ᠲᠤᠶᠢᠨ ᠯᠠᠮᠠ ᠶᠢᠨ ᠰᠦᠮ᠎ᠡ
ᠨᠡᠶᠢᠲᠡᠯᠡᠭᠰᠡᠨ ᠴᠠᠭ᠄
2019-06-18
     ᠲᠤᠶᠢᠨ ᠯᠠᠮᠠ ᠶᠢᠨ ᠰᠦᠮ᠎ᠡ ︵ᠱᠠᠰᠢᠨ ᠠᠮᠤᠭᠤᠯᠠᠩᠲᠦ ᠰᠦᠮ᠎ᠡ︶ ᠶᠢ ᠬᠠᠯᠬ᠎ᠠ ᠪᠠᠷᠠᠭᠤᠨ ᠭᠠᠷ ᠤᠨ ᠠᠶᠢᠮᠠᠭ  ᠤᠨ ᠨᠤᠶᠠᠨ ᠯᠠᠸᠠᠩᠳᠤᠷᠵᠢ ᠶᠢᠨ ᠲᠡᠭᠦᠦ ᠲᠦᠢᠨ ᠯᠠᠮᠠ ᠯᠤᠪᠰᠠᠩᠳᠠᠨᠽᠠᠨ ︵ᠴᠤᠯᠡ ᠨᠢ ᠴᠤᠬᠤᠷ ᠲᠦᠢᠨ︶ ᠲᠡᠭᠷᠢ ᠲᠡᠳᠭᠦᠭᠴᠢ ᠶᠢᠨ ᠬᠤᠷᠢᠨ ᠬᠤᠶᠠᠳᠤᠭᠠᠷ ᠤᠨ ︵1757 ᠤᠨ︶ ᠤ ᠰᠢᠷ᠎ᠡ ᠪᠠᠷᠰ ᠵᠢᠯ ᠰᠠᠭᠤᠷᠢ ᠲᠠᠯᠪᠢᠵᠦ᠂ ᠨᠠᠢᠮᠠᠨ ᠵᠢᠯ ᠤᠨ ᠪᠠᠷᠢᠯᠭ᠎ᠠ ᠶᠢᠨ ᠬᠤᠭᠤᠴᠠᠭ᠎ᠠ ᠬᠡᠷᠡᠭᠰᠡᠵᠦ ᠲᠡᠭᠷᠢ ᠲᠡᠳᠭᠦᠭᠴᠢ ᠶᠢᠨ ᠬᠤᠷᠢ ᠶᠢᠰᠦᠳᠤᠭᠡᠷ ᠤᠨ ︵1764 ᠤᠨ︶ ᠤ ᠤᠯᠠᠬᠴᠢᠨ ᠨᠤᠬᠠᠢ ᠵᠢᠯ ᠪᠠᠷᠢᠯᠭ᠎ᠠ ᠪᠠᠨ ᠲᠠᠭᠤᠰᠬᠠᠵᠦ ᠬᠤᠷᠡᠯ ᠨᠤᠮ ᠢᠶᠠᠨ ᠡᠬᠢᠯᠡᠵᠠᠢ᠃      ᠲᠡᠭᠷᠢ ᠲᠡᠳᠭᠦᠭᠴᠢ ᠬᠠᠭᠠᠨ ᠠᠴᠠ ᠮᠤᠩᠭᠤᠯ ᠢᠶᠠᠷ ︽ᠱᠠᠰᠢᠨ ᠠᠮᠤᠭᠤᠯᠠᠩᠲᠦ ᠰᠦᠮ᠎ᠡ︾ ᠭᠡᠵᠦ ᠲᠦᠷᠪᠠᠨ ᠬᠡᠯᠡ ᠪᠠᠷ ᠪᠢᠴᠢᠭᠰᠡᠨ ᠢᠯᠡᠷᠭᠡᠶᠢᠯᠡᠯ ᠰᠤᠶᠤᠷᠬᠠᠵᠠᠢ᠃ ᠰᠦᠮ᠎ᠡ ᠳᠤ ᠰᠠᠭᠤᠬᠤ ᠯᠠᠮᠠ ᠶᠢᠨ ᠲᠤᠭ᠎ᠠ ᠶᠢ 35 ᠬᠦᠮᠦᠨ  ᠢᠶᠠᠷ ᠲᠤᠭᠳᠠᠭᠠᠵᠠᠢ᠃      ᠲᠤᠰ ᠰᠦᠮ᠎ᠡ ᠨᠢ ᠬᠠᠭᠠᠨ ᠡᠵᠡᠨ ᠤ ᠢᠯᠡᠷᠭᠡᠶᠢᠯᠡᠯ ᠪᠡ ᠲᠦᠳᠢᠶ᠎ᠡ ᠲᠠᠢ ᠪᠤᠯᠬᠤᠷ ᠬᠠᠯᠬ᠎ᠠ ᠪᠠᠷᠠᠭᠤᠨ ᠭᠠᠷ  ᠤᠨ ᠬᠤᠰᠢᠭᠤᠨ ᠤ ᠬᠤᠰᠢᠭᠤ ᠬᠠᠮᠢᠶᠠᠷᠤᠯᠲᠡ ᠶᠢᠨ ᠭᠤᠷᠪᠠᠨ ᠰᠦᠮ᠎ᠡ ︵ᠨᠦᠬᠦᠭᠡ ᠬᠤᠶᠠᠷ ᠨᠢ ᠪᠤᠶᠠᠨ ᠢ ᠪᠠᠳᠠᠷᠠᠭᠤᠯᠤᠭᠴᠢ ᠰᠦᠮ᠎ᠡ ᠪᠡ ᠮᠦᠩᠭᠡ ᠪᠠᠶᠠᠰᠬᠤᠯᠠᠩᠲᠦ ᠰᠦᠮ᠎ᠡ︶ ᠶᠢᠨ ᠨᠢᠭᠡ ᠨᠢ ᠪᠤᠯᠤᠨ᠎ᠡ᠃      ᠲᠤᠰ ᠰᠦᠮ᠎ᠡ ᠶᠢᠨ ᠴᠤᠬᠴᠢᠨ ᠲᠤᠭᠠᠩ ᠨᠢ ᠲᠦᠷᠪᠠᠨ ᠲᠠᠪᠬᠤᠷ᠂ ᠮᠠᠶᠢᠳᠠᠷᠢ ᠶᠢᠨ ᠲᠤᠭᠠᠩ ᠨᠢ ᠭᠤᠷᠪᠠᠨ ᠲᠠᠪᠬᠤᠷ᠂ ᠴᠦᠮ ᠴᠢᠯᠠᠭᠤ ᠪᠠᠷ ᠪᠠᠷᠢᠬᠰᠡᠨ ᠪᠠᠷᠢᠯᠭ᠎ᠠ ᠪᠤᠯᠤᠨ᠎ᠡ᠃ ᠮᠠᠶᠢᠳᠠᠷᠢ ᠶᠢᠨ ᠲᠤᠭᠠᠩ ᠳᠠᠭᠠᠨ ᠭᠤᠴᠢᠨ ᠬᠤᠶᠠᠷ ᠲᠤᠬᠤᠢ ᠦᠨᠳᠦᠷ ᠰᠠᠭᠤᠭ᠎ᠠ ᠲᠦᠷᠢ ᠶᠢᠨ ᠲᠤᠮᠤ ᠱᠤᠭᠤᠮᠠᠯ ᠮᠠᠶᠢᠳᠠᠷᠢ ᠪᠤᠷᠬᠠᠨ ᠲᠠᠢ᠂ ᠭᠤᠷᠪᠠᠨ ᠲᠠᠪᠬᠤᠷ ᠤᠨ ᠲᠡᠭᠳᠡᠷ ᠢᠶᠠᠷ ᠴᠠᠬᠳᠠᠷ᠂ ᠲᠠᠮᠷᠢᠨ᠂ ᠨᠠᠢᠮᠠᠨ ᠪᠤᠳᠢᠰᠡᠳ᠋ᠸ᠎ᠡ ᠬᠦᠪᠡᠭᠦᠨ ᠵᠢᠴᠢ ᠨᠠᠢᠮᠠᠨ ᠤᠳᠠᠴᠢ ᠵᠡᠷᠭᠡ ᠶᠢᠨ ᠲᠤᠮᠤ ᠱᠤᠭᠤᠮᠠᠯ ᠪᠤᠷᠠᠬᠳ ᠢ ᠲᠤᠬᠢᠷᠠᠭᠤᠯᠤᠨ ᠲᠠᠬᠢᠵᠠᠢ᠃ ᠨᠡᠩ ᠢᠯᠠᠩᠭᠤᠶ᠎ᠡ ᠴᠠᠬᠳᠠᠷ᠂ ᠲᠠᠮᠷᠢᠨ ᠬᠤᠶᠠᠷ ᠪᠤᠷᠬᠠᠨ ᠨᠢ ᠠᠷᠪᠠᠨ ᠲᠤᠬᠤᠢ ᠦᠨᠳᠦᠷ ᠪᠦᠭᠡᠳ ᠤᠶᠠᠨ ᠬᠠᠳᠠᠨ ᠰᠠᠭᠤᠳᠡᠯ ᠲᠠᠢ ᠪᠤᠯᠬᠤᠷ ᠤᠨᠴᠡ ᠶᠢᠨ ᠬᠦᠲᠡᠯᠭᠡᠭᠡᠨ ᠲᠠᠢ ᠪᠠᠶᠢᠵᠠᠢ᠃ ᠪᠠᠰᠡ ᠲᠦᠷᠪᠠᠨ ᠲᠤᠬᠤᠢ ᠬᠢᠷᠢᠲᠠᠢ ᠭᠠᠦᠯᠢᠨ ᠮᠠᠶᠢᠳᠠᠷᠢ ᠪᠤᠷᠬᠠᠨ ᠢ ᠲᠠᠮᠤᠷ ᠬᠢᠨᠵᠢ ᠪᠠᠷ ᠤᠶᠠᠭᠠᠳ ᠲᠠᠬᠢᠬᠰᠡᠨ ᠪᠠᠶᠢᠪᠡ᠃ ᠡᠨᠡ ᠮᠠᠶᠢᠳᠠᠷᠢ ᠪᠤᠷᠬᠠᠨ ᠢ ᠯᠤᠪᠰᠠᠩᠳᠠᠨᠽᠠᠨ ᠲᠤᠶᠢᠨ ᠯᠠᠮᠠ ᠮᠦᠩᠭᠡ ᠵᠤᠤ ᠠᠴᠠ ᠵᠠᠯᠠᠵᠦ ᠢᠷᠡᠭᠰᠡᠨ ᠭᠡᠲᠡᠭ᠃ ᠲᠤᠮᠤᠭ ᠶᠠᠷᠢᠶᠠᠨ ᠳᠤ ᠡᠨᠡ ᠮᠠᠶᠢᠳᠠᠷᠢ ᠪᠤᠷᠬᠠᠨ ᠨᠢᠭᠡ ᠤᠳᠠᠭ᠎ᠠ ᠰᠦᠮ᠎ᠡ ᠠᠴᠠ ᠪᠠᠨ ᠲᠤᠳᠠᠭᠠᠵᠦ ᠬᠤᠷᠢ ᠭᠠᠷᠤᠢ ᠭᠠᠵᠠᠷ ᠶᠠᠪᠤᠭᠰᠡᠨ ᠤ ᠲᠠᠷᠠᠭ᠎ᠠ ᠲᠤᠶᠢᠨ ᠯᠠᠮᠠ ᠦᠪᠡᠷ ᠤᠨ ᠪᠡᠶ᠎ᠡ ᠪᠠᠷ ᠢᠶᠠᠨ ᠤᠴᠢᠵᠦ ᠮᠠᠨᠳᠠᠯ ᠡᠷᠭᠦᠨ ᠵᠠᠯᠠᠵᠦ ᠠᠪᠴᠢᠷᠠᠭᠠᠳ ᠲᠠᠬᠢᠵᠦ ᠲᠤᠳᠠᠭᠠᠬᠤ ᠠᠴᠠ ᠰᠡᠷᠭᠡᠶᠢᠯᠡᠵᠦ ᠲᠠᠮᠦᠷ ᠬᠢᠨᠵᠢ ᠪᠠᠷ ᠤᠶᠠᠵᠦ ᠲᠠᠯᠪᠢᠬᠰᠡᠨ ᠭᠡᠲᠡᠭ᠃      ᠲᠤᠰ ᠰᠦᠮ᠎ᠡ ᠯᠤᠪᠰᠠᠩᠳᠠᠨᠽᠠᠨ ︵ᠴᠤᠬᠤᠷ ᠲᠤᠶᠢᠨ︶᠂ ᠰᠦᠭᠡᠩᠭᠢ ᠲᠦᠢᠨ ︵ᠴᠤᠯᠡ ᠪᠠᠷ ᠨᠢ ᠨᠠᠷᠠᠯᠠᠵᠠᠢ᠂ ᠵᠢᠩᠭᠢᠨᠢ ᠨᠡᠷ᠎ᠡ ᠨᠢ ᠲᠤᠳᠤᠷᠬᠠᠢ ᠦᠭᠡᠢ︶᠂ ᠵᠠᠮᠢᠶᠠᠨᠳᠠᠨᠽᠠᠨ ᠲᠤᠶᠢᠨ ︵ᠦᠨᠳᠦᠷ ᠲᠤᠶᠢᠨ︶᠂ ᠭᠠᠯᠰᠠᠩᠳᠠᠨᠽᠠᠨᠸᠠᠩᠵᠢᠯᠨᠢᠮ᠎ᠡ ᠲᠤᠶᠢᠨ᠂ ᠭᠠᠯᠰᠠᠩᠬᠠᠶᠢᠷᠤᠪᠵᠠᠮᠰᠦ ᠲᠤᠶᠢᠨ ︵ᠴᠢᠯᠦᠭᠡᠯᠡᠭᠲᠡᠭᠰᠡᠨ ᠤ ᠲᠠᠷᠠᠭ᠎ᠠ ᠬᠠᠷ᠎ᠡ ᠪᠤᠯᠵᠦ᠂ ᠴᠢᠯᠦᠭᠡᠯᠡᠬᠦ ᠴᠡᠷᠢᠭ ᠲᠤ ᠤᠷᠤᠵᠦ ᠬᠤᠵᠢᠮ ᠨᠢ ᠬᠦᠮᠦᠨ ᠪᠤᠶᠢᠷ ᠠᠶᠢᠮᠠᠭ ᠲᠤ ᠨᠤᠳᠤᠭᠰᠢᠵᠠᠢ︶ ᠵᠡᠷᠭᠡ ᠲᠠᠪᠤᠨ ᠲᠦᠷᠢ ᠶᠢᠨ ᠲᠤᠶᠢᠨ ᠯᠠᠮᠠ ᠶᠢᠨ ᠬᠤᠪᠢᠯᠭᠠᠨ ᠢ ᠦᠩᠭᠡᠷᠡᠭᠡᠵᠦ᠂ ᠬᠤᠵᠢᠮ ᠨᠢ ᠲᠤᠶᠢᠨ ᠬᠠᠮᠪᠤ ᠯᠠᠮᠠ ᠬᠡᠮᠡᠨ ᠡᠷᠭᠦᠮᠵᠢᠯᠡᠭᠲᠡᠵᠦ ᠲᠤᠰ ᠰᠦᠮ᠎ᠡ ᠶᠢ ᠲᠤᠶᠢᠨ ᠯᠠᠮᠠ ᠶᠢᠨ ᠰᠦᠮ᠎ᠡ ᠭᠡᠵᠦ ᠲᠠᠭᠤᠳᠠᠬᠤ ᠪᠤᠯᠵᠠᠢ᠃      ᠲᠤᠰ ᠰᠦᠮ᠎ᠡ ᠳᠤ ᠦᠷᠭᠦᠯᠵᠢ ᠰᠠᠭᠤᠳᠠᠭ ᠯᠠᠮᠠ ᠨᠢ ᠬᠠᠮᠤᠭ ᠤᠯᠠᠨ ᠳᠠᠭᠠᠨ 150 ᠬᠦᠷᠦᠭᠰᠡᠨ ᠪᠦᠭᠡᠳ ᠬᠤᠷᠡᠯ ᠨᠤᠮ ᠳᠤ ᠬᠤᠷᠠᠭᠰᠡᠨ ᠯᠠᠮᠠ ᠱᠠᠪᠢ ᠬᠠᠮᠤᠭ ᠤᠯᠠᠨ ᠳᠠᠭᠠᠨ ᠲᠦᠷᠪᠠᠨ ᠵᠠᠭᠤ ᠳᠤ ᠬᠦᠷᠴᠠᠢ᠃      ᠲᠤᠰ ᠰᠦᠮ᠎ᠡ ᠬᠦᠭᠡᠭᠡ ᠰᠡᠷ᠎ᠡ ᠶᠢᠨ ᠪᠢᠲᠡᠭᠦᠨ ᠠᠴᠠ ᠴᠠᠭᠠᠨ ᠰᠡᠷ᠎ᠡ ᠶᠢᠨ ᠰᠢᠨ᠎ᠡ ᠶᠢᠨ ᠨᠢᠭᠡᠨ ᠤ ᠡᠳᠤᠷ ᠪᠤᠯᠳᠠᠯ᠎ᠡ ᠴᠠᠭᠠᠨ ᠰᠡᠷ᠎ᠡ ᠶᠢᠨ ᠢᠷᠦᠭᠡᠯ ᠬᠤᠷᠠᠳᠠᠭ ᠪᠠᠶᠢᠨ᠎ᠡ᠃ ᠲᠤᠯᠤᠭᠠᠨ ᠰᠡᠷ᠎ᠡ ᠶᠢᠨ ᠠᠷᠪᠠᠨ ᠤ ᠡᠳᠤᠷ ᠮᠠᠶᠢᠳᠠᠷᠢ ᠡᠷᠬᠢᠵᠦ᠂ ᠠᠷᠪᠠᠨ ᠨᠢᠭᠡᠨ ᠤ ᠡᠳᠤᠷ ᠰᠤᠷ ᠵᠠᠯᠠᠵᠦ᠂ ᠬᠦᠷᠲᠡᠮᠪᠡ᠂ ᠲᠤᠷᠵᠢ ᠴᠦᠮ ᠪᠠᠶᠢᠳᠠᠭ᠃ ᠡᠨᠡ ᠬᠤᠭᠤᠴᠠᠭᠠᠨ ᠤ ᠬᠤᠷᠡᠯ ᠨᠤᠮ ᠳᠤ ᠪᠦᠬᠦ ᠬᠤᠰᠢᠭᠤᠨ ᠤ ᠵᠦᠭ ᠪᠦᠷᠢ ᠶᠢᠨ ᠮᠦᠷᠭᠦᠯᠴᠢᠳ ᠴᠤᠬᠯᠠᠷᠠᠵᠦ ᠶᠡᠭᠡ ᠨᠠᠶᠢᠷ ᠪᠤᠯᠳᠠᠭ ᠪᠠᠶᠢᠵᠠᠢ᠃ ᠲᠤᠰ ᠰᠦᠮ᠎ᠡ ᠳᠤ ᠲᠠᠪᠤᠨ ᠬᠠᠨ ᠪᠡ ᠲᠠᠮᠵᠢᠨ ᠰᠠᠬᠢᠭᠤᠯᠰᠤᠨ ᠤ ᠡᠮᠦᠨ᠎ᠡ ᠠᠴᠠ ᠲᠤᠰ ᠲᠤᠰ ᠬᠤᠶᠠᠷ ᠬᠦᠷᠲᠡᠮᠪᠡ ᠪᠠᠶᠢᠬᠰᠡᠨ ᠪᠦᠭᠡᠳ ᠳ᠋ᠠᠮ᠎ᠡ ᠪᠤᠷᠬᠠᠨ ᠤ ᠡᠮᠦᠨ᠎ᠡ ᠠᠴᠠ ᠪᠠᠭᠤᠳᠠᠭ ᠲᠤᠯᠢᠴᠢ ᠨᠢᠭᠡ ᠪᠠᠶᠢᠵᠠᠢ᠃ ᠬᠦᠷᠲᠡᠮᠪᠡ  ᠶᠢ ᠰᠡᠷ᠎ᠡ ᠪᠦᠷᠢ ᠶᠢᠨ ᠰᠢᠨ᠎ᠡ ᠶᠢᠨ ᠬᠤᠶᠠᠷ ᠤᠨ ᠡᠳᠤᠷ ᠵᠠᠯᠠᠵᠦ ᠪᠠᠭᠤᠯᠭᠠᠳᠠᠭ ᠪᠠᠶᠢᠨ᠎ᠡ᠃ ᠲᠤᠯᠢᠴᠢ ᠶᠢ ᠨᠢᠭᠡ ᠵᠢᠯ  ᠳᠤ ᠬᠤᠶᠠᠷᠬᠠᠨ ᠤᠳᠠᠭ᠎ᠠ ᠪᠠᠭᠤᠯᠭᠠᠳᠠᠭ ᠪᠠᠶᠢᠨ᠎ᠡ᠃ ᠪᠦᠬᠦ ᠬᠤᠰᠢᠭᠤᠨ ᠤ ᠰᠦᠮ᠎ᠡ ᠭᠡᠶᠢᠳ ᠲᠤ ᠦᠭᠡᠷ᠎ᠡ ᠬᠦᠷᠳᠡᠮᠪᠡ  ᠲᠠᠢ ᠰᠦᠮ᠎ᠡ ᠦᠭᠡᠢ ᠪᠤᠯᠬᠤᠷ ᠪᠢᠯᠢᠭ ᠤᠨ ᠤᠯᠠᠷᠢᠯ ᠤᠨ ᠵᠢᠷᠭᠤᠳᠤᠭᠠᠷ ᠰᠡᠷ᠎ᠡ ᠶᠢᠨ ᠠᠷᠪᠠᠨ ᠵᠢᠷᠭᠤᠭᠠᠨ ᠳᠤ ︽ᠪᠤᠶᠠᠨ ᠢ ᠪᠠᠳᠠᠷᠠᠭᠤᠯᠤᠭᠴᠢ ᠰᠦᠮ᠎ᠡ︾ ᠨᠢ ᠲᠤᠶᠢᠨ ᠯᠠᠮᠠ ᠶᠢᠨ ᠰᠦᠮ᠎ᠡ ᠠᠴᠠ ᠬᠤᠶᠠᠷ ᠬᠦᠷᠲᠡᠮᠪᠡ ᠶᠢ ᠵᠠᠯᠠᠵᠦ ᠪᠠᠭᠤᠯᠭᠠᠳᠠᠭ ᠪᠠᠶᠢᠵᠠᠢ᠃      ᠲᠤᠰ ᠰᠦᠮ᠎ᠡ ᠶᠡᠭᠡ ᠰᠠᠩ᠂ ᠪᠠᠷᠠᠭᠤᠨ ︵ᠯᠠᠮᠠ︶ ᠰᠠᠩ᠂ ᠮᠠᠩᠵᠠᠨ ᠵᠢᠰᠡ᠂ ᠨᠦᠩᠨᠡᠢ ᠶᠢᠨ ᠵᠢᠰᠡ ᠵᠡᠷᠭᠡ ᠰᠠᠩ ᠵᠢᠰᠡ ᠲᠠᠢ ᠪᠠᠶᠢᠬᠰᠡᠨ ᠪᠦᠭᠡᠳ ᠬᠤᠵᠢᠮ ᠨᠢ ᠰᠦᠮ᠎ᠡ ᠬᠡᠶᠢᠳ ᠤᠨ ᠪᠠᠷᠢᠯᠭ᠎ᠠ ᠶᠢᠨ ᠦᠷᠭᠡᠵᠢᠵᠦ ᠰᠢᠨᠡᠳᠬᠦ ᠶᠢ ᠲᠠᠭᠠᠯᠳᠤᠨ ᠭᠤᠩᠺᠠᠨ ︵ᠲᠤᠬᠰᠢᠳ︶ ᠲᠤᠭᠠᠩ᠂ ᠵᠠᠩᠬᠢᠨ ᠲᠤᠭᠠᠩ᠂ ᠨᠦᠩᠨᠡᠢ ᠶᠢᠨ ᠲᠤᠭᠠᠩ᠂ ᠭᠧᠮᠫᠢ ᠰᠦᠮ᠎ᠡ᠂ ᠲᠦᠷᠪᠠᠨ ᠵᠦᠭ ᠲᠤ ᠮᠠᠾᠠᠷᠠᠨᠽᠠ ᠶᠢᠨ ᠪᠠᠭ᠎ᠠ ᠰᠦᠮ᠎ᠡ ᠨᠡᠮᠡᠭᠲᠡᠵᠦ᠂ ᠵᠠᠩᠬᠢᠨ ᠲᠤᠭᠠᠩ ᠳᠤ ᠤᠯᠠᠭᠠᠨ ᠰᠠᠬᠢᠭᠤᠯᠰᠤᠨ  ᠤ ᠱᠤᠭᠤᠮᠠᠯ ᠢ ᠪᠦᠲᠦᠭᠡᠵᠠᠢ᠃      ᠴᠤᠬᠴᠢᠨ ᠲᠤᠭᠠᠩ ᠤᠨ ᠭᠤᠷᠪᠠᠳᠤᠭᠠᠷ ᠲᠠᠪᠬᠤᠷ ᠲᠤ ᠭᠤᠮᠪᠤ ᠪᠤᠷᠬᠠᠨ ᠢ ᠲᠠᠬᠢᠬᠰᠡᠨ ᠵᠢᠵᠢᠭ ᠲᠤᠭᠠᠩ ᠤᠨ ᠲᠤᠳᠤᠷ᠎ᠡ ᠤᠤᠯ ᠰᠦᠮ᠎ᠡ ᠶᠢ ᠪᠠᠷᠢᠭᠰᠡᠨ ᠭᠤᠤᠯ ᠲᠠᠷᠬᠠᠨ ᠤ ᠭᠠᠷ ᠪᠠᠭᠠᠵᠢ᠂ ᠲᠠᠷᠬᠠᠨᠴᠤᠳ ᠤᠨ ᠠᠶᠠᠭ᠎ᠠ ᠬᠢᠭᠡᠳ ᠭᠤᠷᠪᠠᠳᠤᠭᠠᠷ ᠲᠦᠷᠢ ᠶᠢᠨ ᠲᠤᠶᠢᠨ ᠯᠠᠮᠠ ᠶᠢᠨ ᠤᠷᠭ᠎ᠠ ︵ᠲᠤᠶᠢᠨ ᠯᠠᠮᠠ ᠰᠦᠮ᠎ᠡ ᠶᠢᠨ ᠠᠳᠤᠭᠤᠨ ᠳᠠᠭᠠᠨ ᠶᠠᠪᠤᠵᠦ ᠪᠠᠶᠢᠭᠠᠳ ᠮᠤᠷᠢᠨ ᠠᠴᠠ ᠪᠠᠨ ᠤᠶᠢᠴᠢᠵᠦ ᠬᠦᠲᠡᠭᠡ ᠲᠠᠭᠠᠯᠠᠯ ᠲᠡᠭᠦᠰᠬᠦ ᠳᠤ ᠪᠠᠷᠢᠵᠦ ᠪᠠᠶᠢᠬᠰᠡᠨ ᠤᠷᠭ᠎ᠠ︶ ᠶᠢ ᠲᠤᠷᠠᠰᠬᠠᠨ ᠲᠠᠬᠢᠵᠠᠢ᠃      1932 ᠤᠨ ᠤ ᠬᠠᠷ᠎ᠡ ᠪᠡᠴᠢᠨ ᠵᠢᠯ᠂ ᠶᠢᠰᠦᠳᠤᠭᠡᠷ ᠲᠦᠷᠢ ᠶᠢᠨ ᠪᠠᠨᠴᠢᠨ ᠪᠤᠬᠲᠡ ᠪᠤᠶᠠᠨ ᠢ ᠪᠠᠳᠠᠷᠠᠭᠤᠯᠤᠭᠴᠢ ᠰᠦᠮ᠎ᠡ ᠳᠤ ᠰᠠᠭᠠᠳᠠᠬᠤ ᠵᠠᠮ ᠳᠠᠭᠠᠨ ᠲᠤᠰ ᠰᠦᠮ᠎ᠡ ᠳᠤ ᠨᠢᠭᠡ ᠡᠳᠤᠷ ᠤᠨ ᠨᠤᠮ ᠲᠠᠯᠪᠢᠵᠦ ᠮᠦᠷᠭᠦᠯ ᠬᠠᠶᠢᠷᠠᠯᠠᠪᠡ᠃      ᠲᠤᠰ ᠰᠦᠮ᠎ᠡ ᠳᠤ ᠲᠤᠷᠠᠯᠢᠭ᠂ ᠴᠢᠮᠡᠳᠳᠤᠷᠵᠢ᠂ ᠵᠠᠮᠪᠠᠯ ᠵᠡᠷᠭᠡ ᠨᠠᠷᠡᠳᠠᠢ ᠡᠮᠴᠢ ᠪᠡ ᠰᠤᠳᠪᠡ᠂ ᠰᠤᠳᠨᠠᠮ᠂ ᠴᠤᠶᠢᠷᠸ᠎ᠠ ᠵᠡᠷᠭᠡ ᠠᠯᠳᠠᠷᠲᠠᠢ ᠬᠡᠪᠰᠢ ᠪᠡ ᠬᠠᠶᠢᠮᠴᠤᠭ᠂ ᠰᠢᠷ᠎ᠡ ᠰᠠᠩᠵᠠᠢ᠂ ᠲᠦᠭᠵᠢᠶ᠎ᠡ ᠤᠤᠰᠤᠷ᠂ ᠲᠦᠳᠦᠨ ᠵᠡᠷᠭᠡ ᠪᠤᠷᠬᠠᠨ ᠪᠦᠲᠦᠭᠡᠬᠦ᠂ ᠵᠢᠷᠤᠬᠤ᠂ ᠴᠢᠮᠡᠭ ᠵᠠᠰᠠᠯ ᠤᠷᠠᠯᠠᠬᠤ ᠤᠨᠴᠠ ᠮᠡᠷᠭᠡᠵᠢᠯᠲᠡᠨ ᠪᠠᠶᠢᠵᠦ᠂ ᠪᠠᠳᠤᠬᠠᠭᠠᠯᠭ᠎ᠠ ᠰᠦᠮ᠎ᠡ ᠶᠢ ᠵᠠᠰᠠᠵᠦ ᠰᠠᠯᠪᠢᠬᠦ ᠠᠵᠢᠯ ᠳᠤ ᠤᠷᠤᠯᠴᠠᠵᠦ ᠭᠤᠤᠯ ᠤᠷᠠᠯᠢᠭ ᠤᠨ ᠠᠵᠢᠯ ᠢ ᠬᠢᠵᠠᠢ᠃      ᠰᠦᠮ᠎ᠡ ᠶᠢᠨ ᠮᠠᠯ ᠰᠦᠷᠦᠭ ᠬᠡᠪᠡᠯ᠂ ᠦᠩᠭᠡᠷᠡᠭᠰᠡᠨ ᠳᠤ ᠪᠤᠳᠠ ᠮᠠᠯ ᠵᠢᠷᠭᠤᠭᠠᠨ ᠵᠠᠭᠤ ᠭᠠᠷᠤᠢ᠂ ᠪᠤᠭ ᠮᠠᠯ ᠨᠠᠢᠮᠠᠨ ᠮᠢᠩᠭ᠎ᠠ ᠬᠦᠷᠦᠭᠰᠡᠨ ᠲᠡᠦᠭᠡ ᠲᠠᠢ᠃      ᠲᠤᠰ ᠰᠦᠮ᠎ᠡ ᠶᠢᠨ ᠯᠠᠮᠠ ᠮᠡᠲᠡᠭᠡᠴᠢᠳ ᠢ ᠬᠤᠰᠢᠭᠤ ᠶᠠᠮᠤᠨ ᠠᠴᠠ ᠬᠢᠨᠠᠨ ᠲᠤᠮᠢᠯᠠᠳᠠᠭ ᠪᠦᠭᠡᠳ ᠵᠠᠭᠦᠨ ᠰᠤᠮᠤᠨ ᠤ ᠬᠠᠮᠢᠶᠠᠷᠤᠯᠲᠡ ᠳᠤ ᠪᠠᠶᠢᠵᠦ᠂ ᠪᠤᠶᠠᠨ ᠢ ᠪᠠᠳᠠᠷᠠᠭᠤᠯᠤᠭᠴᠢ ᠰᠦᠮ᠎ᠡ ᠶᠢᠨ ᠬᠤᠷᠡᠯ ᠨᠤᠮ ᠳᠤ ᠲᠡᠭᠡᠲᠦ ᠰᠠᠭᠤᠳᠡᠯ ᠳᠤ ᠰᠠᠭᠤᠳᠠᠭ ᠪᠠᠶᠢᠵᠠᠢ᠃      ᠲᠤᠶᠢᠨ ᠯᠠᠮᠠ ᠶᠢᠨ ᠰᠦᠮ᠎ᠡ ᠬᠤᠶᠠᠷ ᠵᠠᠭᠤ ᠪᠦᠭᠡᠳ ᠨᠢᠭᠡ ᠵᠢᠯ ᠤᠨ ᠲᠡᠦᠭᠡ ᠶᠢ ᠲᠤᠭᠤᠯᠤᠭᠠᠳ᠂ ᠰᠤᠶᠤᠯ  ᠤᠨ ᠶᠡᠭᠡ ᠬᠤᠪᠢᠰᠬᠠᠯ ᠤᠨ ᠰᠢᠭᠤᠷᠭᠠᠨ ᠳᠤ ᠬᠤᠭ ᠦᠭᠡᠢ ᠠᠷᠢᠯᠵᠠᠢ᠃      ᠦᠷᠡᠭᠲᠡᠭᠰᠡᠨ ᠪᠠᠭᠤᠷᠢ ᠨᠢ ᠤᠳᠤ ᠶᠢᠨ ᠲᠠᠷᠬᠠᠨ ᠮᠤᠤᠮᠢᠩᠭᠠᠨ ᠬᠤᠯᠪᠤᠭᠠᠲᠦ ᠬᠤᠰᠢᠭᠤᠨ ᠤ ᠴᠠᠭᠠᠬᠤᠪᠤᠭ᠎ᠠ ᠰᠤᠮᠤᠨ ᠤ ᠲᠦᠪ ᠳᠤ ᠪᠤᠢ᠃
 
ᠢᠷᠡᠯᠲᠡ᠄ ᠲᠠᠷᠬᠠᠨ ᠮᠤᠤᠮᠢᠩᠭᠠᠨ ᠤ ᠵᠠᠰᠠᠭ ᠤᠨ ᠤᠷᠳᠤᠨ ᠤ ᠮᠤᠩᠭᠤᠯ ᠰᠦᠯᠵᠢᠶ᠎ᠡ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号