ᠬᠠᠪᠤᠲᠦ ᠬᠠᠰᠠᠷ ᠤᠨ ᠲᠠᠬᠢᠯᠭᠠᠨ ᠦᠷᠭᠦᠭᠡᠨ ᠤ ᠪᠦᠷᠢᠶᠠᠰᠦ ᠶᠢᠨ ᠢᠷᠦᠭᠡᠯ
ᠨᠡᠶᠢᠲᠡᠯᠡᠭᠰᠡᠨ ᠴᠠᠭ᠄
2019-06-12
      ᠤᠸ᠋ᠮ ᠰᠠᠶᠢᠨ ᠠᠮᠤᠭᠤᠯᠠᠩ ᠲᠠᠨ ᠪᠤᠯᠳᠤᠭᠠᠢ       ᠦᠯᠵᠡᠢ ᠵᠢᠷᠭᠠᠯ       ᠦᠷᠭᠦᠯᠵᠢᠲᠡ ᠢᠷᠡᠳᠤᠭᠡᠢ︕       ᠠ       ᠪᠠᠶᠠᠨ ᠬᠠᠨ ᠤ ᠡᠩᠭᠡᠷ ᠲᠡᠭᠡᠷ᠎ᠡ       ᠪᠠᠶᠠᠨ ᠰᠦᠷᠦᠭ ᠤᠨ ᠪᠡᠯᠴᠢᠭᠡᠷ ᠲᠠᠢ       ᠠᠶᠢᠪᠠᠭ᠎ᠠ ᠬᠠᠳᠤᠨ ᠤ ᠤᠰᠤ ᠲᠠᠢ       ᠠᠯᠳᠠᠨ ᠰᠢᠯᠢ ᠶᠢᠨ ᠨᠤᠳᠤᠭ ᠲᠠᠢ       ᠡᠵᠡᠨ ᠪᠤᠬᠲᠡ ᠶᠢᠨ ᠦᠶ᠎ᠡ ᠠᠴᠠ       ᠡᠪᠦᠭᠡ ᠲᠡᠭᠡᠲᠦ ᠶᠢᠨ ᠬᠤᠯᠪᠤᠭ᠎ᠠ ᠲᠠᠢ       ᠬᠠᠷ᠎ᠡ ᠱᠤᠷᠤᠩ ᠪᠡᠯ ᠲᠡᠭᠡᠷ᠎ᠡ       ᠬᠠᠰᠠᠷ ᠪᠤᠷᠬᠠᠨ ᠤ ᠰᠢᠲᠦᠭᠡᠨ ᠲᠠᠢ       ᠲᠠᠪᠤᠨ ᠬᠤᠰᠢᠭᠤ ᠮᠠᠯ ᠨᠢ       ᠲᠠᠩᠰᠤᠭ ᠰᠠᠶᠢᠨ ᠦᠷᠡᠵᠢᠵᠦ       ᠬᠠᠯᠠᠭᠤᠨ ᠬᠤᠰᠢᠭᠤ ᠲᠡᠨ ᠨᠢ᠄       ᠲᠦᠭᠦᠷᠢᠭ ᠰᠡᠭᠦᠯ ᠲᠠᠢ ᠬᠤᠨᠢᠨ ᠰᠦᠷᠦᠭ       ᠲᠦᠮᠡ ᠲᠦᠮᠡ ᠪᠠᠷ ᠪᠡᠯᠴᠢᠵᠦ       ᠲᠠᠨ᠎ᠡ ᠰᠤᠩᠭᠢᠨ᠎ᠡ ᠪᠠᠷ ᠢᠳᠡᠰᠢᠯᠡᠭᠦᠯᠵᠦ       ᠲᠤᠩᠭᠠᠯᠠᠭ ᠷᠠᠰᠢᠶᠠᠨ ᠢᠶᠠᠷ ᠤᠮᠳᠠᠯᠠᠭᠤᠯᠵᠦ       ᠰᠢᠯᠢ ᠵᠤ ᠪᠠᠷ ᠲᠠᠮᠵᠢᠭᠤᠯᠵᠦ       ᠰᠢᠮᠡᠯᠢᠭ ᠰᠢᠨ᠎ᠡ ᠪᠠᠷ ᠨᠠᠮᠤᠷᠵᠢᠭᠤᠯᠵᠦ       ᠦᠨᠳᠦᠷ ᠪᠠᠶᠠᠨ ᠤ ᠡᠩᠭᠡᠷ ᠲᠤ       ᠦᠩᠭᠡᠰᠢᠭ ᠰᠠᠶᠢᠨ ᠢᠶᠠᠷ ᠡᠪᠦᠯᠵᠢᠭᠦᠯᠵᠦ       ᠦᠷᠭᠡᠨ ᠬᠠᠭᠠᠯᠭᠠᠨ ᠤ ᠠᠮᠠᠨ ᠳᠤ       ᠦᠯᠵᠡᠢ ᠰᠠᠶᠢᠨ ᠢᠶᠠᠷ ᠬᠠᠪᠤᠷᠵᠢᠭᠤᠯᠵᠦ᠄       ᠨᠤᠤᠰᠤᠨ ᠤ ᠬᠢᠨᠢ ᠵᠤᠵᠠᠭᠠᠨ       ᠨᠤᠭᠤᠭᠠᠨ ᠰᠤᠯᠢ ᠠᠴᠠ ᠬᠡᠲᠦᠷᠡᠵᠦ       ᠦᠰᠦᠨ ᠤᠨ ᠬᠢᠨᠢ ᠦᠨᠳᠦᠷ       ᠦᠯᠦᠩ ᠰᠤᠯᠢ ᠶᠢ ᠲᠠᠪᠠᠵᠦ       ᠠᠷᠦ ᠠᠴᠠ ᠨᠢ ᠬᠠᠷᠠᠬᠤ ᠳᠤ       ᠠᠭᠤᠯᠠ ᠬᠡᠮᠡᠷ ᠪᠤᠳᠤᠬᠳᠠᠭᠤᠯᠵᠦ       ᠬᠠᠵᠠᠭᠤ ᠠᠴᠠ ᠨᠢ ᠦᠵᠡᠬᠦ ᠳᠤ       ᠬᠠᠶᠢᠷᠬᠠᠨ ᠬᠡᠮᠡᠷ ᠰᠠᠨᠠᠬᠳᠠᠭᠤᠯᠵᠦ       ᠬᠠᠶᠢᠴᠢᠯᠠᠵᠦ ᠠᠪᠤᠬᠰᠡᠨ ᠨᠤᠤᠰᠦ ᠶᠢ ᠨᠢ       ᠬᠠᠰᠠᠭ ᠲᠡᠷᠭᠡ ᠪᠠᠷ ᠵᠦᠭᠡᠭᠡᠪᠦᠷᠢᠯᠡᠵᠦ       ᠬᠠᠷ᠎ᠡ ᠱᠤᠷᠤᠩ ᠤᠨ ᠡᠩᠭᠡᠷ ᠲᠤ       ᠬᠠᠶᠢᠷ ︵ᠬᠢᠷ᠎ᠡ︶ ᠭᠠᠷᠲᠡᠯ᠎ᠡ ᠤᠪᠤᠭᠠᠯᠠᠵᠦ       ︽ᠴᠠᠰᠦᠲᠦ ᠴᠠᠭᠠᠨ ᠠᠭᠤᠯᠠ︾ ᠬᠢᠵᠦ       ᠴᠠᠭᠠᠲᠠᠢ ᠬᠤᠰᠢᠭᠤᠳ ᠦᠢᠮᠡᠯᠳᠤᠵᠦ       ᠬᠤᠷᠳᠤᠨ ᠬᠦᠯᠦᠭ ᠢᠶᠠᠨ ᠡᠮᠡᠭᠡᠯᠯᠡᠵᠦ       ᠬᠤᠶᠠᠷ ᠡᠳᠤᠷ ᠢᠶᠠᠷ ᠲᠠᠪᠬᠢᠭᠤᠯᠵᠦ       ᠦᠵᠡᠭᠰᠡᠨ ᠪᠦᠬᠦᠨ ᠢᠶᠠᠷ ᠭᠠᠶᠢᠬᠠᠯᠳᠤᠵᠦ       ᠡᠭᠡᠷᠦᠦ ᠮᠡᠭᠡᠷᠦᠦ ᠵᠤᠬᠰᠤᠴᠠᠭᠠᠵᠦ       ᠬᠠᠷᠠᠭᠰᠡᠨ ᠤᠯᠠᠨ ᠢᠶᠠᠷ ᠭᠠᠶᠢᠬᠠᠯᠳᠤᠵᠦ       ᠬᠠᠮᠬᠢᠬᠤ ᠠᠮᠠ ᠪᠠᠨ ᠮᠠᠷᠳᠠᠵᠠᠢ᠃       ᠰᠠᠶᠢᠬᠠᠨ ᠵᠢᠰᠦᠲᠠᠢ ᠪᠦᠰᠡᠭᠦᠶᠢᠴᠤᠳ       ᠽᠠᠨᠲᠡᠨ ᠰᠠᠪᠠᠭ᠎ᠠ ᠠᠳᠬᠤᠵᠦ       ᠪᠤᠯᠪᠠᠷᠬᠠᠨ ᠵᠢᠰᠦᠲᠠᠢ ᠬᠡᠦᠭᠡ ᠨᠦᠭᠦᠳ       ᠪᠤᠷᠭᠠᠰᠦᠨ ᠰᠠᠪᠠᠭ᠎ᠠ ᠡᠷᠬᠢᠭᠦᠯᠵᠦ       ᠰᠠᠪᠠᠨ ᠰᠠᠪᠠᠨ ᠪᠤᠯᠪᠠᠰᠤᠷᠠᠭᠤᠯᠵᠦ       ᠰᠠᠶᠢᠨ ᠮᠠᠭᠤ ᠶᠢ ᠨᠢ ᠢᠯᠭᠠᠵᠦ       ᠤᠭ᠍ᠶᠦ ᠨᠤᠭᠤᠭᠠᠨ ᠲᠠᠨᠵᠢᠨ ᠲᠡᠭᠡᠷ᠎ᠡ       ᠤᠰᠤᠲᠦ ᠪᠤᠯᠠᠭ ᠤᠨ ᠡᠬᠢᠨ ᠳᠤ       ᠤᠷᠠᠨ ᠭᠠᠷ ᠲᠠᠢ ᠪᠦᠰᠡᠭᠦᠶᠢᠴᠤᠳ       ᠤᠷᠤᠭᠰᠢ ᠬᠤᠶᠢᠰᠢ ᠬᠦᠶᠦᠯᠳᠤᠵᠦ       ᠵᠤᠯᠢᠨ ᠵᠤᠯᠢᠨ ᠱᠠᠭᠠᠶᠢᠵᠦ       ᠵᠤᠵᠠᠭᠠᠨ ᠨᠢᠮᠭᠡᠨ ᠢ ᠨᠢ ᠰᠠᠯᠭᠠᠵᠦ       ᠦᠯᠮᠠᠢ ᠲᠠᠷᠤᠨ ᠰᠦᠭᠦᠳᠴᠦ       ᠦᠪᠡᠭᠡᠵᠦ ︵ᠡᠪᠦᠳᠦᠭᠯᠡᠵᠦ︶ ᠲᠠᠷᠤᠨ ᠪᠦᠷᠢᠯᠳᠦᠭᠦᠯᠵᠦ       ᠠᠷᠢᠭᠤᠨ ᠤᠰᠤ ᠪᠠᠷ ᠱᠠᠪᠰᠢᠵᠦ       ᠠᠮᠢ ᠶᠠᠰᠦ ᠶᠢ ᠨᠢ ᠴᠢᠩᠭᠠᠷᠠᠭᠤᠯᠵᠠᠢ᠃       ᠪᠠᠶᠠᠨ ᠲᠠᠷᠡᠰᠦᠨ ᠤ ᠲᠤᠮᠲᠡ       ᠪᠠᠭᠠᠳᠤᠷ ᠵᠠᠯᠠᠭᠤᠰ ᠴᠤᠬᠯᠠᠷᠠᠵᠦ       ᠬᠦᠴᠦᠨ ᠴᠢᠲᠡᠯ ᠢᠶᠠᠨ ᠮᠦᠷᠦᠶᠢᠴᠡᠬᠦ ᠪᠠᠷ       ᠬᠦᠯᠦᠭ ᠮᠤᠷᠢᠳ ᠢᠶᠠᠨ ᠡᠮᠡᠭᠡᠯᠯᠡᠵᠦ       ᠪᠤᠷᠦ ᠵᠢᠷᠤᠭ᠎ᠠ ᠮᠤᠷᠢᠨ ᠲᠡᠭᠡᠷ᠎ᠡ ᠪᠤᠬᠴᠠᠵᠦ ᠤᠶᠠᠭᠠᠳ ᠪᠠᠷᠡᠯ᠎ᠡ᠃       ᠲᠡᠮᠲᠠᠢ ᠡᠵᠢ ᠨᠠᠷ ᠨᠢ       ᠲᠠᠮ ᠢ ᠨᠢ ᠵᠢᠭᠠᠵᠦ ᠦᠭᠭᠦᠭᠡᠳ       ᠲᠠᠷᠠᠰᠦᠨ ᠨᠠᠮᠠᠭ᠎ᠠ ᠲᠡᠭᠡᠭᠦᠷ ᠲᠡᠭᠳᠡᠭᠦᠯᠵᠦ ᠲᠡᠷᠡᠨ ᠬᠦᠶᠦᠯᠭᠡᠵᠦ       ᠤᠬᠠᠭᠠᠨ ᠲᠠᠢ ᠠᠪᠤ ᠨᠠᠷ ᠨᠢ       ᠤᠴᠢᠷ ᠢ ᠨᠢ ᠵᠢᠭᠠᠵᠦ ᠦᠭᠭᠦᠭᠡᠳ       ᠤᠷᠢᠲᠦ ᠪᠠᠶᠠᠨ ᠤ ᠵᠤ ᠪᠠᠷ ᠦᠰᠦᠷᠦᠭᠦᠯᠵᠦ ᠲᠠᠳᠠᠵᠦ ᠬᠦᠶᠦᠯᠭᠡᠵᠦ       ᠡᠩᠭᠡ ᠶᠡᠭᠡ ᠢᠰᠡᠭᠡᠢ ᠶᠢ       ᠡᠷᠳᠡᠨᠢ ᠶᠢᠨ ᠲᠡᠯ᠎ᠡ ᠳᠠᠭᠠᠨ ᠲᠡᠯᠭᠡᠭᠡᠳ       ᠬᠤᠨ ᠴᠠᠭᠠᠨ ᠢᠰᠡᠭᠡᠢ ᠶᠢ       ᠬᠤᠳᠠᠯᠠ ᠲᠡᠯ᠎ᠡ ᠳᠠᠭᠠᠨ ᠲᠠᠢ ᠲᠡᠯᠭᠡᠭᠡᠳ       ᠰᠠᠷᠬᠤᠳ ᠢᠶᠠᠨ ᠰᠦᠩᠨᠡᠵᠦ       ᠰᠠᠶᠢᠨ ᠢᠷᠦᠭᠡᠯ ᠢ ᠲᠠᠯᠪᠢᠭᠤᠯᠵᠦ       ᠠᠯᠪᠠᠨ ᠲᠠᠷᠠᠬᠤᠨ ᠴᠤᠬᠯᠠᠵᠦ       ᠠᠯᠳᠠᠨ ᠭᠡᠷᠡᠯ ᠢ ᠤᠩᠰᠢᠭᠤᠯᠵᠦ       ᠠᠷᠢᠭᠤᠨ ᠢᠲᠡᠭᠡᠨ ᠢᠶᠠᠷ ᠮᠢᠯᠢᠶᠠᠵᠦ       ᠠᠷᠠᠯᠲᠦ ᠬᠠᠰᠠᠭ ᠲᠤ ᠠᠴᠢᠶᠠᠯᠠᠵᠦ       ᠪᠤᠷᠬᠠᠨ ︵ᠪᠤᠬᠲᠡ︶ ᠬᠠᠰᠠᠷ ᠤᠨ ᠤᠷᠳᠤᠨ ᠤ ᠪᠦᠷᠢᠶᠠᠰᠦ ᠪᠤᠯᠭᠠᠨ ᠡᠷᠭᠦᠪᠡᠢ       ᠤᠯᠠᠨ ᠲᠠᠷᠬᠠᠳ ᠴᠤᠭᠴᠠᠯᠠᠵᠦ       ᠤᠩᠰᠢᠯᠭ᠎ᠠ ᠰᠠᠴᠤᠯᠢ ᠡᠷᠭᠦᠵᠦ       ᠴᠠᠭᠠᠨ ᠢᠲᠡᠭᠡᠨ ᠢᠶᠠᠷ ᠮᠢᠯᠢᠶᠠᠵᠦ       ᠴᠢᠷ ︵ᠴᠢᠷᠠᠭ᠎ᠠ︶ ᠲᠡᠷᠭᠡᠨ ᠳᠤ ᠠᠴᠢᠶᠠᠯᠠᠵᠦ       ᠪᠤᠷᠬᠠᠨ ᠠᠭᠤᠯᠠ ᠶᠢᠨ ᠤᠩᠭᠤᠨ ᠤ       ᠪᠦᠷᠢᠶᠡᠰᠦ ᠪᠤᠯᠭᠠᠨ ᠡᠷᠭᠦᠪᠡᠢ᠃                                       ︽ᠬᠠᠪᠤᠲᠦ ᠬᠠᠰᠠᠷ︾ ᠨᠤᠮ ᠠᠴᠠ ᠪᠠᠭᠤᠯᠭᠠᠪᠡ
 
ᠢᠷᠡᠯᠲᠡ᠄ ᠲᠠᠷᠬᠠᠨ ᠮᠤᠤᠮᠢᠩᠭᠠᠨ ᠤ ᠵᠠᠰᠠᠭ ᠤᠨ ᠤᠷᠳᠤᠨ ᠤ ᠮᠤᠩᠭᠤᠯ ᠰᠦᠯᠵᠢᠶ᠎ᠡ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号