᠪᠤᠨ ᠮᠤᠳᠤᠨ ᠤ ᠰᠦᠮ᠎ᠡ ᠠᠴᠠ ᠨᠠᠭᠠᠰᠢ ᠨᠡᠭᠦᠳᠡᠯᠯᠠᠨ ᠢᠷᠡᠭᠰᠡᠨ ᠠᠷᠪᠠᠨ ᠲᠦᠷᠪᠠᠨ ᠡᠷᠦᠭᠡ᠂ ᠤᠳᠤ ᠶᠢᠨ ᠴᠠᠭᠠᠨᠬᠠᠲᠡ ᠰᠤᠮᠤᠨ ᠤ ᠨᠠᠷᠠᠨᠪᠤᠯᠠᠭ ᠭᠠᠴᠠᠭᠠᠨ ᠤ ︽ᠠᠯᠠᠭ ᠬᠠᠲᠡᠨ ᠤ ᠭᠤᠤᠯ︾ ᠬᠡᠰᠡᠨ ᠭᠠᠵᠠᠷ ᠤᠨ ᠠᠭᠤᠯᠠᠨ ᠤ ᠵᠢᠯᠠᠭ᠎ᠠ ᠶᠢ ᠲᠠᠭᠠᠭᠤᠯᠤᠨ ᠮᠤᠩᠭᠤᠯ ᠭᠡᠷ ᠪᠤᠰᠬᠠᠵᠦ ᠬᠤᠷᠡᠯ ᠨᠤᠮ ᠬᠢᠵᠦ ᠪᠠᠶᠢᠬᠰᠡᠨ ᠠᠴᠠ ᠪᠠᠨ ᠬᠤᠪᠢᠯᠭᠠᠨ ᠠᠷᠢᠸᠠᠩᠴᠤᠭ 1948 ᠤᠨ ᠠᠴᠠ ᠡᠬᠢᠯᠡᠨ ᠲᠤᠭᠠᠩ ᠪᠠᠷᠢᠵᠦ᠂ 1952 ᠤᠨ ᠳᠤ ᠪᠠᠷᠢᠯᠭ᠎ᠠ ᠪᠠᠨ ᠲᠠᠭᠤᠰᠬᠠᠵᠠᠢ᠃ ᠲᠤᠰ ᠰᠦᠮ᠎ᠡ ᠶᠢᠨ ᠬᠤᠷᠡᠯ ᠨᠤᠮ ᠤᠨ ᠤᠩᠰᠢᠯᠭ᠎ᠠ ᠨᠢ ᠳ᠋ᠠ ᠬᠦᠷᠢᠶᠠᠨ ᠤ ᠭᠠᠨᠳᠠᠨ ᠬᠡᠶᠢᠳ ᠤᠨ ᠬᠡᠪ ᠨᠠᠮᠪᠡ ᠲᠠᠢ ᠠᠳᠠᠯᠢ ᠬᠡᠲᠡᠭ᠃      ᠲᠤᠰ ᠰᠦᠮ᠎ᠡ ᠪᠢᠯᠢᠭ ᠤᠨ ᠴᠠᠭᠠᠨ ᠰᠡᠷ᠎ᠡ ᠶᠢᠨ ᠬᠤᠷᠢ ᠶᠢᠰᠦᠨ ᠳᠤ ︽ᠫᠦᠷᠪᠦ︾ ᠶᠢᠨ ᠳ᠋ᠤᠷᠤᠪ ᠬᠤᠷᠠᠵᠦ ᠰᠤᠷ ᠵᠠᠯᠠᠳᠠᠭ᠃ ᠰᠦᠮ᠎ᠡ ᠶᠢᠨ ᠯᠠᠮᠠ ᠨᠠᠷ ᠨᠢ ᠴᠦᠮ ᠵᠤᠴᠢ ᠨᠤᠮ ᠬᠤᠷᠠᠳᠠᠭ ᠪᠠᠶᠢᠵᠠᠢ᠃ ᠴᠢᠯᠦᠭᠡᠯᠡᠭᠲᠡᠬᠦ ᠦᠶ᠎ᠡ ᠳᠤ ᠬᠤᠷᠢ ᠭᠠᠷᠤᠢ ᠯᠠᠮᠠ ᠲᠠᠢ ᠪᠠᠶᠢᠵᠠᠢ᠃      ᠰᠦᠮ᠎ᠡ ᠶᠢᠨ ᠰᠠᠩ ᠵᠢᠰᠡ ᠶᠢᠨ ᠮᠠᠯ ᠰᠦᠷᠦᠭ ᠭᠡᠵᠦ ᠪᠠᠶᠢᠳᠠᠭ ᠦᠭᠡᠢ᠃ ᠮᠦᠨ ᠤᠤᠯ ᠤᠨ ᠠᠶᠢᠯ ᠤᠳ ᠬᠠᠪᠰᠤᠷᠤᠨ ᠬᠤᠷᠡᠯ ᠨᠤᠮ ᠤᠨ ᠵᠠᠷᠤᠲᠡᠯ ᠢ ᠬᠠᠷᠢᠭᠤᠴᠠᠳᠠᠭ ᠪᠠᠶᠢᠨ᠎ᠡ᠃      ᠲᠤᠰ ᠰᠦᠮ᠎ᠡ ᠰᠤᠶᠤᠯ ᠤᠨ ᠶᠡᠭᠡ ᠬᠤᠪᠢᠰᠬᠠᠯ ᠤᠨ ᠦᠢᠮᠡᠭᠡᠨ ᠳᠤ ᠪᠠᠭᠤᠷᠢ ᠪᠤᠯᠤᠨ ᠬᠤᠴᠤᠷᠴᠠᠢ᠃
 
ᠢᠷᠡᠯᠲᠡ᠄ ᠲᠠᠷᠬᠠᠨ ᠮᠤᠤᠮᠢᠩᠭᠠᠨ ᠤ ᠵᠠᠰᠠᠭ ᠤᠨ ᠤᠷᠳᠤᠨ ᠤ ᠮᠤᠩᠭᠤᠯ ᠰᠦᠯᠵᠢᠶ᠎ᠡ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号