| ᠴᠢᠨᠠᠷᠲᠦ ᠶᠢᠨ ᠰᠦᠮ᠎ᠡ ︵ᠮᠦᠩᠭᠡ ᠪᠠᠶᠠᠰᠬᠤᠯᠠᠩᠲᠦ ᠰᠦᠮ᠎ᠡ︶ ᠶᠢ ᠡᠩᠭᠡ ᠠᠮᠤᠭᠤᠯᠠᠩ ᠤᠨ ᠲᠦᠴᠢᠨ | ᠵᠢᠷᠭᠤᠳᠤᠭᠠᠷ ᠤᠨ ︵1707 ᠤᠨ︶ ᠤ ᠤᠯᠠᠬᠴᠢᠨ ᠭᠠᠭ᠋ᠠᠢ ᠵᠢᠯ ᠳᠤ ᠬᠠᠯᠬ᠎ᠠ ᠪᠠᠷᠠᠭᠤᠨ ᠭᠠᠷ ᠤᠨ ᠠᠶᠢᠮᠠᠭ ᠤᠨ | ᠵᠢᠶᠦ᠋ᠨ ᠸᠠᠩ ᠨᠤᠶᠠᠨ ᠭᠤᠮᠪᠤ ᠶᠢᠨ ᠭᠤᠷᠪᠠᠳᠤᠭᠠᠷ ᠦᠶ᠎ᠡ ᠶᠢᠨ ᠵᠠᠯᠭᠠᠮᠵᠢᠯᠠᠭᠴᠢ ᠵᠢᠶᠦ᠋ᠨ ᠸᠠᠩ ᠬᠦᠷᠦᠰᠢᠠᠾᠢ ᠶᠢᠨ | ᠠᠬᠠᠮᠠᠳ ᠬᠦᠪᠡᠭᠦᠨ ××× ᠤ ᠬᠠᠮᠢᠶᠠᠷᠤᠭᠰᠡᠨ ××× ᠬᠤᠰᠢᠭᠤᠨ ᠤ ᠵᠤᠷᠢᠬᠲᠦ ᠪᠠᠶᠢᠰᠡ ᠪᠠᠳᠮᠠᠸᠠᠩᠵᠢᠯ᠂ | ᠤᠳᠤ ᠶᠢᠨ ᠲᠠᠷᠬᠠᠨ ᠮᠤᠤᠮᠢᠩᠭᠠᠨ ᠬᠤᠰᠢᠭᠤᠨ ᠤ ᠰᠠᠶᠢᠠᠬᠤᠳᠳᠤᠭ ᠰᠢᠶᠠᠩ ᠤᠨ ᠸᠠ ᠶᠢᠦ ᠭᠡᠰᠡᠨ ᠭᠠᠵᠠᠷ | ᠪᠠᠶᠢᠭᠤᠯᠵᠠᠢ᠃ | ᠡᠩᠭᠡ ᠠᠮᠤᠭᠤᠯᠠᠩ ᠬᠠᠭᠠᠨ ᠠᠴᠠ ᠲᠦᠷᠪᠠᠨ ᠬᠡᠯᠡ ᠪᠠᠷ ᠪᠢᠴᠢᠭᠰᠡᠨ ᠢᠯᠡᠷᠭᠡᠶᠢᠯᠡᠯ ᠰᠤᠶᠤᠷᠬᠠᠵᠦ᠂ ᠮᠤᠩᠭᠤᠯ | ᠢᠶᠠᠷ ︽ᠮᠦᠩᠭᠡ ᠪᠠᠶᠠᠰᠬᠤᠯᠠᠩᠲᠦ ᠰᠦᠮ᠎ᠡ︾ ᠭᠡᠲᠡᠭ᠃ ᠰᠦᠮ᠎ᠡ ᠳᠤ ᠰᠠᠭᠤᠬᠤ ᠯᠠᠮᠠ ᠶᠢᠨ ᠲᠤᠭ᠎ᠠ ᠶᠢ ᠲᠦᠴᠢᠨ | ᠲᠡᠪᠤᠨ ᠬᠦᠮᠦᠨ ᠢᠶᠠᠷ ᠲᠤᠭᠳᠠᠭᠠᠵᠠᠢ᠃ | ᠲᠤᠰ ᠰᠦᠮ᠎ᠡ ᠬᠠᠭᠠᠨ ᠡᠵᠡᠨ ᠤ ᠢᠯᠡᠷᠭᠡᠶᠢᠯᠡᠯ ᠪᠡ ᠲᠦᠳᠢᠶᠡ ᠲᠠᠢ ᠪᠤᠯᠬᠤᠷ ᠬᠠᠯᠬ᠎ᠠ ᠪᠠᠷᠠᠭᠤᠨ ᠭᠠᠷ ᠤᠨ | ᠬᠤᠰᠢᠭᠤᠨ ᠤ ᠬᠤᠰᠢᠭᠤ ᠬᠠᠮᠢᠶᠠᠷᠤᠯᠲᠡ ᠶᠢᠨ ᠭᠤᠷᠪᠠᠨ ᠰᠦᠮ᠎ᠡ ︵ᠪᠤᠶᠠᠨ ᠢ ᠪᠠᠳᠠᠷᠠᠭᠤᠯᠤᠭᠴᠢ ᠰᠦᠮ᠎ᠡ᠂ ᠱᠠᠰᠢᠨ | ᠠᠮᠤᠭᠤᠯᠠᠩᠲᠦ ᠰᠦᠮ᠎ᠡ︶ ᠶᠢᠨ ᠨᠢᠭᠡ ᠨᠢ ᠪᠤᠯᠤᠨ᠎ᠡ᠃ | ᠪᠠᠳᠠᠷᠠᠭᠤᠯᠲᠦ ᠲᠦᠷᠦ ᠶᠢᠨ ᠰᠡᠭᠦᠯᠴᠢ ᠦᠶ᠎ᠡ ᠳᠤ᠂ ᠲᠡᠭᠡᠷᠡᠮ ᠳᠤ ᠦᠷᠡᠭᠲᠡᠭᠰᠡᠨ ᠢ ᠭᠤᠷᠪᠠᠳᠤᠭᠠᠷ ᠲᠦᠷᠢ | ᠶᠢᠨ ᠢᠯᠭᠤᠭᠰᠡᠨ ᠬᠤᠪᠢᠯᠭᠠᠨ ᠴᠢᠨᠠᠷᠲᠦ ᠬᠡᠮᠡᠬᠦ ᠭᠠᠵᠠᠷ ᠲᠤ ᠨᠡᠭᠦᠯᠭᠡᠵᠦ᠂ ᠤᠤᠯ ᠮᠠᠶ᠋ᠢᠭ ᠤᠨ ᠨᠢᠭᠡ ᠲᠤᠭᠠᠩ ᠢ | ᠴᠤᠬᠴᠠᠯᠠᠵᠠᠢ᠃ ᠢᠩᠭᠢᠭᠡᠳ ᠴᠢᠨᠠᠷᠲᠦ ᠶᠢᠨ ᠰᠦᠮ᠎ᠡ ᠭᠡᠵᠦ ᠲᠠᠭᠤᠳᠠᠳᠠᠭ ᠪᠤᠯᠤᠭᠰᠡᠨ᠃ | ᠲᠤᠰ ᠰᠦᠮ᠎ᠡ ᠲᠦᠪᠡᠳ ᠮᠠᠶ᠋ᠢᠭ ᠤᠨ ᠨᠢᠭᠡ ᠲᠤᠭᠠᠩ᠂ ᠯᠠᠮᠠ ᠶᠢᠨ ᠰᠠᠩ᠂ ᠶᠡᠭᠡ ᠰᠠᠩ ᠭᠡᠬᠦ ᠬᠤᠶᠠᠷ ᠰᠠᠩ | ᠲᠠᠢ ᠪᠠᠶᠢᠵᠠᠢ᠃ | ᠲᠤᠰ ᠰᠦᠮ᠎ᠡ ᠶᠢᠨ ᠬᠠᠮᠤᠭ ᠠᠩᠬᠠᠨ ᠤ ᠰᠢᠷᠡᠭᠡᠨ ᠳᠤ ᠰᠠᠭᠤᠭᠰᠡᠨ ᠬᠤᠪᠢᠯᠭᠠᠨ ᠯᠠᠮᠠ ᠪᠤᠯ | ᠠᠬᠸᠠᠩᠶᠤᠨᠳᠤᠮᠳᠤᠷᠠᠮᠪᠡ ᠪᠤᠯᠤᠨ᠎ᠡ᠂ ᠬᠤᠵᠢᠮ ᠨᠢ ᠢᠯᠭᠤᠭᠰᠡᠨ ᠬᠤᠪᠢᠯᠭᠠᠨ ᠬᠡᠰᠡᠨ ᠲᠠᠪᠤᠨ ᠲᠦᠷᠢ ᠲᠤᠳᠤᠷᠠᠵᠠᠢ᠃ | ᠬᠠᠮᠤᠭ ᠰᠡᠭᠦᠯ ᠤᠨ ᠲᠦᠷᠢ ᠶᠢᠨ ᠬᠤᠪᠢᠯᠭᠠᠨ ᠢ 1928 ᠤᠨ ᠳᠤ ᠲᠦᠷᠦᠭᠰᠡᠨ ︵ᠯᠤᠤ ᠵᠢᠯ ᠲᠠᠢ︶ ᠴᠢᠮᠡᠳᠳᠤᠷᠵᠢ | ᠶᠢ ᠲᠤᠳᠤᠷᠠᠭᠤᠯᠵᠦ᠂ ᠶᠢᠰᠦᠳᠤᠭᠡᠷ ᠲᠦᠷᠢ ᠶᠢᠨ ᠪᠠᠨᠴᠢᠨ ᠪᠤᠬᠲᠡ ᠠᠴᠠ ᠰᠡᠬᠢᠯ ᠬᠠᠶᠢᠷᠠᠯᠠᠵᠦ᠂ | ᠯᠤᠪᠰᠠᠩᠳᠦ᠋ᠪᠳᠠᠨᠫᠤᠩᠰᠤᠭ ᠬᠡᠰᠡᠨ ᠰᠠᠬᠢᠯ ᠤᠨ ᠨᠡᠷ᠎ᠡ ᠦᠭᠴᠠᠢ᠃ ᠲᠤᠰ ᠢᠯᠭᠤᠭᠰᠡᠨ ᠬᠤᠪᠢᠯᠭᠠᠨ ᠯᠠᠮᠠ | ᠴᠢᠯᠦᠭᠡᠯᠡᠭᠲᠡᠭᠰᠡᠨ ᠤ ᠲᠠᠷᠠᠭ᠎ᠠ ᠰᠤᠷᠭᠠᠭᠤᠯᠢ ᠳᠤ ᠤᠷᠤᠵᠦ ᠪᠠᠭᠰᠢ ᠶᠢᠨ ᠠᠵᠢᠯ ᠬᠢᠵᠦ᠂ ᠬᠤᠵᠢᠮ ᠨᠢ ᠬᠤᠰᠢᠭᠤᠨ ᠤ | ᠤᠯᠤᠰ ᠲᠦᠷᠦ ᠶᠢᠨ ᠵᠦᠪᠯᠡᠯᠭᠡᠨ ᠤ ᠲᠡᠳ᠋ ᠲᠡᠷᠢᠭᠦᠯᠡᠭᠴᠢ ᠶᠢᠨ ᠲᠤᠰᠢᠶᠠᠯ ᠳᠤ ᠪᠠᠶᠢᠭᠠᠳ ᠠᠵᠢᠯ ᠤᠨ ᠠᠮᠠᠷᠠᠯᠲᠡ | ᠪᠠᠨ ᠠᠪᠤᠭᠰᠡᠨ ᠪᠠᠶᠢᠨ᠎ᠡ᠃ | 1932 ᠤᠨ ᠳᠤ ᠶᠢᠰᠦᠳᠤᠭᠡᠷ ᠲᠦᠷᠢ ᠶᠢᠨ ᠪᠠᠨᠴᠢᠨ ᠪᠤᠬᠲᠡ ᠲᠤᠰ ᠰᠦᠮ᠎ᠡ ᠶᠢᠨ ᠯᠠᠪᠷᠤᠩ ᠳᠤ | ᠰᠠᠭᠠᠳᠠᠵᠦ ᠪᠠᠭᠤᠭᠰᠡᠨ ᠲᠡᠦᠭᠡ ᠲᠠᠢ ᠪᠢᠯᠡ᠃ | ᠲᠤᠰ ᠰᠦᠮ᠎ᠡ ᠶᠢᠨ ᠯᠠᠮᠠ ᠮᠡᠲᠡᠭᠡᠴᠢᠳ ᠢ ᠬᠤᠰᠢᠭᠤ ᠶᠠᠮᠤᠨ ᠠᠴᠠ ᠲᠤᠮᠢᠯᠠᠳᠠᠭ ᠪᠦᠭᠡᠳ ᠪᠠᠷᠠᠭᠤᠨ ᠠᠶᠢᠮᠠᠭ | ᠠᠴᠠ ᠬᠠᠮᠢᠶᠠᠷᠳᠠᠭ ᠪᠠᠶᠢᠵᠠᠢ᠃ ᠪᠤᠶᠠᠨ ᠢ ᠪᠠᠳᠠᠷᠠᠭᠤᠯᠤᠭᠴᠢ ᠰᠦᠮ᠎ᠡ ᠶᠢᠨ ᠬᠤᠷᠡᠯ ᠨᠤᠮ ᠳᠤ ᠤᠷᠤᠯᠴᠠᠬᠤ ᠳᠤ ᠲᠤᠰ | ᠰᠦᠮ᠎ᠡ ᠶᠢᠨ ᠯᠠᠮᠠ ᠮᠡᠲᠡᠭᠡᠴᠢᠳ ᠲᠡᠭᠡᠲᠦ ᠰᠠᠭᠤᠳᠡᠯ ᠳᠤ ᠰᠠᠭᠤᠳᠠᠭ ᠪᠠᠶᠢᠨ᠎ᠡ᠃ | ᠲᠤᠰ ᠰᠦᠮ᠎ᠡ ᠳᠤ ᠦᠷᠭᠦᠯᠵᠢ ᠰᠠᠭᠤᠳᠠᠭ ᠯᠠᠮᠠ ᠱᠠᠪᠢ ᠬᠤᠷᠢ ᠭᠠᠷᠤᠢ᠂ ᠬᠤᠷᠡᠯ ᠨᠤᠮ ᠳᠤ ᠬᠠᠮᠤᠭ ᠠᠷᠪᠢᠨ | ᠤᠷᠤᠯᠴᠠᠭᠰᠡᠨ ᠯᠠᠮᠠ ᠱᠠᠪᠢ ᠶᠢᠨ ᠲᠤᠭ᠎ᠠ 150 ᠬᠦᠮᠦᠨ ᠳᠤ ᠬᠦᠷᠴᠠᠢ᠃ ᠲᠤᠰ ᠰᠦᠮ᠎ᠡ ᠶᠢᠨ ᠭᠤᠤᠯ ᠬᠤᠷᠡᠯ | ᠨᠤᠮ ᠭᠡᠪᠡᠯ᠄ ᠴᠠᠭᠠᠨ ᠰᠡᠷ᠎ᠡ ᠶᠢᠨ ᠢᠷᠦᠭᠡᠯ᠂ ᠲᠦᠷᠪᠠᠨ ᠰᠡᠷ᠎ᠡ ᠳᠤ ᠨᠦᠩᠨᠠᠢ᠂ ᠭᠠᠨᠵᠤᠤᠷ᠂ ᠲᠤᠯᠤᠭᠠᠨ ᠰᠡᠷ᠎ᠡ ᠳᠤ | ᠮᠠᠶᠢᠳᠠᠷᠢ᠂ ᠠᠷᠪᠠᠨ ᠰᠠᠷ᠎ᠡ ᠳᠤ ᠳ᠋ᠤᠩᠴᠤᠳ ᠬᠤᠷᠠᠳᠠᠭ ᠪᠠᠶᠢᠵᠠᠢ᠃ | ᠴᠢᠯᠦᠭᠡᠯᠡᠭᠲᠡᠬᠦ ᠦᠶ᠎ᠡ ᠳᠤ ᠲᠤᠰ ᠰᠦᠮ᠎ᠡ ᠶᠢᠨ ᠪᠤᠲᠡ ᠮᠠᠯ ᠬᠤᠶᠠᠷ ᠵᠠᠭᠤ ᠭᠠᠷᠤᠢ᠂ ᠪᠤᠭ ᠮᠠᠯ ᠭᠤᠷᠪᠠᠨ | ᠮᠢᠩᠭ᠎ᠠ ᠭᠠᠷᠤᠢ ᠪᠠᠶᠢᠵᠠᠢ᠃ | ᠲᠤᠰ ᠰᠦᠮ᠎ᠡ ᠰᠤᠶᠤᠯ ᠤᠨ ᠶᠡᠭᠡ ᠬᠤᠪᠢᠰᠬᠠᠯ ᠳᠤ ᠦᠷᠡᠭᠲᠡᠵᠦ᠂ ᠪᠠᠭᠤᠷᠢ ᠨᠢ ᠤᠳᠤ ᠶᠢᠨ ᠪᠠᠶ᠋ᠬᠠᠤᠪᠤᠭ᠎ᠠ | ᠰᠤᠮᠤᠨ ᠤ ᠲᠦᠷᠪᠠᠳᠤᠭᠡᠷ ᠭᠠᠴᠠᠭᠠᠨ ᠳᠤ ᠬᠤᠴᠤᠷᠴᠠᠢ᠃ | | |