ᠲᠦᠷᠦ ᠵᠠᠬᠢᠷᠤᠬᠴᠢ ᠬᠦᠩᠵᠦ ᠠᠯᠠᠭ᠎ᠠ ᠪᠠᠬᠢ
ᠨᠡᠶᠢᠲᠡᠯᠡᠭᠰᠡᠨ ᠴᠠᠭ᠄
2019-05-08
     ᠠᠯᠠᠭ᠎ᠠ ᠪᠠᠬᠢ ᠪᠤᠯ ᠪᠦᠷᠲᠡ ᠬᠠᠳᠤᠨ ᠠᠴᠠ ᠲᠦᠷᠦᠭᠰᠡᠨ ᠴᠢᠩᠭᠢᠰ ᠬᠠᠭᠠᠨ ᠤ ᠭᠤᠷᠪᠠᠳᠤᠭᠠᠷ ᠦᠬᠢᠨ ᠶᠤᠮ᠃ ᠴᠢᠩᠭᠢᠰ ᠬᠠᠭᠠᠨ ᠤ ᠲᠠᠪᠤᠨ ᠦᠬᠢᠨ ᠤ ᠲᠤᠳᠤᠷ᠎ᠡ ᠰᠡᠴᠡᠨ ᠮᠡᠷᠭᠡᠨ ᠪᠦᠭᠡᠳ ᠨᠠᠯᠢᠶᠠᠳ ᠴᠢᠳᠠᠪᠦᠷᠢᠲᠠᠢ ᠦᠬᠢᠨ ᠤ ᠨᠢᠭᠡ ᠨᠢ ᠪᠤᠯᠤᠨ᠎ᠡ᠃ 1207 ᠤᠨ ᠳᠤ ᠤᠩᠭᠤᠳ ᠠᠶᠢᠮᠠᠭ ᠤᠨ ᠲᠦᠷᠦᠭᠦᠦ ᠠᠯᠬᠤᠰᠢ ᠲᠢᠬᠢᠳᠬᠤᠷᠢ ᠬᠠᠷᠢᠨ ᠬᠦᠦ ᠪᠤᠶᠠᠨᠰᠢᠪᠡᠯ ᠳᠡᠭᠡᠨ ᠪᠡᠷᠢ ᠪᠤᠯᠭᠠᠵᠦ ᠪᠠᠭᠤᠯᠭᠠᠪᠡ᠃ ᠬᠤᠵᠢᠮ ᠨᠢ ᠤᠷᠢᠳ ᠬᠤᠷᠢᠳ ᠠᠯᠬᠤᠰᠢ ᠲᠢᠬᠢᠳᠬᠤᠷᠢ  ᠶᠢᠨ ᠠᠴᠢ ᠬᠦᠦ ᠵᠢᠠᠭᠦᠢ ᠪᠤᠯᠤᠨ ᠪᠤᠶᠠᠨᠰᠢᠪᠡᠯ ᠤᠨ ᠲᠡᠭᠦᠦ ᠪᠤᠶᠤᠬ᠎ᠠ ᠲᠠᠢ ᠰᠠᠭᠤᠵᠦ ᠭᠤᠷᠪᠠᠨ ᠦᠶ᠎ᠡ ᠲᠠᠮᠵᠢᠨ᠂ ᠭᠤᠷᠪᠠᠨ ᠤᠳᠠᠭ᠎ᠠ ᠤᠩᠭᠤᠳ ᠠᠶᠢᠮᠠᠭ ᠤᠨ ᠲᠦᠷᠦᠭᠦᠦ ᠳᠤ ᠬᠠᠳᠤᠨ ᠪᠤᠯᠵᠦ ᠤᠩᠭᠤᠳ ᠠᠶᠢᠮᠠᠭ ᠤᠨ ᠶᠡᠭᠡ ᠡᠷᠭᠡ  ᠶᠢ ᠡᠵᠡᠮᠳᠠᠵᠦ ᠶᠠᠪᠤᠬᠰᠡᠨ ᠶᠤᠮ᠃ 1219 ᠤᠨ ᠳᠤ ᠴᠢᠩᠭᠢᠰ ᠬᠠᠭᠠᠨ ᠪᠠᠷᠠᠭᠤᠨᠰᠢ ᠲᠠᠶᠢᠯᠠᠬᠤ ᠦᠶ᠎ᠡ ᠪᠠᠷ ᠠᠯᠠᠭ᠎ᠠ ᠪᠠᠬᠢ ᠶᠢ ︽ᠲᠦᠷᠦ ᠵᠠᠬᠢᠷᠤᠬᠴᠢ ᠭᠦᠩᠵᠦ︾ ᠪᠠᠷ ᠡᠷᠭᠦᠮᠵᠢᠯᠡᠵᠦ᠂ ᠭᠤᠪᠢ ᠶᠢᠨ ᠡᠮᠦᠨᠡᠳᠡᠬᠢ ᠲᠦᠷᠦ ᠶᠢᠨ ᠬᠡᠷᠡᠭ ᠢ ᠵᠠᠬᠢᠷᠤᠭᠤᠯᠵᠦ ᠪᠠᠶᠢᠬᠰᠡᠨ ᠶᠤᠮ᠃ ᠲᠡᠷᠡ ᠪᠤᠯ ᠪᠢᠴᠢᠭ ᠴᠡᠷᠢᠭ ᠤᠨ ᠡᠷᠲᠡᠮ ᠬᠤᠤᠰᠯᠠᠭᠰᠡᠨ ᠡᠮᠡᠭᠲᠠᠢ ᠪᠠᠭᠠᠳᠤᠷ ᠪᠤᠯᠤᠨ᠎ᠡ᠃ ᠮᠦᠨ ᠴᠦ ᠪᠤᠭᠤᠲᠦ ᠶᠢᠨ ᠬᠡᠪᠴᠢᠶᠡᠨ ᠳᠠᠬᠢ ᠲᠡᠦᠭᠡ ᠶᠢᠨ ᠨᠠᠷᠡᠲᠦ ᠬᠦᠮᠦᠨ ᠤ ᠨᠢᠭᠡ ᠨᠢ ᠪᠤᠯᠬᠤ ᠶᠤᠮ᠃ ᠠᠯᠠᠭ᠎ᠠ ᠪᠠᠬᠢ ᠶᠢᠨ ᠲᠤᠬᠠᠢ ᠶᠢᠨ ᠦᠶ᠎ᠡ ᠳᠤ ᠶᠡᠭᠡ ᠪᠠᠷ ᠪᠦᠲᠦᠭᠡᠨ ᠪᠠᠶᠢᠭᠤᠯᠤᠭᠰᠡᠨ ᠤᠩᠭᠤᠳ ᠠᠶᠢᠮᠠᠭ ᠤᠨ ᠵᠤᠤ ᠸᠠᠩ ᠶᠢᠨ ᠬᠤᠲᠡ ᠶᠢᠨ ᠪᠠᠭᠤᠷᠢ᠂ ᠲᠠᠷᠤᠢ ᠲᠠᠷᠬᠠᠨ ᠮᠤᠤᠮᠢᠩᠭᠠᠨ ᠬᠤᠯᠪᠤᠭᠠᠲᠦ ᠬᠤᠰᠢᠭᠤᠨ ᠳᠠᠬᠢ ᠤᠯᠠᠨᠰᠦ᠋ᠮ᠎ᠡ ᠶᠢᠨ ᠪᠠᠭᠤᠷᠢ ᠨᠢ ᠡᠲᠦᠭᠡ ᠨᠢᠭᠡᠨᠲᠡ ᠤᠯᠤᠰ ᠤᠨ ᠭᠤᠤᠯᠳᠠᠯᠭ᠎ᠠ ᠲᠠᠢ ᠲᠡᠦᠭᠡ ᠰᠤᠶᠤᠯ ᠤᠨ ᠬᠠᠮᠠᠭᠠᠯᠠᠯᠲᠡ ᠶᠢᠨ ᠤᠷᠤᠨ ᠪᠤᠯᠤᠭᠰᠡᠨ ᠪᠠᠶᠢᠨ᠎ᠡ᠃      ᠨᠢᠭᠡ᠂ ᠠᠯᠠᠭ᠎ᠠ ᠪᠠᠬᠢ ᠶᠠᠭᠠᠬᠢᠭᠠᠳ ᠤᠩᠭᠤᠳ ᠲᠤ ᠮᠤᠷᠳᠠᠬᠰᠡᠨ ᠪᠤᠢ      ᠴᠢᠩᠭᠢᠰ ᠬᠠᠭᠠᠨ ᠤ ᠭᠤᠷᠪᠠᠳᠤᠭᠠᠷ ᠦᠬᠢᠨ ᠠᠯᠠᠭ᠎ᠠ ᠪᠠᠬᠢ ᠶᠢ ᠪᠠᠰᠡ ︽ᠲᠦᠷᠦ ᠵᠠᠬᠢᠷᠤᠬᠴᠢ ᠭᠦᠩᠵᠦ︾ ᠬᠡᠲᠡᠭ᠃      ᠴᠢᠩᠭᠢᠰ ᠬᠠᠭᠠᠨ ᠮᠤᠩᠭᠤᠯ ᠤᠨ ᠡᠯ᠎ᠡ ᠠᠶᠢᠮᠠᠭ ᠢ ᠨᠢᠭᠡᠳᠭᠡᠬᠦ ᠦᠶ᠎ᠡ ᠳᠤ᠂ ᠤᠳᠤ ᠶᠢᠨ ᠲᠠᠷᠬᠠᠨ ᠮᠤᠤᠮᠢᠩᠭᠠᠨ ᠬᠤᠯᠪᠤᠭᠠᠲᠦ ᠬᠤᠰᠢᠭᠤᠨ ᠤ ᠡᠨᠡ ᠭᠠᠵᠠᠷ ᠲᠤ ᠤᠩᠭᠤᠳ ᠠᠶᠢᠮᠠᠭ ᠬᠡᠵᠦ ᠨᠢᠭᠡ ᠠᠶᠢᠮᠠᠭ ᠪᠠᠶᠢᠬᠰᠡᠨ᠃ ᠡᠨᠡ ᠨᠢ ᠮᠠᠨ ᠤ ᠡᠷᠲᠡᠮᠲᠡᠨ ᠪᠠᠭᠰᠢ ᠨᠠᠷ ᠤᠨ ᠶᠠᠷᠢᠬᠤ ᠪᠠᠷ ︽ᠤᠩᠭᠤᠳ︾ ᠪᠢᠰᠢ ︽ᠡᠩᠭᠦᠳ︾ ᠭᠡᠵᠦ ᠡᠩ ᠲᠠᠢ ᠲᠤᠷᠭ᠎ᠠ ᠡᠮᠦᠰᠦᠨ᠎ᠡ᠂ ᠵᠠᠬ᠎ᠠ ᠬᠢᠯᠢ ᠬᠡᠰᠡᠨ ᠡᠶᠢᠮᠦ ᠤᠳᠬ᠎ᠠ ᠲᠠᠢ ᠦᠭᠡ ᠭᠡᠲᠡᠭ᠃ ᠡᠨᠡ ᠨᠢ ᠪᠠᠷᠤᠭ ᠲᠠᠭᠠᠷᠠᠵᠦ ᠪᠠᠶᠢᠨ᠎ᠡ᠃ ᠲᠡᠭᠡᠭᠡᠳ ᠤᠩᠭᠤᠳ ᠠᠶᠢᠮᠠᠭ ᠪᠤᠯ ᠶᠠᠭ ᠠᠯᠳᠠᠨ ᠤᠯᠤᠰ ᠤᠨ ᠰᠡᠷᠭᠡᠶᠢᠯᠡᠯᠲᠡ ᠶᠢᠨ ᠭᠤᠤ ᠶᠢ ᠬᠠᠮᠠᠭᠠᠯᠠᠵᠦ ᠪᠠᠶᠢᠬᠰᠡᠨ᠂ ᠠᠯᠲᠡᠨ ᠤᠯᠤᠰ ᠲᠤ ᠦᠢᠯᠡᠴᠢᠯᠡᠵᠦ ᠪᠠᠶᠢᠵᠠᠢ᠃      ᠡᠨᠡ ᠭᠤᠤ ᠨᠢ ᠬᠠᠮᠤᠭ ᠡᠬᠢᠯᠡᠯᠲᠡ ᠨᠢ ᠪᠤᠯ ᠬᠦᠯᠦᠨ ᠪᠤᠶᠢᠷ ᠤᠨ ᠲᠠᠭᠤᠷ ᠦᠨᠳᠦᠰᠦᠲᠡᠨ ᠤ ᠨᠢᠸᠠᠷᠵᠠᠢ ᠵᠧᠨ  ᠠᠴᠠ ᠡᠬᠢᠯᠡᠭᠡᠳ ᠬᠡᠰᠢᠭᠲᠡᠨ ᠵᠡᠷᠭᠡ ᠤᠯᠠᠨ ᠭᠠᠵᠠᠷ ᠢᠶᠠᠷ ᠲᠠᠮᠵᠢᠨ ᠲᠠᠷᠬᠠᠨ ᠮᠤᠤᠮᠢᠩᠭᠠᠨ ᠤ ᠡᠷᠳᠡᠨᠢᠠᠤᠪᠤᠭ᠎ᠠ ᠪᠠᠷ ᠭᠠᠷᠤᠭᠠᠳ ᠲᠠᠯᠠᠨ ᠬᠠᠷ᠎ᠡ ᠠᠭᠤᠯᠠᠨ ᠤ ᠬᠠᠷ᠎ᠡ ᠮᠤᠳᠤᠨ ᠬᠡᠰᠡᠨ ᠭᠠᠵᠠᠷ ᠲᠠᠭᠤᠰᠳᠠᠭ᠃ ᠡᠭᠦᠨ ᠢ ᠲᠠᠷᠤᠢ ᠤᠩᠭᠤᠳ ᠠᠶᠢᠮᠠᠭ ᠬᠠᠮᠠᠭᠠᠯᠠᠵᠦ ᠪᠠᠶᠢᠬᠰᠡᠨ᠃      ᠤᠩᠭᠤᠳ ᠠᠶᠢᠮᠠᠭ ᠪᠤᠯ ᠲᠢᠶᠦᠷᠺᠠ ᠶᠢᠨ ᠬᠤᠶᠢᠴᠢᠰ᠂ ᠰᠡᠭᠦᠯ ᠳᠤᠨᠢ ᠠᠯᠳᠠᠨ ᠤᠯᠤᠰ ᠤᠨ ᠵᠡᠭᠦᠨ ᠬᠡᠰᠡᠭ  ᠲᠤ ᠤᠷᠤᠰᠢᠨ ᠠᠮᠢᠳᠤᠷᠡᠵᠦ᠂ ᠠᠯᠳᠠᠨ ᠤᠯᠤᠰ ᠤᠨ ᠴᠡᠷᠢᠭ ᠲᠠᠶᠢᠨ ᠤ ᠴᠢᠬᠤᠯᠡ ᠪᠠᠶᠢᠷᠢᠨ ᠢ ᠰᠡᠬᠢᠨ ᠰᠠᠭᠤᠵᠦ ᠪᠠᠶᠢᠬᠰᠡᠨ᠃ ᠲᠤᠬᠠᠢ ᠶᠢᠨ ᠦᠶ᠎ᠡ ᠳᠤ᠂ ᠮᠤᠩᠭᠤᠯ ᠠᠶᠢᠮᠠᠭ ᠤᠳ ᠢ ︽ᠬᠠᠷ᠎ᠡ ᠲᠠᠲ᠋ᠠᠷ︾ ᠭᠡᠵᠦ᠂ ᠭᠤᠪᠢ ᠶᠢᠨ ᠡᠮᠦᠨᠡᠬᠢ ᠣᠩᠭᠤᠳ ᠠᠶᠢᠮᠠᠭ ᠢ ︽ᠴᠠᠭᠠᠨ ᠲᠠᠲ᠋ᠠᠷ︾ ᠭᠡᠲᠡᠭ᠃      ᠡᠨᠡ ᠤᠩᠭᠤᠳ ᠠᠶᠢᠮᠠᠭ ᠤᠨ ᠲᠦᠷᠦᠭᠦᠦ ᠠᠯᠬᠤᠰᠢ ᠲᠢᠬᠢᠳᠬᠤᠷᠢ ᠬᠡᠵᠦ ᠪᠠᠶᠢᠬᠰᠡᠨ᠂ ᠲᠡᠷᠡ ᠦᠶ᠎ᠡ ᠳᠤ ᠴᠢᠩᠭᠢᠰ ᠬᠠᠭᠠᠨ ᠤᠯᠠᠨ ᠠᠶᠢᠮᠠᠭ ᠢ ᠨᠢᠭᠡᠳᠭᠡᠭᠡᠳ᠂ ᠬᠠᠮᠤᠭ ᠰᠡᠭᠦᠯ ᠳᠤ ᠬᠦᠴᠦᠷᠭᠡᠭ ᠨᠠᠢᠮᠠᠨ ᠠᠶᠢᠮᠠᠭ ᠢ ᠦᠯᠡᠲᠡᠭᠡᠭᠡᠳ ᠪᠠᠶᠢᠪᠡ᠃ ᠡᠨᠡ ᠦᠶ᠎ᠡ ᠳᠤ ᠨᠠᠢᠮᠠᠨ ᠠᠶᠢᠮᠠᠭ ᠮᠤᠩᠭᠤᠯ ᠤᠨ ᠴᠢᠩᠭᠢᠰ ᠬᠠᠭᠠᠨ ᠤ ᠬᠦᠴᠦ ᠶᠢ ᠲᠠᠷᠤᠬᠤ ᠦᠭᠡᠢ ᠪᠤᠯ ᠬᠤᠵᠢᠮ ᠨᠠᠢᠮᠠᠨ ᠠᠶᠢᠮᠠᠭ ᠪᠠᠶᠢᠵᠦ ᠴᠦ ᠴᠢᠳᠠᠬᠤ ᠦᠭᠡᠢ ᠶᠠᠪᠤᠳᠡᠯ ᠳᠤ ᠬᠦᠷᠬᠦ ᠪᠤᠯᠤᠨ᠎ᠡ ᠭᠡᠵᠦ ᠪᠤᠳᠤᠵᠦ ᠪᠠᠶᠢᠵᠠᠢ᠃      ᠲᠡᠭᠡᠭᠦ ᠳᠤ ᠲᠡᠷᠡ ᠦᠶ᠎ᠡ ᠳᠤ ᠨᠠᠢᠮᠠᠨ ᠠᠶᠢᠮᠠᠭ ᠤᠨ ᠬᠦᠴᠦ ᠴᠢᠳᠠᠯ ᠨᠢ ᠪᠠᠰᠡ ᠠᠷᠡᠢ ᠴᠢᠩᠭᠢᠰ ᠤᠨ ᠴᠡᠷᠢᠭ  ᠲᠤ ᠬᠦᠷᠭᠦ ᠦᠭᠡᠢ ᠪᠠᠶᠢᠬᠰᠡᠨ᠃ ᠢᠩᠭᠢᠭᠡᠳ ᠮᠤᠩᠭᠤᠯ ᠤᠨ ᠦᠨᠳᠦᠷᠯᠢᠭ ᠤᠨ ᠡᠮᠦᠨᠡᠬᠢ᠂ ᠠᠯᠳᠠᠨ ᠤᠯᠤᠰ ᠤᠨ ᠬᠤᠶᠢᠲᠦ ᠬᠢᠯᠢ ᠶᠢ ᠬᠠᠮᠠᠭᠠᠯᠠᠵᠦ ᠪᠠᠶᠢᠬᠰᠡᠨ ᠤᠩᠭᠤᠳ ᠲᠠᠢ ᠬᠤᠯᠪᠤᠭᠠᠯᠠᠬᠤ ᠪᠠᠷ ᠪᠤᠳᠤᠪᠡ᠃      ᠶᠠᠭᠠᠬᠢᠭᠠᠳ ᠬᠡᠪᠡᠯ︖ ᠡᠲᠡ ᠨᠠᠷ ᠪᠤᠯ ᠪᠦᠷ ᠨᠢᠭᠡ ᠱᠠᠰᠢᠨ ᠰᠢᠳᠦᠲᠡᠭ᠂ ᠨᠠᠢᠮᠠᠨ᠂ ᠬᠡᠷᠡᠶᠢᠳ᠂ ᠤᠩᠭᠤᠳ ᠪᠤᠯ ᠪᠦᠷ ᠨᠢᠭᠡ ᠱᠠᠰᠢᠨᠲᠡᠨ᠃ ᠲᠡᠭᠡᠭᠦᠯᠡᠷ ᠡᠨᠡ ᠱᠠᠰᠢᠨ ᠤ ᠲᠡᠯ᠎ᠡ ᠠᠴᠠ ᠬᠤᠯᠪᠤᠭᠠᠯᠠᠬᠤ ᠶᠢᠨ ᠲᠦᠯᠦᠭᠡ᠂ ᠨᠠᠢᠮᠠᠨ ᠤ ᠲᠠᠶᠠᠨ ᠬᠠᠭᠠᠨ ᠤᠩᠭᠤᠳ ᠤᠨ ᠠᠯᠬᠤᠰᠢ ᠲᠢᠬᠢᠳᠬᠤᠷᠢ ᠳᠤ ᠡᠮᠴᠢ ᠲᠤᠮᠢᠯᠠᠵᠠᠢ᠃ ᠬᠤᠯᠪᠤᠭᠠᠯᠠᠨ ᠴᠢᠩᠭᠢᠰ ᠢ ᠴᠤᠬᠢᠶ᠎ᠡ ᠬᠡᠰᠡᠨ ᠰᠠᠨᠠᠭ᠎ᠠ ᠪᠠᠨ ᠢᠯᠡᠳᠭᠡᠬᠦ ᠳᠤ᠂ ᠠᠯᠬᠤᠰᠢ ᠲᠢᠬᠢᠳᠬᠤᠷᠢ ᠴᠢᠩᠭᠢᠰ ᠤᠨ ᠬᠦᠴᠦᠨ ᠮᠠᠨᠳᠤᠵᠦ᠂ ᠮᠤᠩᠭᠤᠯ ᠤᠨ ᠦᠨᠳᠦᠷᠯᠢᠭ ᠪᠤᠯ ᠨᠢᠭᠡᠨᠲᠡ ᠨᠢᠭᠡᠳᠬᠦ ᠴᠠᠭ ᠬᠦᠷᠴᠦ ᠢᠷᠡᠭᠰᠡᠨ ᠬᠠᠨᠳᠤᠰᠢ ᠶᠢ ᠦᠵᠡᠵᠦ ᠭᠠᠷᠤᠭᠠᠳ᠂ ᠲᠠᠶᠠᠨ ᠬᠠᠭᠠᠨ ᠤ ᠡᠯᠴᠢ ᠶᠢ ᠪᠠᠷᠢᠵᠦ ᠠᠪᠤᠭᠠᠳ ᠴᠢᠩᠭᠢᠰ ᠲᠤ ᠬᠦᠷᠭᠡᠵᠦ᠂ ᠲᠠᠶᠠᠨ ᠬᠠᠭᠠᠨ ᠤ ᠰᠠᠨᠠᠭ᠎ᠠ ᠶᠢ ᠲᠡᠪᠰᠢᠭᠦᠯᠦᠭᠰᠡᠨ ᠪᠦᠭᠡᠳ ᠪᠢᠲᠡ ᠴᠢᠩᠭᠢᠰ ᠲᠠᠨ ᠲᠠᠢ ᠦᠰᠢᠶ᠎ᠡ ᠦᠭᠡᠢ᠂ ᠪᠢᠲᠡ ᠴᠦ ᠨᠠᠢᠮᠠᠨ ᠲᠠᠢ ᠬᠤᠯᠪᠤᠭᠠᠯᠠᠬᠤ ᠦᠭᠡᠢ ᠭᠡᠵᠦ ᠴᠢᠩᠭᠢᠰ ᠲᠤ ᠤᠷᠤᠵᠦ ᠦᠭᠪᠡ᠃      ᠢᠩᠭᠢᠭᠡᠳ ᠤᠩᠭᠤᠳ ᠠᠶᠢᠮᠠᠭ ᠰᠡᠭᠦᠯ ᠳᠤᠨᠢ ᠴᠢᠩᠭᠢᠰ ᠬᠠᠭᠠᠨ ᠲᠠᠢ ᠬᠤᠯᠪᠤᠭᠠᠯᠠᠨ ᠨᠠᠢᠮᠠᠨ ᠢ ᠴᠤᠬᠢᠪᠡ᠃ ᠴᠢᠩᠭᠢᠰ ᠬᠠᠭᠠᠨ ᠨᠠᠢᠮᠠᠨ ᠢ ᠮᠦᠬᠦᠭᠡᠭᠡᠳ᠂ ᠮᠤᠩᠭᠤᠯ ᠤᠨ ᠶᠡᠭᠡ ᠡᠵᠡᠨᠲᠦ ᠤᠯᠤᠰ ᠢ ᠪᠠᠶᠢᠭᠤᠯᠤᠭᠰᠡᠨ ᠪᠠᠶᠢᠨ᠎ᠡ᠃ ᠡᠨᠡ ᠮᠤᠩᠭᠤᠯ ᠤᠨ ᠶᠡᠭᠡ ᠡᠵᠡᠨᠲᠦ ᠤᠯᠤᠰ ᠢ ᠪᠠᠶᠢᠭᠤᠯᠬᠤ ᠰᠢᠢᠳᠪᠦᠷᠢᠲᠦ ᠦᠶ᠎ᠡ᠂ ᠨᠠᠢᠮᠠᠨ ᠢ ᠤᠰᠠᠳᠬᠠᠬᠤ ᠲᠠᠶᠢᠨ ᠤ ᠦᠶ᠎ᠡ ᠪᠠᠷ ᠤᠩᠭᠤᠳ ᠠᠶᠢᠮᠠᠭ ᠶᠡᠭᠡ ᠬᠦᠴᠦ ᠪᠠᠨ ᠡᠷᠭᠦᠵᠦ᠂ ᠴᠢᠩᠭᠢᠰ ᠤᠨ ᠲᠡᠯ᠎ᠡ ᠳᠤ ᠵᠤᠬᠰᠤᠵᠦ᠂ ᠴᠢᠩᠭᠢᠰ ᠬᠠᠭᠠᠨ ᠲᠠᠶᠢᠨ ᠬᠢᠭᠰᠡᠨ ᠦᠭᠡᠢ ᠪᠠᠷ ᠤᠩᠭᠤᠳ ᠢ ᠤᠷᠤᠭᠤᠯᠵᠦ ᠠᠪᠤᠭᠰᠡᠨ ᠪᠠᠶᠢᠳᠠᠭ᠃      ᠲᠡᠭᠡᠭᠡᠳ ᠴᠢᠩᠭᠢᠰ ᠬᠠᠭᠠᠨ ᠪᠠᠶᠠᠷᠯᠠᠬᠤ ᠳᠠᠭᠠᠨ ᠭᠤᠷᠪᠠᠳᠤᠭᠠᠷ ᠦᠬᠢᠨ ᠠᠯᠠᠭ᠎ᠠ ᠪᠠᠬᠢ ᠶᠢ ᠤᠩᠭᠤᠳ ᠤᠨ ᠲᠦᠷᠦᠭᠦᠦ ᠠᠯᠬᠤᠰᠢ ᠲᠢᠬᠢᠳᠬᠤᠷᠢ ᠳᠤ ᠪᠠᠷᠢ ᠪᠤᠯᠭᠠᠨ ᠦᠭᠭᠦᠶ᠎ᠡ᠂ ᠡᠭᠦᠨ ᠢᠶᠠᠷ ᠪᠠᠷᠠᠬᠤ ᠦᠭᠡᠢ ᠬᠤᠵᠢᠮ ᠤᠷᠤᠭ ᠲᠦᠷᠦᠯ᠂ ᠰᠠᠳᠤᠨ ᠲᠦᠷᠦᠯ ᠤᠨ ᠬᠠᠷᠢᠴᠠᠭ᠎ᠠ ᠲᠠᠢ ᠨᠦᠬᠦᠷᠰᠡᠭ ᠶᠡᠪᠤᠯᠴᠠᠶ᠎ᠡ ᠭᠡᠵᠡᠢ᠃ ᠠᠯᠬᠤᠰᠢ ᠲᠢᠬᠢᠳᠬᠤᠷᠢ ᠨᠠᠰᠦ  ᠨᠢ ᠶᠡᠭᠡ ᠪᠤᠯᠤᠭᠰᠡᠨ ᠪᠤᠯᠬᠤᠷ᠂ ᠠᠯᠠᠭ᠎ᠠ ᠪᠠᠬᠢ ᠶᠢ ᠶᠡᠭᠡ ᠬᠦᠦ ᠪᠤᠶᠠᠨᠰᠢᠪᠡᠯ ᠳᠤ ᠪᠡᠷᠢ ᠪᠤᠯᠭᠠᠶ᠎ᠡ ᠭᠡᠵᠦ ᠴᠢᠩᠭᠢᠰ ᠲᠤ ᠭᠤᠶᠤᠴᠢᠯᠠᠭᠰᠡᠨ ᠢᠶᠠᠷ᠂ ᠠᠯᠠᠭ᠎ᠠ ᠪᠠᠬᠢ ᠪᠤᠶᠠᠨᠰᠢᠪᠡᠯ ᠳᠤ ᠮᠤᠷᠲᠡᠵᠦ᠂ ᠤᠳᠤ ᠶᠢᠨ ᠡᠨᠡ ᠤᠯᠠᠨᠰᠦ᠋ᠮ᠎ᠡ ᠳᠤ ᠮᠤᠷᠲᠡᠵᠦ ᠢᠷᠡᠵᠠᠢ᠃      ᠬᠤᠶᠠᠷ᠂ ᠲᠦᠷᠦ ᠵᠠᠰᠠᠬᠴᠢ ᠬᠦᠩᠵᠦ ᠪᠤᠯᠤᠭᠰᠡᠨ ᠨᠢ      ᠠᠯᠠᠭ᠎ᠠ ᠪᠠᠬᠢ ᠤᠩᠭᠤᠳ ᠠᠶᠢᠮᠠᠭ ᠲᠤ ᠮᠤᠷᠲᠠᠭᠰᠡᠨ ᠠᠴᠠ ᠬᠤᠶᠢᠰᠢ᠂ ᠬᠤᠪᠢᠯᠠᠢ᠂ ᠲᠠᠮᠦᠷ ᠭᠡᠳᠦᠨ ᠦᠶ᠎ᠡ  ᠶᠢᠨ ᠬᠠᠭᠠᠳ ᠤᠨ ᠬᠦᠩᠵᠦ ᠨᠠᠷ ᠴᠦ ᠤᠷᠢᠳ ᠬᠤᠵᠢᠳ ᠤᠩᠭᠤᠳ ᠠᠶᠢᠮᠠᠭ ᠤᠨ ᠲᠦᠷᠦᠭᠦᠳ ᠳᠤ ᠮᠤᠷᠲᠠᠭᠰᠡᠨ ᠪᠦᠭᠡᠳ ᠤᠩᠭᠤᠳ ᠠᠶᠢᠮᠠᠭ ᠤᠨ ᠲᠦᠷᠦᠭᠦᠦ ᠦᠶ᠎ᠡ ᠶᠢᠨ ᠦᠶ᠎ᠡ ᠪᠠᠷ ᠸᠠᠩ ᠡᠷᠭᠦᠮᠵᠢᠯᠡᠭᠳᠠᠵᠦ᠂ ᠵᠠᠯᠭᠠᠭᠠᠳ ᠲᠤᠯᠤᠭᠠᠨ ᠦᠶ᠎ᠡ ᠳᠡᠭᠡᠨ ᠵᠤᠤ ᠸᠠᠩ ᠡᠷᠭᠦᠮᠵᠢᠯᠡᠭᠲᠡᠭᠰᠡᠨ ᠪᠤᠯᠬᠤᠷ᠂ ᠲᠤᠬᠠᠢ ᠶᠢᠨ ᠦᠶ᠎ᠡ ᠶᠢᠨ ᠰᠠᠭᠤᠵᠦ ᠪᠠᠶᠢᠭᠰᠡᠨ ᠤᠯᠠᠨᠰᠦ᠋ᠮ᠎ᠡ ᠶᠢ ᠪᠠᠰᠡ ᠵᠤᠤ ᠸᠠᠩ ᠬᠤᠲᠡ ᠬᠡᠲᠡᠭ᠃      ᠤᠩᠭᠤᠳ ᠠᠶᠢᠮᠠᠭ ᠴᠢᠩᠭᠢᠰ ᠬᠠᠭᠠᠨ ᠢ ᠬᠠᠪᠰᠤᠷᠤᠨ ᠨᠠᠢᠮᠠᠨ ᠢ ᠴᠤᠬᠢᠵᠦ ᠢᠯᠠᠭᠠᠳ᠂ ᠴᠢᠩᠭᠢᠰ ᠬᠠᠭᠠᠨ ᠮᠤᠩᠭᠤᠯ ᠤᠨ ᠬᠠᠭᠠᠨᠲᠦ ᠤᠯᠤᠰ ᠢ ᠪᠠᠶᠢᠭᠤᠯᠤᠨ᠂ 88 ᠭᠠᠪᠢᠶᠠᠲᠡᠨ ᠢ ᠱᠠᠩᠨᠠᠬᠤ ᠳᠤ᠂ ᠠᠯᠬᠤᠰᠢ ᠲᠢᠬᠢᠳᠬᠤᠷᠢ ᠪᠤᠯ 88 ᠳᠤ ᠱᠠᠩᠨᠠᠬᠳᠠᠭᠰᠡᠨ᠃      1207 ᠤᠨ ᠳᠤ᠂ ᠴᠢᠩᠭᠢᠰ ᠬᠠᠭᠠᠨ ᠠᠯᠬᠤᠰᠢ ᠲᠢᠬᠢᠳᠬᠤᠷᠢ ᠶᠢ ᠤᠭ ᠤᠩᠭᠤᠳ ᠤᠨ ᠢᠶᠠᠨ ᠨᠤᠳᠤᠭ ᠲᠤ ᠪᠤᠴᠠᠵᠦ᠂ ᠤᠩᠭᠤᠳ ᠤᠨ ᠢᠶᠠᠨ ᠪᠠᠶᠢᠷᠢ ᠰᠠᠭᠤᠷᠢ ᠶᠢ ᠬᠠᠮᠠᠭᠠᠯᠠ ᠬᠡᠰᠡᠨ᠂ ᠦᠭᠡᠷ᠎ᠡ ᠪᠠᠷ ᠬᠡᠯᠡᠪᠡᠯ᠂ ᠮᠤᠩᠭᠤᠯ ᠬᠠᠭᠠᠨᠲᠦ ᠤᠯᠤᠰ ᠤᠨ ᠢᠶᠠᠨ ᠡᠮᠦᠨ᠎ᠡ ᠵᠠᠬ᠎ᠠ ᠶᠢ ᠬᠠᠮᠠᠭᠠᠯᠠ ᠬᠡᠰᠡᠨ ᠦᠭᠡ ᠰᠢᠲᠡ᠃ ᠲᠡᠭᠡᠭᠡᠳ ᠠᠯᠬᠤᠰᠢ ᠲᠢᠬᠢᠳᠬᠤᠷᠢ ᠪᠤᠴᠠᠭᠠᠳ ᠤᠩᠭᠤᠳ ᠠᠶᠢᠮᠠᠭ ᠲᠠᠭᠠᠨ ᠢᠷᠡᠪᠡ᠃      ᠠᠯᠬᠤᠰᠢ ᠲᠢᠬᠢᠳᠬᠤᠷᠢ ᠪᠠᠶᠢᠬᠤ ᠦᠶ᠎ᠡ ᠳᠤ᠂ ᠡᠮᠦᠨᠡᠰᠢ ᠪᠠᠨ ᠠᠯᠲᠡᠨ ᠤᠯᠤᠰ ᠢ ᠴᠤᠬᠢᠬᠤ ᠦᠭᠡᠢ ᠪᠤᠯ ᠪᠤᠯᠬᠤ ᠦᠭᠡᠢ ᠭᠡᠵᠦ ᠴᠢᠩᠭᠢᠰ ᠬᠠᠭᠠᠨ ᠪᠤᠳᠤᠵᠦ ᠪᠠᠶᠢᠪᠡ᠃ ᠡᠭᠦᠨ ᠢ ᠴᠤᠬᠢᠬᠤ ᠦᠭᠡᠢ ᠪᠤᠯ ᠬᠤᠵᠢᠮ ᠡᠮᠦᠨᠡᠰᠢ ᠦᠷᠭᠡᠳᠭᠡᠬᠦ ᠳᠤ ᠶᠡᠭᠡ ᠠᠶᠤᠯ ᠲᠠᠢ᠂ ᠲᠡᠭᠡᠬᠦᠯᠡᠷ ᠡᠨᠡ ᠶᠡᠭᠡ ᠬᠡᠷᠡᠮ ᠴᠢᠨᠢ ᠮᠤᠷᠢᠲᠦ ᠴᠡᠷᠢᠭ ᠲᠤ ᠠᠪᠴᠦ ᠬᠡᠯᠡᠪᠡᠯ ᠪᠠᠰᠡ ᠶᠡᠭᠡ ᠬᠤᠷᠢᠭᠠᠰᠦ ᠰᠢᠦ᠃ ᠶᠠᠭᠠᠬᠢᠵᠦ ᠤᠷᠤᠬᠤ ᠪᠤᠢ︖ ᠢᠩᠭᠢᠭᠡᠳ ᠠᠯᠬᠤᠰᠢ ᠲᠢᠬᠢᠳᠬᠤᠷᠢ ᠴᠢᠩᠭᠢᠰ ᠬᠠᠭᠠᠨ ᠤ ᠴᠡᠷᠢᠭ ᠲᠤ ᠠᠯᠳᠠᠨ ᠤᠯᠤᠰ ᠤᠨ ᠬᠢᠯᠢ ᠪᠠᠷ ᠤᠷᠤᠳᠠᠭ ᠵᠠᠮ ᠢ ᠨᠢ ᠲᠠᠯᠪᠢᠵᠦ ᠦᠭᠭᠦᠭᠡᠳ᠂ ᠠᠯᠳᠠᠨ ᠤᠯᠤᠰ ᠢ ᠲᠤᠪᠳᠤᠯᠬᠤ ᠳᠤ᠂ ᠠᠯᠬᠤᠰᠢ ᠲᠢᠬᠢᠳᠬᠤᠷᠢ ᠴᠢᠩᠭᠢᠰ ᠬᠠᠭᠠᠨ ᠤ ᠴᠡᠷᠢᠭ ᠲᠤ ᠤᠯᠠᠨ ᠭᠠᠵᠠᠷ ᠵᠠᠮᠴᠢᠯᠠᠵᠦ ᠶᠠᠪᠤᠵᠦ ᠪᠠᠶᠢᠬᠰᠡᠨ᠂ ᠢᠩᠭᠢᠭᠦᠯᠡᠷ ᠲᠡᠷᠡ ᠪᠤᠯ ᠮᠤᠩᠭᠤᠯ ᠳᠤ ᠶᠡᠭᠡ ᠭᠠᠪᠢᠶ᠎ᠡ ᠲᠠᠢ ᠬᠦᠮᠦᠨ᠃      1207 ᠤᠨ ᠳᠤ᠂ ᠠᠯᠬᠤᠰᠢ ᠲᠢᠬᠢᠳᠬᠤᠷᠢ ᠤᠩᠭᠤᠳ ᠠᠶᠢᠮᠠᠭ ᠲᠠᠭᠠᠨ ᠪᠤᠴᠠᠵᠦ ᠢᠷᠡᠬᠦ ᠳᠤ᠂ ᠬᠡᠳᠦᠶᠢᠪᠡᠷ ᠲᠡᠷᠡ ᠲᠦᠷᠦᠭᠦᠯᠡᠵᠦ ᠴᠢᠩᠭᠢᠰ ᠬᠠᠭᠠᠨ ᠳᠤ ᠤᠩᠭᠤᠳ ᠠᠶᠢᠮᠠᠭ ᠢᠶᠠᠨ ᠤᠷᠤᠭᠤᠯᠤᠭᠰᠡᠨ ᠪᠤᠯᠪᠠᠴᠦ᠂ ᠠᠶᠢᠮᠠᠭ ᠲᠤᠳᠤᠷ᠎ᠡ ᠨᠢ ᠪᠠᠰᠡ ᠠᠯᠳᠠᠨ ᠤᠯᠤᠰ ᠢ ᠲᠡᠳᠭᠦᠵᠦ᠂ ᠴᠢᠩᠭᠢᠰ ᠢ ᠡᠰᠡᠷᠭᠦᠴᠡᠬᠦ ᠪᠦᠯᠦᠭ ᠪᠠᠶᠢᠬᠰᠡᠨ ᠠᠴᠠ ᠲᠤᠳᠤᠭᠠᠲᠦ ᠶᠢᠨ ᠤᠷᠪᠠᠯᠭ᠎ᠠ ᠭᠠᠷᠤᠭᠠᠳ᠂ ᠠᠯᠬᠤᠰᠢ ᠲᠢᠬᠢᠳᠬᠤᠷᠢ ᠪᠤᠯᠤᠨ ᠪᠤᠶᠠᠨᠰᠢᠪᠡᠯ ᠢ ᠠᠯᠠᠴᠢᠯᠠᠬᠰᠡᠨ ᠪᠠᠶᠢᠨ᠎ᠡ᠃      ᠡᠶᠢᠮᠦᠷᠬᠦ ᠲᠦᠭᠰᠢᠭᠦᠷᠢᠲᠠᠢ ᠪᠠᠶᠢᠲᠡᠯ ᠲᠤᠤᠷ᠎ᠡ᠂ ᠠᠯᠠᠭ᠎ᠠ ᠪᠠᠬᠢ ᠠᠯᠬᠤᠰᠢ ᠲᠢᠬᠢᠳᠬᠤᠷᠢ ᠶᠢᠨ ᠪᠠᠭ᠎ᠠ ᠬᠦᠦ ᠪᠤᠶᠤᠬ᠎ᠠ ᠪᠤᠯᠤᠨ ᠠᠯᠬᠤᠰᠢ ᠶᠢᠨ ᠠᠴᠢ ᠬᠦᠦ ᠵᠢᠠᠭᠦᠢ ᠶᠢ ᠠᠪᠴᠦ ᠲᠤᠳᠠᠭᠠᠵᠦ ᠭᠠᠷᠪᠡ᠃ ᠲᠠᠷᠠᠭ᠎ᠠ ᠨᠢ ᠲᠡᠳᠠ ᠶᠦᠨ ᠨᠧᠢ ᠤᠷᠤᠨ ᠳᠤ ᠲᠤᠬᠳᠠᠬᠤ ᠰᠢᠶᠠᠨ ᠤ ᠬᠠᠪᠢ ᠳᠤ ᠲᠠᠨᠤᠨ ᠪᠠᠲᠡᠷᠢᠵᠦ ᠪᠠᠶᠢᠬᠤ ᠳᠤ᠂ ᠴᠢᠩᠭᠢᠰ ᠤᠨ ᠶᠡᠭᠡ ᠴᠡᠷᠢᠭ ᠪᠠᠷᠠᠭᠤᠨ ᠠᠴᠠ ᠴᠤᠬᠢᠨ ᠤᠷᠤᠵᠦ ᠢᠷᠡᠬᠦ ᠲᠠᠢ ᠲᠠᠭᠠᠷᠠᠵᠦ᠂ ᠴᠢᠩᠭᠢᠰ ᠬᠠᠭᠠᠨ ᠭᠡᠦᠭᠡᠨ ᠢᠶᠠᠨ ᠤᠯᠵᠦ ᠠᠪᠤᠭᠠᠳ᠂ ᠤᠩᠭᠤᠳ ᠠᠶᠢᠮᠠᠭ ᠲᠤᠨᠢ ᠠᠪᠴᠢᠷᠡᠵᠦ᠂ ᠵᠢᠠᠭᠦᠢ ᠶᠢ ᠪᠧᠢ ᠫᠢᠩ ᠸᠠᠩ ᠡᠷᠭᠦᠮᠵᠢᠯᠡᠵᠦ ᠤᠩᠭᠤᠳ ᠢ ᠨᠤᠶᠠᠷᠬᠠᠭᠤᠯᠪᠡ᠃ ᠲᠠᠷᠡ ᠦᠶ᠎ᠡ ᠳᠤ ᠵᠠᠩᠰᠢᠯ ᠢᠶᠠᠷ ᠠᠯᠠᠭ᠎ᠠ ᠪᠠᠬᠢ ᠵᠢᠠᠭᠦᠢ ᠲᠠᠢ ᠵᠠᠯᠭᠠᠨ ᠰᠠᠭᠤᠪᠡ᠃ ᠡᠨᠡ ᠦᠶ᠎ᠡ ᠪᠤᠯ ᠶᠠᠭ ᠰᠠᠶᠢᠬᠠᠨ 1217 ᠤᠨ ᠤ ᠦᠶ᠎ᠡ᠃      ᠡᠨᠡ ᠦᠶᠡᠰ ᠴᠢᠩᠭᠢᠰ ᠬᠠᠭᠠᠨ ᠪᠠᠷᠠᠭᠤᠨᠰᠢ ᠰᠠᠷᠳᠠᠭᠤᠯ ᠤᠯᠤᠰ ᠢ ᠴᠤᠬᠢᠬᠤ ᠪᠠᠷ ᠶᠠᠪᠤᠵᠦ ᠪᠠᠶᠢᠬᠰᠡᠨ᠃ ᠲᠡᠭᠡᠭᠡᠳ 1219 ᠤᠨ ᠳᠤ ᠪᠤᠶᠤᠬ᠎ᠠ ᠴᠢᠩᠭᠢᠰ ᠬᠠᠭᠠᠨ ᠢ ᠲᠠᠭᠠᠵᠦ ᠬᠤᠷᠧᠽᠠᠮ ᠢ ᠲᠠᠶᠢᠯᠠᠬᠤ ᠪᠠᠷ ᠮᠤᠷᠲᠡᠵᠠᠢ᠃ ᠪᠧᠢ ᠫᠢᠩ ᠸᠠᠩ ᠵᠢᠠᠭᠦᠢ ᠤᠩᠭᠤᠳ ᠠᠶᠢᠮᠠᠭ ᠤᠨ ᠴᠡᠷᠢᠭ ᠢ ᠲᠠᠭᠠᠭᠤᠯᠤᠨ ᠮᠤᠬᠤᠯᠠᠢ ᠶᠢᠨ ᠵᠢᠯᠤᠭᠤᠳᠤᠯᠭ᠎ᠠ ᠪᠠᠷ ᠠᠯᠳᠠᠨ ᠤᠯᠤᠰ ᠢ ᠪᠠᠶᠢᠯᠳᠤᠭᠰᠡᠨ ᠬᠡᠨ᠎ᠡ᠃ ᠬᠡᠪᠡᠴᠦ ᠲᠡᠷᠡ ᠵᠠᠪᠰᠢᠶᠠᠨ ᠪᠤᠰᠦ ᠪᠠᠷ ᠲᠠᠶᠢᠨ ᠳᠤ ᠨᠠᠰᠦ ᠪᠠᠷᠡᠪᠡ᠃ ᠵᠢᠠᠭᠦᠢ ᠠᠯᠳᠠᠨ ᠤᠯᠤᠰ ᠢ ᠲᠠᠶᠢᠯᠠᠬᠤ ᠪᠠᠷ ᠮᠤᠷᠲᠠᠭᠰᠡᠨ ᠬᠤᠶᠢᠨ᠎ᠡ ᠠᠯᠠᠭ᠎ᠠ ᠪᠠᠬᠢ ᠤᠩᠭᠤᠳ ᠠᠶᠢᠮᠠᠭ ᠢ ᠤᠷᠤᠯᠠᠨ ᠵᠠᠬᠢᠷᠴᠦ ᠪᠠᠶᠢᠵᠠᠢ᠃      1219 ᠤᠨ ᠳᠤ᠂ ᠴᠢᠩᠭᠢᠰ ᠬᠠᠭᠠᠨ ᠪᠠᠷᠠᠭᠤᠰᠢ ᠲᠠᠶᠢᠯᠠᠬᠤ ᠳᠠᠭᠠᠨ ᠠᠷᠦ ᠲᠡᠯ᠎ᠡ ᠶᠢᠨ ᠠᠮᠦᠷ ᠲᠦᠪᠰᠢᠨ ᠢ ᠪᠠᠳᠤᠯᠠᠬᠤ ᠶᠢᠨ ᠲᠦᠯᠦᠭᠡ᠂ ᠦᠬᠢᠨ ᠠᠯᠠᠭ᠎ᠠ ᠪᠠᠬᠢ ᠪᠡ ᠲᠡᠭᠦᠦ ᠤᠳᠴᠢᠬᠢᠨ ᠬᠤᠶᠠᠭᠤᠯᠠ ᠪᠠᠷ ᠲᠦᠷᠦ ᠶᠢᠨ ᠬᠡᠷᠡᠭ  ᠢ ᠵᠠᠬᠢᠷᠤᠭᠤᠯᠵᠦ᠂ ᠭᠤᠪᠢ ᠶᠢᠨ ᠡᠮᠦᠨ᠎ᠡ ᠤᠮᠠᠷ᠎ᠡ ᠶᠢ ᠲᠤᠰ ᠲᠤᠰ ᠬᠠᠷᠢᠭᠤᠴᠠᠭᠤᠯᠪᠡ᠃ ᠡᠨᠡ ᠲᠤᠬᠠᠢ 1221 ᠤᠨ  ᠳᠤ ᠮᠤᠩᠭᠤᠯ ᠳᠤ ᠢᠷᠡᠭᠰᠡᠨ ᠡᠮᠦᠨᠡᠲᠦ ᠰᠦᠩ ᠤᠯᠤᠰ ᠤᠨ ᠡᠯᠴᠢᠨ ᠤ ᠪᠢᠴᠢᠭᠰᠡᠨ ︽ᠮᠤᠩᠭᠤᠯ — ᠲᠠᠲ᠋ᠠᠷ ᠤᠨ ᠲᠤᠬᠠᠢ ᠪᠦᠷᠢᠨ ᠲᠡᠮᠲᠡᠭᠯᠡᠯ︾ ᠳᠤ ᠲᠤᠷᠠᠳᠤᠭᠰᠡᠨ ᠨᠢ ︽ᠡᠲᠦᠭᠡ ᠴᠠᠭᠠᠨ ᠲᠠᠲ᠋ᠠᠷ ︵ᠤᠩᠭᠤᠳ ᠠᠶᠢᠮᠠᠭ︶ ᠤᠨ ᠤᠯᠤᠰ  ᠤᠨ ᠬᠡᠷᠡᠭ ᠢ ᠠᠯᠠᠭ᠎ᠠ ᠪᠠᠬᠢ ᠮᠡᠲᠡᠵᠦ ᠪᠤᠢ᠃ ᠡᠳᠤᠷ ᠲᠤᠳᠤᠮ ᠨᠤᠮ ᠤᠩᠰᠢᠵᠦ᠂ ᠡᠮᠡᠭᠲᠠᠢ ᠬᠡᠳᠦᠨ ᠮᠢᠩᠭᠠᠨ ᠬᠦᠮᠦᠨ  ᠢᠶᠠᠷ ᠰᠤᠪᠢᠯᠠᠭᠤᠯᠤᠮᠤᠢ᠃ ᠠᠯᠢᠪᠡ ᠲᠠᠶᠢᠨ ᠳᠤ ᠭᠠᠷᠬᠤ ᠪᠡ ᠴᠠᠪᠴᠢᠬᠤ ᠠᠯᠠᠯᠳᠤᠬᠤ ᠶᠠᠪᠤᠳᠡᠯ ᠢ ᠪᠦᠷ ᠪᠡᠶ᠎ᠡ ᠪᠠᠷ  ᠢᠶᠠᠨ ᠰᠢᠢᠳᠪᠦᠷᠢᠯᠡᠨ᠎ᠡ︾ ᠬᠡᠵᠡᠢ᠃      ᠡᠭᠦᠪᠡᠷ ᠦᠵᠡᠬᠦ ᠳᠤ ᠠᠯᠠᠭ᠎ᠠ ᠪᠠᠬᠢ ᠲᠦᠷᠦ ᠶᠢᠨ ᠬᠡᠷᠡᠭ ᠢ ᠵᠠᠬᠢᠷᠬᠤ ᠴᠢᠳᠠᠪᠦᠷᠢᠲᠠᠢ ᠪᠠᠷ ᠦᠯᠦ ᠪᠠᠷᠡᠨ᠂ ᠮᠦᠨ ᠴᠦ ᠪᠢᠴᠢᠭ ᠴᠡᠷᠢᠭ ᠤᠨ ᠡᠷᠲᠡᠮ ᠬᠤᠤᠰᠯᠠᠭᠰᠡᠨ ᠡᠮᠡᠭᠲᠠᠢ ᠪᠠᠶᠢᠵᠠᠢ᠃      ᠵᠠᠷᠢᠮ ᠬᠦᠮᠦᠰ ᠴᠢᠩᠭᠢᠰ ᠬᠠᠭᠠᠨ ᠢ ᠶᠡᠭᠡ ᠲᠦᠷᠢᠮᠡᠭᠡᠶᠢᠯᠡᠭᠴᠢ ᠬᠡᠵᠦ ᠪᠤᠢ᠃ ᠦᠨᠡᠨ ᠢ ᠬᠡᠯᠡᠬᠦ ᠳᠤ ᠲᠠᠶᠢᠮᠦ ᠪᠢᠰᠢ᠂ ᠴᠢᠩᠭᠢᠰ ᠬᠠᠭᠠᠨ ᠤ ᠰᠠᠷᠳᠠᠭᠤᠯ ᠲᠠᠢ ᠨᠠᠶᠢᠷᠠᠮᠳᠠᠬᠤ ᠶᠢ ᠬᠦᠰᠡᠵᠦ ᠪᠠᠶᠢᠬᠰᠡᠨ ᠠᠴᠠ ᠲᠠᠪᠤᠨ ᠵᠠᠭᠤᠨ ᠠᠷᠠᠯᠵᠢᠶᠠᠴᠢᠨ ᠢᠶᠠᠨ ᠶᠠᠪᠤᠭᠤᠯᠪᠡ᠃ ᠲᠡᠭᠡᠭᠰᠡᠨ ᠳᠤ ᠦᠨᠦᠬᠢ ᠠᠷᠠᠯᠵᠢᠶᠠᠴᠢᠳ ᠢ ᠨᠢ ᠰᠠᠷᠳᠠᠭᠤᠯ ᠤᠨ ᠬᠢᠨ ᠪᠠᠷᠢᠵᠦ ᠠᠪᠤᠭᠠᠳ᠂ ᠶᠠᠭᠤᠮ᠎ᠡ ᠶᠢ ᠨᠢ ᠲᠡᠭᠡᠷᠡᠮᠳᠠᠭᠡᠳ ᠠᠯᠠᠭᠰᠡᠨ ᠪᠠᠶᠢᠳᠠᠭ᠃ ᠲᠡᠭᠡᠭᠡᠳ ᠦᠰ ᠵᠠᠩᠬᠢᠳᠴᠦ᠂ ᠴᠢᠩᠭᠢᠰ ᠬᠠᠭᠠᠨ ᠦᠷᠦᠨᠡᠰᠢ ᠲᠠᠶᠢᠯᠠᠬᠤ ᠶᠡᠭᠡ ᠲᠠᠶᠢᠨ ᠢ ᠡᠭᠦᠰᠭᠡᠭᠰᠡᠨ ᠪᠠᠶᠢᠨ᠎ᠡ᠃ ᠡᠶᠢᠮᠦ ᠰᠢᠯᠲᠠᠭᠠᠨ ᠲᠠᠢ᠃ ᠲᠡᠭᠡᠭᠡᠳ ᠴᠢᠩᠭᠢᠰ ᠬᠠᠭᠠᠨ ᠶᠠᠪᠤᠬᠤ ᠳᠠᠭᠠᠨ 1217 ᠤᠨ ᠳᠤ ᠮᠤᠬᠤᠯᠠᠢ ᠶᠢ ᠸᠠᠩ ᠡᠷᠭᠦᠮᠵᠢᠯᠠᠵᠦ᠂ ᠠᠯᠠᠭ᠎ᠠ ᠪᠠᠬᠢ ᠶᠢ ᠲᠦᠷᠦ ᠵᠠᠰᠠᠭᠴᠢ ᠬᠦᠩᠵᠦ ᠪᠠᠷ ᠡᠷᠭᠦᠮᠵᠢᠯᠠᠨ ᠭᠤᠪᠢ ᠶᠢᠨ ᠡᠮᠦᠨᠡᠬᠢ ᠶᠢ ᠵᠠᠬᠢᠷᠤᠭᠤᠯᠪᠡ᠃ ᠲᠡᠭᠡᠭᠡᠳ ᠠᠯᠠᠭ᠎ᠠ ᠪᠠᠬᠢ ᠤᠯᠠᠨᠰᠦ᠋ᠮ᠎ᠡ ᠳᠤ ᠢᠷᠡᠵᠦ᠂ ᠭᠤᠪᠢ ᠶᠢᠨ ᠡᠮᠦᠨᠡᠬᠢ ︽ᠲᠦᠷᠦ ᠵᠠᠰᠠᠬᠴᠢ ᠬᠦᠩᠵᠦ︾ ᠪᠠᠷ ᠠᠲᠡ ᠰᠠᠭᠤᠭᠰᠡᠨ ᠶᠤᠮ᠃      ᠭᠤᠷᠪᠠ᠂ ᠠᠯᠠᠭ᠎ᠠ ᠪᠠᠬᠢ ᠶᠢᠨ ᠠᠯᠳᠠᠷ ᠭᠠᠪᠢᠶ᠎ᠡ      ᠤᠳᠤ ᠲᠡᠭᠡᠭᠡᠳ ᠠᠯᠠᠭ᠎ᠠ ᠪᠠᠬᠢ ᠶᠢᠨ ᠭᠠᠷ ᠲᠤ ᠶᠡᠭᠡ ᠡᠷᠭᠡ ᠤᠷᠤᠪᠡ᠃ ᠡᠨᠡ ᠦᠶ᠎ᠡ ᠳᠤ ᠠᠯᠬᠤᠰᠢ ᠲᠢᠬᠢᠳᠬᠤᠷᠢ ᠶᠢᠨ ᠪᠠᠭ᠎ᠠ ᠬᠦᠦ ᠪᠤᠶᠤᠬ᠎ᠠ ᠴᠢᠩᠭᠢᠰ ᠬᠠᠭᠠᠨ ᠤ ᠴᠡᠷᠢᠭ ᠢ ᠲᠠᠭᠠᠭᠠᠳ ᠪᠠᠷᠠᠭᠤᠨᠰᠢ ᠪᠠᠨ ᠪᠠᠶᠢᠯᠳᠤᠬᠤ  ᠪᠠᠷ ᠶᠠᠪᠤᠭᠰᠡᠨ ᠪᠠᠶᠢᠳᠠᠭ᠃      ᠠᠯᠠᠭ᠎ᠠ ᠪᠠᠬᠢ ᠶᠡᠭᠡ ᠪᠢᠯᠢᠭ ᠤᠬᠠᠭᠠᠨ ᠲᠠᠢ᠂ ᠡᠷᠡᠯᠭᠡᠭ ᠪᠠᠭᠠᠳᠤᠷᠯᠢᠭ᠂ ᠮᠢᠩᠭᠠᠨ ᠰᠢᠯᠢᠲᠡᠭ ᠡᠮᠡᠭᠲᠠᠢ ᠴᠡᠷᠢᠭ  ᠲᠠᠢ᠂ ᠦᠪᠡᠷ ᠢᠶᠠᠨ ᠠᠯᠠᠯᠳᠤᠵᠦ ᠲᠤᠯᠤᠯᠳᠤᠬᠤ ᠶᠡᠭᠡ ᠲᠠᠶᠢᠨ ᠳᠤ ᠴᠡᠷᠢᠭ ᠮᠠᠩᠯᠠᠶᠢᠯᠠᠵᠦ ᠶᠠᠪᠤᠳᠠᠭ᠃ ᠵᠠᠷᠢᠮ ᠨᠤᠮ ᠲᠡᠭᠡᠷ᠎ᠡ ᠮᠢᠩᠭᠠᠨ ᠦᠵᠡᠰᠭᠦᠯᠡᠩᠲᠠᠢ ᠰᠠᠶᠢᠬᠠᠨ ᠰᠢᠪᠡᠭᠴᠢᠨ ᠢᠶᠠᠷ ᠲᠤᠳᠤᠮᠳᠠᠭᠤᠯᠵᠦ ᠪᠠᠶᠢᠬᠰᠡᠨ ᠭᠡᠲᠡᠭ ᠨᠢ ᠦᠨᠡᠨ ᠪᠢᠰᠢ᠃ ᠮᠤᠩᠭᠤᠯ ᠤᠨ ᠶᠡᠭᠡ ᠪᠠᠭᠠᠳᠤᠷ ᠤᠳ ᠲᠡᠭᠡᠵᠦ ᠬᠦᠮᠦᠨ ᠢᠶᠠᠷ ᠲᠤᠳᠤᠮᠳᠠᠭᠤᠯᠬᠤ ᠪᠢᠰᠢ᠂ ᠲᠠᠶᠢᠰᠦᠨ ᠢᠶᠠᠨ ᠲᠠᠷᠤᠵᠦ ᠴᠡᠷᠢᠭ ᠮᠤᠷᠢ ᠪᠠᠨ ᠲᠤᠳᠤᠮᠳᠠᠵᠦ ᠶᠠᠭᠠᠷᠠᠬᠤ ᠠᠴᠠ ᠪᠢᠰᠢ ᠲᠤᠳᠤᠷ᠎ᠡ ᠭᠠᠵᠠᠷ ᠤᠨ ᠬᠦᠩᠵᠦ ᠰᠢᠭ ᠤᠷᠳᠤᠨ  ᠳᠠᠭᠠᠨ ᠠᠰᠠᠷᠠᠭᠤᠯᠤᠭᠠᠳ ᠰᠠᠭᠤᠳᠠᠭ ᠪᠢᠰᠢ᠃ ᠡᠨᠡ ᠪᠤᠯ ᠶᠡᠭᠡ ᠬᠠᠯᠠᠭᠤᠤ ᠦᠵᠡᠯᠲᠡ ᠪᠠᠷ ᠪᠢᠴᠢᠭᠰᠡᠨ ᠭᠡᠵᠦ ᠪᠢ ᠦᠵᠡᠨ᠎ᠡ᠃ ᠢᠩᠭᠢᠭᠡᠳ ᠠᠯᠠᠭ᠎ᠠ ᠪᠠᠬᠢ ᠮᠢᠩᠭᠠᠨ ᠡᠮᠡᠭᠲᠠᠢ ᠴᠡᠷᠢᠭ ᠢᠶᠠᠨ ᠵᠠᠬᠢᠷᠴᠦ᠂ ᠤᠶᠢᠷ᠎ᠡ ᠬᠠᠪᠢ ᠪᠠᠨ ᠲᠦᠪᠰᠢᠳᠭᠡᠵᠦ ᠰᠠᠭᠤᠵᠦ ᠪᠠᠶᠢᠵᠠᠢ᠃      ᠡᠨᠡ ᠦᠶ᠎ᠡ ᠳᠤ ᠤᠩᠭᠤᠳ ᠠᠶᠢᠮᠠᠭ ᠠᠴᠠ ᠲᠦᠮᠡᠨ ᠰᠢᠯᠢᠲᠡᠭ ᠴᠡᠷᠢᠭ ᠰᠤᠩᠭᠤᠵᠦ ᠠᠪᠤᠭᠠᠳ ᠮᠤᠬᠤᠯᠠᠢ ᠡᠮᠦᠨᠡᠰᠢ ᠲᠠᠶᠢᠯᠠᠬᠤ ᠳᠤ ᠲᠡᠮᠵᠢᠭᠦᠯᠪᠡ᠃ ᠮᠤᠬᠤᠯᠠᠢ ᠶᠢᠨ ᠡᠮᠦᠨᠡᠰᠢ ᠲᠠᠶᠢᠯᠠᠬᠤ ᠳᠤ ᠠᠯᠠᠭ᠎ᠠ ᠪᠠᠬᠢ ᠪᠠᠰᠡ ᠶᠡᠭᠡ ᠲᠠᠮᠵᠢᠯᠭᠡ ᠦᠵᠡᠭᠦᠯᠵᠦ ᠪᠠᠶᠢᠪᠡ᠃ ᠶᠦᠨᠨᠠᠨ ᠳᠤ ᠮᠤᠩᠭᠤᠯ ᠴᠡᠷᠢᠭ ᠦᠯᠡᠲᠡᠭᠰᠡᠨ ᠨᠢ ᠲᠡᠷᠡ ᠦᠶ᠎ᠡ ᠶᠢᠨ ᠤᠴᠢᠷ᠃ ᠠᠯᠠᠭ᠎ᠠ ᠪᠠᠬᠢ ᠲᠦᠷᠦ ᠵᠠᠬᠢᠷᠤᠭᠴᠢ ᠶᠢᠨ ᠬᠤᠪᠢ ᠳᠤ᠂ ᠭᠤᠪᠢ ᠶᠢᠨ ᠡᠮᠦᠨᠡᠬᠢ ᠶᠢ ᠵᠠᠬᠢᠷᠴᠦ ᠴᠢᠩᠭᠢᠰ ᠬᠠᠭᠠᠨ ᠢ ᠪᠠᠷᠠᠭᠤᠨᠰᠢ ᠲᠠᠶᠢᠯᠠᠭᠠᠳ ᠢᠷᠡᠬᠦ ᠳᠤ ᠲᠤᠩ ᠡᠩᠭᠡ ᠲᠠᠶᠢᠪᠤᠩ ᠡᠷᠭᠡ ᠪᠠᠷᠢᠵᠦ ᠪᠠᠶᠢᠪᠡ᠃      1225 ᠤᠨ ᠳᠤ᠂ ᠴᠢᠩᠭᠢᠰ ᠬᠠᠭᠠᠨ ᠤᠯᠤᠰ ᠲᠠᠭᠠᠨ ᠪᠤᠴᠠᠬᠤ ᠳᠤ ᠪᠤᠶᠤᠬ᠎ᠠ ᠴᠦ ᠤᠩᠭᠤᠳ ᠠᠶᠢᠮᠠᠭ  ᠲᠠᠭᠠᠨ ᠪᠤᠴᠠᠵᠠᠢ᠃ ᠢᠩᠭᠢᠭᠡᠳ ᠲᠡᠷᠡ ᠠᠬ᠎ᠠ ᠵᠢᠠᠭᠦᠢ ᠶᠢᠨ ᠸᠠᠩ ᠤᠨ ᠬᠡᠷᠭᠡᠮ ᠢ ᠵᠠᠯᠭᠠᠮᠵᠢᠯᠠᠵᠦ ᠠᠯᠠᠭ᠎ᠠ ᠪᠠᠬᠢ ᠲᠠᠢ ᠵᠠᠯᠭᠠᠨ ᠰᠠᠭᠤᠪᠡ᠃ ᠪᠤᠶᠤᠬ᠎ᠠ ᠪᠤᠯ ᠠᠯᠠᠭ᠎ᠠ ᠪᠠᠬᠢ ᠶᠢᠨ ᠭᠤᠷᠪᠠᠳᠤᠭᠠᠷ ᠡᠷ᠎ᠡ ᠨᠦᠬᠦᠷ ᠪᠤᠯᠤᠨ᠎ᠡ᠃ ᠢᠩᠭᠢᠬᠦᠯᠡᠷ ᠡᠨᠡ ᠬᠦᠮᠦᠨ ᠤᠩᠭᠤᠳ ᠠᠶᠢᠮᠠᠭ ᠲᠤ ᠬᠡᠴᠡᠭᠦᠦ ᠶᠡᠭᠡ ᠬᠦᠨᠳᠦᠳᠭᠡᠯ ᠲᠠᠢ᠂ ᠭᠤᠷᠪᠠᠨ ᠦᠶ᠎ᠡ ᠲᠠᠮᠵᠢᠵᠦ᠂ ᠭᠤᠷᠪᠠ ᠤᠳᠠᠭ᠎ᠠ ᠤᠩᠭᠤᠳ ᠠᠶᠢᠮᠠᠭ ᠤᠨ ᠲᠦᠷᠦᠭᠦᠦ ᠬᠠᠳᠤᠨ ᠪᠤᠯᠵᠦ ᠶᠠᠪᠤᠬᠰᠡᠨ ᠪᠤᠯᠬᠤᠷ ᠤᠩᠭᠤᠳ ᠠᠶᠢᠮᠠᠭ ᠤᠨ ᠶᠡᠭᠡ ᠡᠷᠭᠡ ᠶᠢ ᠪᠠᠷᠢᠵᠦ ᠶᠠᠪᠤᠭᠰᠡᠨ᠃      ᠲᠡᠶᠢᠮᠦ ᠳᠡᠭᠡᠨ ᠬᠤᠵᠢᠮ ᠨᠢ ᠲᠤᠯᠤᠢ ᠠᠴᠠ ᠡᠬᠢᠯᠡᠭᠡᠳ ᠦᠭᠡᠲᠠᠢ᠂ ᠬᠤᠪᠢᠯᠠᠢ   ᠶᠢᠨ ᠬᠡᠲᠦ ᠤᠯᠠᠨ ᠭᠦᠩᠵᠦ ᠪᠦᠷ ᠤᠩᠭᠤᠳ ᠠᠶᠢᠮᠠᠭ ᠲᠤ ᠬᠠᠳᠤᠨ ᠪᠤᠯᠵᠦ ᠢᠷᠡᠭᠰᠡᠨ᠃ ᠦᠶ᠎ᠡ ᠶᠢᠨ ᠦᠶ᠎ᠡ ᠳᠡᠭᠡᠨ ᠰᠠᠳᠤᠨ ᠪᠤᠯᠤᠨ᠎ᠡ ᠭᠡᠰᠡᠨ ᠴᠢᠩᠭᠢᠰ ᠤᠨ ᠦᠭᠡ ᠪᠡᠶᠡᠯᠡᠭᠲᠡᠭᠰᠡᠨ ᠪᠠᠶᠢᠨ᠎ᠡ᠃      ᠲᠡᠭᠡᠭᠡᠳ ᠠᠯᠠᠭ᠎ᠠ ᠪᠠᠬᠢ ᠤᠯᠠᠨᠰᠦ᠋ᠮ᠎ᠡ ᠶᠢ ᠶᠡᠭᠡ ᠪᠠᠷ ᠪᠦᠲᠦᠭᠡᠨ ᠪᠠᠶᠢᠭᠤᠯᠵᠠᠢ᠃ ᠲᠡᠷᠡ ᠦᠶ᠎ᠡ ᠳᠤ ᠲᠠᠮᠦᠷ ᠬᠠᠶᠢᠯᠤᠭᠤᠯᠵᠦ ᠪᠠᠶᠢᠬᠰᠡᠨ ᠬᠤᠲᠡ ᠶᠢᠨ ᠪᠠᠭᠤᠷᠢ ᠪᠤᠢ᠃ ᠲᠡᠷᠡ ᠤᠩᠭᠤᠳ ᠠᠶᠢᠮᠠᠭ ᠢ ᠶᠡᠭᠡ ᠬᠦᠭᠵᠢᠯᠲᠡ ᠶᠢᠨ ᠦᠶ᠎ᠡ ᠳᠤ ᠤᠷᠤᠭᠤᠯᠤᠭᠰᠡᠨ ᠪᠠᠶᠢᠨ᠎ᠡ᠃      ᠠᠯᠳᠠᠨ ᠬᠠᠨ ᠤᠯᠠᠨᠰᠦ᠋ᠮ᠎ᠡ ᠳᠤ ᠱᠠᠰᠢᠨ ᠲᠡᠯᠭᠡᠷᠡᠭᠦᠯᠬᠦ ᠠᠴᠠ ᠡᠮᠦᠨ᠎ᠡ ᠶᠡᠭᠡ ᠰᠠᠭᠤᠷᠢ ᠲᠠᠢ ᠪᠠᠶᠢᠬᠰᠡᠨ ᠪᠤᠯᠬᠤᠷ ᠰᠠᠶ᠋ᠢ ᠨᠠᠰᠢ ᠪᠠᠨ ᠢᠷᠡᠭᠰᠡᠨ᠃ ᠤᠯᠠᠨᠰᠦ᠋ᠮ᠎ᠡ ᠬᠡᠷᠪᠡ ᠠᠯᠠᠭ᠎ᠠ ᠪᠠᠬᠢ ᠶᠢᠨ ᠡᠶᠢᠮᠦ ᠶᠡᠭᠡ ᠪᠦᠲᠦᠭᠡᠨ ᠪᠠᠶᠢᠭᠤᠯᠤᠯᠲᠡ ᠪᠠᠶᠢᠬᠰᠡᠨ ᠦᠭᠡᠢ ᠪᠤᠯ ᠠᠯᠳᠠᠨ ᠬᠠᠨ ᠤᠯᠠᠨᠰᠦ᠋ᠮ᠎ᠡ ᠳᠤ ᠰᠦᠮ᠎ᠡ ᠪᠠᠶᠢᠭᠤᠯᠵᠦ᠂ ᠶᠡᠭᠡ ᠰᠤᠪᠤᠷᠭ᠎ᠠ ᠪᠤᠰᠬᠠᠬᠤ ᠦᠭᠡᠢ ᠪᠠᠶᠢᠵᠦ ᠴᠦ ᠮᠡᠲᠡᠨ᠎ᠡ᠃      ᠦᠭᠡᠲᠠᠢ ᠬᠠᠭᠠᠨ ᠰᠠᠭᠤᠬᠰᠡᠨ ᠤ ᠰᠡᠭᠦᠯᠡᠷ ᠤᠯᠠᠨ ᠵᠧᠦ ᠶᠢᠨ ᠲᠦᠷᠢᠮ ᠢ ᠶᠠᠪᠤᠭᠤᠯᠤᠭᠠᠳ᠂ ᠮᠤᠩᠭᠤᠯ ᠤᠨ ᠬᠠᠭᠠᠨ ᠠᠴᠠ ᠲᠠᠷᠤᠭ᠎ᠠ ᠲᠤᠮᠢᠯᠠᠨ ᠤᠩᠭᠤᠳ ᠠᠶᠢᠮᠠᠭ ᠢ ᠵᠠᠬᠢᠷᠤᠭᠤᠯᠤᠭᠰᠡᠨ᠂ ᠡᠨᠡ ᠦᠶ᠎ᠡ ᠳᠤ ︽ᠲᠦᠷᠦ ᠵᠠᠬᠢᠷᠤᠬᠴᠢ ᠬᠦᠩᠵᠦ︾ ᠨᠢᠭᠡᠨᠲᠡ ᠲᠠᠪᠢ ᠭᠠᠷᠤᠭᠰᠡᠨ ᠬᠦᠮᠦᠨ ᠪᠠᠶᠢᠪᠡ᠃ ᠮᠦᠨ ᠦᠭᠡᠷ᠎ᠡ ᠸᠠᠩ ᠲᠠᠢ ᠠᠳᠠᠯᠢ ᠬᠡᠰᠢᠭ᠂ ᠭᠠᠵᠠᠷ ᠤᠷᠤᠨ᠂ ᠡᠳ᠋ ᠬᠦᠷᠦᠩᠭᠡ ᠬᠤᠪᠢᠶᠠᠵᠦ ᠤᠯᠬᠤ ᠡᠷᠭᠡ ᠲᠠᠢ ᠪᠠᠶᠢᠬᠰᠡᠨ᠃      ᠠᠯᠠᠭ᠎ᠠ ᠪᠠᠬᠢ ᠶᠡᠭᠡ ᠬᠦᠨᠳᠦᠳᠭᠡᠯ ᠲᠠᠢ ᠪᠤᠯᠬᠤᠷ ᠡᠨᠡ ᠭᠠᠵᠠᠷ ᠨᠢᠭᠡ ᠨᠠᠰᠦ ᠪᠠᠷ ᠢᠶᠠᠨ ᠦᠢᠯᠡᠴᠢᠯᠡᠵᠦ ᠪᠠᠷᠤᠭ 12 ᠵᠢᠯ ᠲᠦᠷᠦ ᠪᠠᠷᠢᠬᠰᠡᠨ᠃ ᠦᠴᠤᠸᠠᠨ᠂ ᠤᠯᠠᠨᠰᠦ᠋ᠮ᠎ᠡ ᠠᠴᠠ ᠠᠯᠠᠭ᠎ᠠ ᠪᠠᠬᠢ ᠶᠢᠨ ᠲᠦᠷᠦ ᠵᠠᠰᠠᠵᠦ ᠪᠠᠶᠢᠬᠰᠡᠨ ᠲᠠᠮᠠᠭ᠎ᠠ ᠤᠯᠳᠠᠭᠰᠡᠨ ᠨᠢ ᠲᠡᠷᠡ ᠡᠨᠡ ᠭᠠᠵᠠᠷ ᠢ ᠵᠠᠰᠠᠵᠦ ᠪᠠᠶᠢᠭᠰᠡᠨ ᠭᠡᠷᠡᠴᠢ ᠪᠠᠷᠢᠮᠲᠡ ᠶᠤᠮ᠃ ᠲᠡᠭᠦᠨ ᠢ ︽ᠶᠤᠸᠠᠨ ᠤᠯᠤᠰ ᠤᠨ ᠲᠡᠦᠭᠡ︾ ᠶᠢᠨ ᠬᠦᠩᠵᠦ ᠶᠢᠨ ᠢᠯᠡᠳᠭᠡᠯ ᠳᠤ ᠵᠤᠤ ᠬᠦᠸᠧ ᠬᠦᠩᠵᠦ ᠶᠢᠨ ᠪᠠᠶᠢᠷᠢ ᠶᠢᠨ ᠨᠢᠭᠡᠳᠤᠭᠡᠷ ᠡᠭᠡᠴᠢᠮᠡᠳ ᠬᠦᠩᠵᠦ ᠪᠠᠷ ᠲᠡᠮᠳᠡᠭᠯᠡᠵᠦ ᠪᠤᠢ᠃      ᠡᠨᠡ ᠠᠯᠠᠭ᠎ᠠ ᠪᠠᠬᠢ ᠶᠢᠨ ᠬᠤᠶᠢᠴᠢ ᠦᠶ᠎ᠡ ᠳᠡᠭᠡᠨ ᠦᠭᠭᠦᠭᠰᠡᠨ ᠨᠦᠯᠦᠭᠡ ᠶᠡᠭᠡ ᠰᠠᠶᠢᠨ᠂ ᠪᠤᠶᠤᠬ᠎ᠠ ᠪᠤᠯ ᠦᠭᠡᠷ᠎ᠡ ᠪᠠᠰᠡ ᠪᠦᠰᠡᠭᠦᠢ ᠲᠠᠢ᠂ ᠠᠶᠢᠪᠤᠬ᠎ᠠ᠂ ᠴᠢᠯᠠᠭᠤᠨᠪᠤᠭ᠎ᠠ᠂ ᠵᠠᠭᠤᠪᠤᠬ᠎ᠠ ᠭᠤᠷᠪᠠ ᠪᠤᠯ ᠨᠦᠬᠦᠭᠡ ᠡᠭᠡᠨᠡᠷ ᠠᠴᠠ ᠨᠢ ᠲᠦᠷᠦᠭᠰᠡᠨ ᠬᠦᠦ ᠪᠤᠯᠤᠨ᠎ᠡ᠃ ᠡᠭᠦᠨ ᠢ ᠠᠯᠠᠭ᠎ᠠ ᠪᠠᠬᠢ ᠲᠦᠷᠦᠭᠰᠡᠨ ᠬᠦᠦ ᠪᠠᠨ ᠰᠢᠭ ᠦᠰᠭᠡᠵᠦ᠂ ᠬᠤᠵᠢᠮ ᠤᠩᠭᠤᠳ ᠠᠶᠢᠮᠠᠭ ᠤᠨ ᠬᠤᠶᠢᠰᠢ ᠶᠢᠨ ᠭᠡᠳᠦᠨ ᠸᠠᠩ ᠢ ᠵᠠᠭᠤᠪᠤᠬ᠎ᠠ᠂ ᠠᠶᠢᠪᠤᠬ᠎ᠠ ᠵᠠᠭᠠᠮᠵᠢᠯᠠᠬᠰᠡᠨ ᠨᠢ ᠬᠤᠶᠢᠴᠢ ᠦᠶ᠎ᠡ ᠳᠤ ᠨᠢ ᠬᠦᠷᠲᠡᠯ᠎ᠡ ᠬᠦᠮᠦᠨ ᠬᠦᠮᠦᠵᠢᠭᠦᠯᠵᠦ ᠦᠭᠭᠦᠭᠰᠡᠨ ᠢ ᠬᠠᠷᠠᠭᠤᠯᠵᠦ ᠪᠤᠢ᠃      ᠠᠯᠠᠭ᠎ᠠ ᠪᠠᠬᠢ ᠦᠪᠡᠷ ᠢᠶᠠᠨ ᠬᠡᠦᠭᠡᠳ ᠦᠭᠡᠢ᠃ ᠲᠡᠷᠡ ᠶᠡᠭᠡ ᠤᠯᠤᠰ ᠲᠦᠷᠦᠴᠢ ᠬᠦᠮᠦᠨ᠃ ᠨᠡᠩ ᠢᠯᠠᠩᠭᠤᠶ᠎ᠡ ᠠᠯᠳᠠᠨ ᠤᠯᠤᠰ ᠢ ᠴᠤᠬᠢᠭᠠᠳ ᠪᠠᠷᠢᠵᠦ ᠢᠷᠡᠭᠰᠡᠨ ᠸᠠᠩ ᠵᠤᠤ ᠵᠡᠷᠭᠡ ᠭᠤᠷᠪᠠᠨ ᠴᠢᠳᠠᠪᠦᠷᠢᠲᠡᠨ ᠢ ᠬᠡᠷᠡᠭᠯᠡᠭᠰᠡᠨ᠂ ᠲᠡᠶᠢᠮᠦ ᠠᠴᠠ ᠠᠯᠠᠭ᠎ᠠ ᠪᠠᠬᠢ ᠪᠤᠯ ᠴᠡᠷᠢᠭ ᠲᠠᠶᠢᠨ ᠤ ᠡᠷᠲᠡᠮᠳᠠᠨ᠂ ᠤᠯᠠᠨ ᠢ ᠵᠤᠬᠢᠶᠠᠨ ᠪᠠᠶᠢᠭᠤᠯᠬᠤ ᠡᠷᠲᠡᠮᠲᠡᠨ᠂ ᠪᠠᠰᠡ ᠬᠤᠶᠢᠴᠢ ᠦᠶ᠎ᠡ ᠳᠡᠭᠡᠨ ᠬᠠᠷᠢᠭᠤᠴᠠᠬᠤ ᠰᠡᠳᠬᠢᠯ ᠲᠠᠢ᠂ ᠮᠤᠩᠭᠤᠯ ᠤᠨ ᠨᠢᠭᠡᠳᠤᠯ᠂ ᠨᠡᠩ ᠢᠯᠠᠩᠭᠤᠶ᠎ᠡ ᠤᠳᠤ ᠶᠢᠨ ᠡᠨᠡ ᠵᠤᠤ ᠸᠠᠩ ᠬᠤᠲᠡ ᠳᠤ ᠬᠢᠯᠠᠷᠠᠭᠤᠯᠵᠦ ᠶᠠᠪᠤᠭᠰᠡᠨ ᠡᠮᠡᠭᠲᠠᠢ ᠪᠠᠭᠠᠳᠤᠷ᠂ ᠮᠦᠨ ᠴᠦ ᠮᠤᠩᠭᠤᠯ ᠤᠨ ᠲᠡᠦᠭᠡᠨ ᠳᠤ ᠤᠯᠠᠨ ᠬᠤᠶᠢᠴᠢ ᠶᠢᠨ ᠸᠠᠩ ᠢ ᠬᠦᠮᠦᠵᠢᠭᠦᠯᠵᠦ ᠦᠭᠭᠦᠭᠰᠡᠨ ᠶᠡᠷᠦ ᠪᠤᠰᠤ ᠶᠢᠨ ᠡᠮᠡᠭᠲᠠᠢ ᠪᠤᠯᠤᠨ᠎ᠡ᠃      ᠤᠳᠤ ᠡᠨᠡ ᠪᠠᠳᠤᠬᠠᠭᠠᠯᠭ᠎ᠠ ᠳᠤ ᠠᠶᠢᠪᠠᠭ᠎ᠠ ᠭᠤᠤᠯ ᠭᠡᠵᠦ ᠪᠤᠢ᠃ ᠠᠶᠢᠪᠠᠭ᠎ᠠ ᠭᠡᠲᠡᠭ ᠨᠢ ᠠᠶᠢᠪᠤᠬ᠎ᠠ ᠭᠡᠰᠡᠨ ᠬᠦᠮᠦᠨ ᠤ ᠨᠡᠷ᠎ᠡ ᠪᠠᠷ ᠦᠭᠭᠦᠭᠰᠡᠨ ᠭᠤᠤᠯ ᠤᠨ ᠨᠠᠷᠡᠶᠢᠳᠤᠯ᠃ ᠠᠶᠢᠪᠠᠭ᠎ᠠ ᠭᠤᠤᠯ ᠦᠯᠵᠠᠶᠢᠲᠦ ᠲᠤᠬᠤᠢ ᠪᠠᠷ ᠲᠠᠮᠵᠢᠭᠠᠳ ᠴᠠᠭᠠᠨ ᠬᠤᠰᠢᠭᠤᠨ ᠤ ᠲᠤᠤᠷ᠎ᠡ ᠲᠠᠷᠭᠤᠨ ᠭᠤᠤᠯ ᠲᠠᠢ ᠨᠠᠶᠢᠯᠡᠵᠦ ᠬᠤᠶᠢᠰᠢ ᠪᠠᠨ ᠤᠷᠤᠰᠴᠦ ᠠᠯᠳᠠᠨ ᠲᠡᠪᠰᠢ ᠳᠤ ᠴᠢᠳᠬᠤᠮᠤᠢ ᠭᠡᠰᠡᠨ ᠲᠡᠮᠲᠡᠭᠯᠡᠯ ᠪᠤᠢ᠃      ᠠᠯᠳᠠᠨ ᠲᠡᠪᠰᠢ ᠪᠤᠯ ᠤᠳᠤ ᠶᠢᠨ ᠲᠡᠭᠷᠢ ᠨᠠᠭᠤᠷ᠂ ᠲᠡᠭᠡᠪᠡᠯ ᠦᠯᠵᠠᠶᠢᠲᠦ ᠲᠤᠬᠤᠢ ᠬᠡᠲᠡᠭ ᠨᠢ ᠤᠳᠤ ᠶᠢᠨ ᠪᠠᠳᠤᠬᠠᠭᠠᠯᠭ᠎ᠠ᠂ ᠠᠶᠢᠪᠤᠬ᠎ᠠ ᠭᠤᠤᠯ ᠪᠤᠯ ᠤᠳᠤ ᠶᠢᠨ ᠠᠶᠢᠪᠠᠭ᠎ᠠ ᠭᠤᠤᠯ᠂ ᠦᠨᠡᠨ ᠳᠡᠭᠡᠨ ᠮᠦᠨ ᠤᠩᠭᠤᠳ ᠠᠶᠢᠮᠠᠭ  ᠤᠨ ᠲᠦᠷᠦᠭᠦᠦ ᠠᠶᠢᠪᠤᠬ᠎ᠠ ᠶᠢᠨ ᠨᠠᠷ᠎ᠡ ᠪᠠᠷ ᠨᠠᠷᠠᠶᠢᠳᠦᠭᠰᠡᠨ ᠭᠤᠤᠯ᠃ ᠲᠡᠶᠢᠮᠦ ᠠᠴᠠ ᠠᠯᠠᠭ᠎ᠠ ᠪᠠᠬᠢ ᠪᠤᠯ ᠮᠠᠨ ᠤ ᠪᠤᠭᠤᠲᠦ ᠶᠢᠨ ᠬᠡᠪᠴᠢᠶᠠᠨ ᠳᠤ᠂ ᠲᠠᠷᠬᠠᠨ ᠮᠤᠤᠮᠢᠩᠭᠠᠨ ᠬᠤᠯᠪᠤᠭᠠᠲᠦ ᠬᠤᠰᠢᠭᠤᠨ ᠳᠤ ᠠᠪᠴᠦ ᠬᠡᠯᠡᠪᠡᠯ ᠮᠦᠨ ᠶᠡᠭᠡ ᠲᠤᠷᠠᠰᠬᠠᠯᠲᠠᠢ ᠲᠡᠦᠭᠡᠲᠦ ᠬᠦᠮᠦᠨ ᠶᠤᠮ᠃ ᠡᠭᠦᠨ ᠢ ᠠᠩᠬᠠᠨ ᠳᠠᠭᠠᠨ ᠰᠠᠶᠢᠨ ᠮᠡᠲᠡᠬᠦ ᠦᠭᠡᠢ᠂ ᠤᠷᠴᠢᠮ ᠤᠨ ᠵᠢᠯ ᠤᠯᠤᠰ ᠤᠨ ︽ᠶᠤᠸᠠᠨ ᠤᠯᠤᠰ ᠤᠨ ᠲᠡᠦᠭᠡ︾᠂ ᠠᠯᠠᠭ᠎ᠠ ᠪᠠᠬᠢ ᠶᠢᠨ ᠭᠡᠭᠦᠷ ᠤᠩᠭᠤᠳ ᠠᠴᠠ ᠰᠤᠳᠤᠯᠵᠦ ᠦᠵᠡᠪᠡᠯ ᠠᠯᠠᠭ᠎ᠠ ᠪᠠᠬᠢ ᠨᠢ ᠬᠠᠰᠠᠷ ᠠᠴᠠ ᠬᠤᠶᠢᠰᠢ ᠦᠶ᠎ᠡ ᠶᠢᠨ ᠲᠤᠳᠤᠷ᠎ᠡ ᠢᠯᠡᠷᠡᠵᠦ ᠭᠠᠷᠴᠦ ᠢᠷᠡᠭᠰᠡᠨ ᠨᠠᠷᠡᠲᠠᠢ ᠡᠮᠡᠭᠲᠠᠢ ᠪᠠᠭᠠᠳᠤᠷ᠂ ᠰᠤᠳᠤᠯᠤᠭᠤᠰᠢᠲᠠᠢ ᠪᠦᠭᠡᠳ ᠮᠠᠬᠳᠠᠭᠠᠯ ᠲᠠᠢ᠂ ᠬᠤᠵᠢᠮ ᠬᠤᠶᠢᠰᠢ ᠳᠠᠭᠠᠨ ᠤᠯᠠᠮᠵᠢᠯᠠᠵᠦ ᠪᠤᠯᠤᠮᠠᠷ ᠡᠶᠢᠮᠦ ᠨᠢᠭᠡ ᠬᠦᠮᠦᠨ ᠭᠡᠵᠦ ᠪᠤᠳᠤᠵᠦ ᠪᠤᠢ᠃ ᠡᠨᠡ ᠪᠤᠯ ᠪᠤᠳᠠᠳᠠᠢ ᠬᠦᠮᠦᠨ᠂ ᠬᠡᠶᠢᠰᠪᠦᠷᠢ ᠪᠢᠰ᠊᠂ ᠲᠠᠮᠠᠭ᠎ᠠ ᠭᠡᠭᠦᠷ ᠤᠩᠭᠤᠨ᠂ ᠤᠯᠠᠨᠰᠦ᠋ᠮ᠎ᠡ ᠶᠢᠨ ᠪᠠᠭᠤᠷᠢ ᠴᠦ ᠪᠤᠢ᠃ ᠠᠯᠳᠠᠨ ᠬᠠᠨ ᠠᠲᠡ ᠰᠦᠮ᠎ᠡ ᠪᠠᠶᠢᠭᠤᠯᠵᠦ ᠰᠢᠷ᠎ᠡ ᠶᠢᠨ ᠱᠠᠰᠢᠨ ᠢ ᠲᠡᠯᠭᠡᠷᠡᠭᠦᠯᠬᠦ ᠳᠤ ᠶᠡᠭᠡ ᠰᠠᠭᠤᠷᠢ ᠲᠠᠯᠪᠢᠬᠰᠡᠨ᠃ ᠠᠯᠳᠠᠨ ᠬᠠᠨ ᠤ ᠴᠢᠯᠠᠭᠤᠨ ᠬᠦᠰᠢᠶ᠎ᠡ ᠪᠠᠰᠡ ᠲᠠᠷᠬᠠᠨ ᠮᠤᠤᠮᠢᠩᠭᠠᠨ ᠳᠤ ᠬᠠᠳᠠᠭᠠᠯᠠᠵᠦ ᠪᠠᠶᠢᠨ᠎ᠡ᠃      ᠲᠦᠷᠪᠡ᠂ ᠠᠯᠠᠭ᠎ᠠ ᠪᠠᠬᠢ ᠶᠢᠨ ᠤᠩᠭᠤᠨ ᠢᠯᠡᠷᠡᠭᠰᠡᠨ      ᠤᠳᠤ ᠤᠯᠠᠨᠰᠦ᠋ᠮ᠎ᠡ ᠠᠴᠠ ᠪᠠᠷᠠᠭᠤᠨ ᠬᠤᠶᠢᠲᠠᠢ ᠪᠢᠴᠢᠭᠲᠦ ᠬᠤᠭᠤᠯᠠᠢ ᠬᠡᠲᠡᠭ ᠭᠠᠵᠠᠷ ᠲᠤ ᠨᠢᠭᠡ ᠲᠡᠭᠡᠳᠤᠰ  ᠤᠨ ᠤᠩᠭᠤᠨ ᠪᠠᠶᠢᠨ᠎ᠡ᠃ ᠤᠩᠭᠤᠨ ᠳᠤ ᠰᠠᠶᠢᠯᠦᠮᠠᠯ ᠲᠠᠢ ᠴᠢᠯᠠᠭᠤᠨ ᠠᠪᠰᠡ ᠭᠠᠷᠤᠭᠰᠡᠨ᠂ ᠡᠨᠡ ᠠᠪᠰᠡ ᠶᠢ ᠪᠢ ᠠᠯᠠᠭ᠎ᠠ ᠪᠠᠬᠢ ᠶᠢᠨ ᠤᠩᠭᠤᠨ ᠭᠡᠵᠦ ᠦᠵᠡᠲᠡᠭ᠃      ᠶᠠᠭᠠᠬᠢᠭᠠᠳ ᠬᠡᠪᠡᠯ︖ ᠪᠤᠶᠤᠬ᠎ᠠ ᠲᠠᠶᠢᠨ ᠳᠤ ᠶᠠᠪᠤᠭᠠᠳ ᠪᠤᠴᠠᠵᠦ ᠢᠷᠡᠭᠰᠡᠨ ᠤ ᠲᠠᠷᠠᠭ᠎ᠠ ᠲᠦᠷᠦ ᠵᠠᠰᠠᠭᠠᠳ ᠬᠤᠶᠠᠭᠤᠯᠠ ᠪᠠᠨ ᠡᠨᠡ ᠨᠠᠯᠢᠶᠠᠳ ᠤᠷᠤ ᠬᠤᠭᠤᠴᠠᠭᠠᠨ ᠤ ᠡᠩᠭᠡ ᠲᠠᠶᠢᠪᠦᠩ ᠴᠠᠭ ᠦᠶ᠎ᠡ ᠶᠢ ᠠᠪᠴᠢᠷᠠᠭᠰᠡᠨ᠃ ᠤᠩᠭᠤᠳ ᠠᠶᠢᠮᠠᠭ ᠢ ᠵᠠᠰᠠᠵᠦ᠂ ᠠᠵᠦ ᠠᠬᠤᠢ ᠶᠤᠮ ᠤᠤ ᠡᠯ᠎ᠡ ᠲᠡᠯ᠎ᠡ ᠲᠡᠭᠡᠷ᠎ᠡ ᠬᠦᠭᠵᠢᠨ ᠲᠡᠯᠭᠡᠷᠡᠭᠰᠡᠨ ᠴᠠᠭ ᠦᠶ᠎ᠡ ᠪᠤᠢ ᠪᠤᠯᠪᠡ᠃      ᠲᠡᠶᠢᠮᠦ ᠠᠴᠠ ᠠᠯᠠᠭ᠎ᠠ ᠪᠠᠬᠢ ᠪᠡᠶ᠎ᠡ ᠪᠠᠷᠠᠬᠤ ᠶᠢᠨ ᠦᠶ᠎ᠡ ᠳᠤ ᠲᠤᠰᠬᠠᠢ ᠭᠡᠭᠦᠷ ᠪᠠᠷᠢᠵᠦ ᠪᠤᠩᠬᠤᠯᠠᠬᠤ ᠨᠦᠬᠦᠴᠡᠯ ᠪᠠᠶᠢᠬᠰᠡᠨ᠂ ᠦᠭᠡᠷ᠎ᠡ ᠬᠦᠮᠦᠨ ᠤ ᠪᠡᠶ᠎ᠡ ᠲᠡᠭᠡᠷ᠎ᠡ ᠪᠠᠶᠢᠬᠤ ᠦᠭᠡᠢ᠃ ᠪᠤᠶᠠᠨᠰᠢᠪᠡᠯ ᠠᠯᠠᠭᠳᠠᠵᠦ᠂ ᠵᠢᠠᠭᠦᠢ ᠨᠢ ᠦᠪᠡᠷ ᠢᠶᠠᠨ ᠦᠭᠦᠴᠢᠭᠡᠪᠡ᠃ ᠬᠠᠮᠤᠭ ᠰᠡᠭᠦᠯ ᠳᠤ ᠪᠤᠶᠤᠬ᠎ᠠ᠂ ᠠᠯᠠᠭ᠎ᠠ ᠪᠠᠬᠢ ᠬᠤᠶᠠᠭᠤᠯᠡ ᠪᠠᠨ ᠰᠠᠶ᠋ᠢ ᠤᠩᠭᠤᠳ ᠠᠶᠢᠮᠠᠭ ᠤᠨ ᠲᠦᠷᠦᠭᠦᠦ ᠪᠠᠷ ᠤᠳᠠᠭᠠᠨ ᠴᠠᠭ ᠪᠠᠶᠢᠬᠰᠡᠨ ᠲᠤᠯᠡ ᠡᠨᠡ ᠬᠤᠶᠠᠷ ᠪᠡᠶ᠎ᠡ ᠪᠠᠷᠠᠬᠤ ᠳᠤ ᠤᠩᠭᠤᠯᠠᠵᠦ ᠪᠤᠩᠬᠤᠯᠠᠬᠤ ᠨᠦᠬᠦᠴᠡᠯ ᠲᠠᠢ ᠪᠤᠯᠤᠭᠠᠳ᠂ ᠡᠨᠡ ᠬᠤᠶᠠᠷ ᠢ ᠪᠢᠴᠢᠭᠲᠦ ᠬᠤᠭᠤᠯᠠᠢ ᠳᠤ ᠪᠤᠩᠬᠤᠯᠠᠭᠰᠡᠨ ᠪᠠᠶᠢᠬᠤ ᠶᠤᠰᠤᠳᠠᠢ᠃      ᠶᠠᠭᠠᠬᠢᠭᠠᠳ ᠢᠩᠭᠢᠵᠦ ᠬᠡᠯᠡᠵᠦ ᠪᠠᠶᠢᠨ᠎ᠡ ᠬᠡᠪᠡᠯ︖ ᠡᠷᠡᠭᠲᠠᠢ ᠬᠦᠮᠦᠨ ᠤ ᠬᠢᠨᠢ ᠴᠢᠯᠠᠭᠤᠨ ᠠᠪᠰᠠ ᠲᠡᠭᠡᠷ᠎ᠡ  ᠨᠢ ᠮᠤᠩᠭᠤᠯ ᠬᠦᠮᠦᠨ ᠤ ᠮᠠᠯᠠᠭᠠᠢ ᠲᠠᠢ ᠬᠦᠮᠦᠨ ᠭᠠᠷ ᠲᠠᠭᠠᠨ ᠲᠠᠰ ᠰᠢᠪᠠᠭᠤ ᠪᠠᠷᠢᠭᠠᠳ ᠠᠩ ᠬᠦᠷᠦᠭᠡ ᠬᠢᠵᠦ ᠪᠠᠶᠢᠬᠤ ᠵᠢᠷᠤᠭ ᠲᠠᠢ᠂ ᠡᠨᠡ ᠨᠢ ᠪᠤᠶᠤᠬ᠎ᠠ ᠪᠠᠶᠢᠵᠦ ᠮᠡᠲᠡᠨ᠎ᠡ᠃ ᠡᠮᠡᠭᠲᠠᠢ ᠶᠢᠨ ᠴᠢᠯᠠᠭᠤᠨ ᠠᠪᠰᠠ ᠶᠢᠨ ᠰᠠᠶᠢᠯᠦᠮᠡᠯ ᠨᠢ ᠯᠢᠩᠬᠸ᠎ᠠ᠂ ᠲᠠᠬᠢᠯᠭ᠎ᠠ ᠶᠢᠨ ᠠᠯᠢᠮ᠎ᠡ ᠵᠢᠮᠢᠰ᠂ ᠲᠡᠬᠢᠪᠡᠯ ᠲᠤᠨᠤᠯᠵᠢᠨ ᠦᠰᠦᠭ ᠲᠠᠢ ᠱᠠᠰᠢᠨ ᠤ ᠵᠢᠷᠤᠭ ᠲᠠᠢ᠂ ᠨᠡᠩ ᠰᠤᠨᠢᠷᠬᠠᠯᠲᠠᠢ ᠨᠢ ᠡᠨᠡ ᠠᠪᠰᠠ ᠶᠢᠨ ᠲᠠᠬᠯᠠᠭ᠎ᠠ ᠨᠢ ᠯᠤᠤ ᠰᠡᠶᠢᠯᠦᠭᠰᠡᠨ ᠲᠠᠬᠯᠠᠭ᠎ᠠ᠃ ᠲᠦᠷᠦ ᠪᠠᠷᠢᠬᠰᠡᠨ ᠠᠯᠠᠭ᠎ᠠ ᠪᠠᠬᠢ ᠬᠦᠩᠵᠦ ᠪᠤᠯ ᠭᠤᠪᠢ ᠶᠢᠨ ᠡᠮᠦᠨᠡᠬᠢ ᠶᠢ ᠵᠠᠬᠢᠷᠴᠦ ᠪᠠᠶᠢᠬᠰᠡᠨ᠂ ᠬᠢᠲᠡᠳ ᠤᠨ ᠬᠡᠯᠡᠯᠭᠡ ᠪᠠᠷ ᠪᠤᠯ 龙᠂ ᠯᠤᠤ  ᠶᠢ ᠰᠢᠲᠦᠬᠦ ᠪᠠᠷ ᠬᠡᠯᠡᠪᠡᠯ᠂ ᠯᠤᠤ ᠪᠠᠷ ᠲᠠᠬᠯᠠᠭᠰᠡᠨ ᠨᠢ ᠬᠦᠩᠵᠦ ᠶᠢᠨ ᠠᠪᠰᠠ᠂ ᠬᠤᠶᠢᠲᠠᠢ ᠨᠢ ᠪᠠᠶᠢᠬᠤ ᠪᠤᠯ ᠪᠤᠶᠤᠬ᠎ᠠ  ᠶᠢᠨ ᠠᠪᠰᠠ ᠭᠡᠵᠦ ᠪᠤᠳᠤᠵᠦ ᠪᠠᠶᠢᠨ᠎ᠡ᠃ ᠲᠡᠭᠡᠭᠦᠯᠡᠷ ᠡᠨᠡ ᠬᠤᠶᠠᠷ ᠬᠦᠮᠦᠨ ᠤ ᠭᠡᠭᠦᠷ ᠢ ᠲᠡᠨᠲᠡ ᠬᠠᠮᠲᠦ ᠤᠷᠤᠰᠢᠭᠤᠯᠤᠭᠰᠡᠨ᠃ ᠲᠡᠶᠢᠮᠦ ᠳᠡᠭᠡᠨ ᠪᠤᠶᠤᠬ᠎ᠠ᠂ ᠠᠯᠠᠭ᠎ᠠ ᠪᠠᠬᠢ ᠪᠠᠶᠢᠳᠠᠭ ᠬᠦᠴᠦ ᠪᠠᠨ ᠡᠷᠭᠦᠵᠦ ᠡᠨᠡ ᠨᠤᠳᠤᠭ ᠲᠤ ᠲᠠᠭᠤᠰᠤᠭᠰᠡᠨ ᠭᠡᠵᠦ ᠦᠵᠡᠲᠡᠭ᠃                            ︽ᠪᠤᠭᠤᠲᠦ ᠶᠢᠨ ᠲᠡᠦᠭᠡᠨ ᠳᠠᠬᠢ ᠨᠠᠷᠡᠲᠦ ᠬᠦᠮᠦᠰ︾ ᠨᠤᠮ ᠠᠴᠠ ᠪᠠᠭᠤᠯᠭᠠᠪᠡ
 
ᠢᠷᠡᠯᠲᠡ᠄ ᠲᠠᠷᠬᠠᠨ ᠮᠤᠤᠮᠢᠩᠭᠠᠨ ᠤ ᠵᠠᠰᠠᠭ ᠤᠨ ᠤᠷᠳᠤᠨ ᠤ ᠮᠤᠩᠭᠤᠯ ᠰᠦᠯᠵᠢᠶ᠎ᠡ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号