ᠭᠤᠴᠢᠳ ᠴᠠᠭᠠᠨᠬᠠᠲᠡ ᠰᠦᠮ᠎ᠡ
ᠨᠡᠶᠢᠲᠡᠯᠡᠭᠰᠡᠨ ᠴᠠᠭ᠄
2019-05-29
     ᠭᠤᠴᠢᠳ ᠴᠠᠭᠠᠨᠬᠠᠲᠡ ᠰᠦᠮ᠎ᠡ ︵ᠦᠯᠵᠠᠶᠢᠲᠦ ᠨᠤᠮ ᠤᠨ ᠰᠦᠮ᠎ᠡ︶ ᠶᠢ ᠲᠦᠭᠡᠮᠡᠯ ᠡᠯᠪᠡᠭᠲᠦ ᠶᠢᠨ ᠲᠠᠪᠤᠳᠤᠭᠠᠷ ᠤᠨ ︵1855 ᠤᠨ︶ ᠤ ᠬᠦᠭᠡ ᠪᠠᠷᠰ ᠵᠢᠯ ᠳᠤ ᠷᠡᠰᠢᠭᠦᠨᠰᠠᠩ ᠳ᠋ᠤᠷᠠᠮᠪᠡ ᠯᠠᠮᠠ ᠲᠦᠷᠦᠭᠦᠲᠠᠢ ᠵᠠᠭᠦᠨ ᠰᠤᠮᠤᠨ ᠤ ᠭᠤᠴᠢᠭᠠᠳ ᠠᠶᠢᠯ ᠬᠠᠮᠳᠤᠷᠠᠵᠦ ᠴᠠᠭᠠᠨᠬᠠᠲᠡ ᠬᠡᠰᠡᠨ ᠭᠠᠵᠠᠷ ᠪᠠᠶᠢᠭᠤᠯᠤᠭᠰᠡᠨ ᠠᠴᠠ ᠭᠤᠴᠢᠳ ᠴᠠᠭᠠᠨᠬᠠᠲᠡ ᠰᠦᠮ᠎ᠡ ᠭᠡᠵᠦ ᠲᠠᠭᠤᠳᠠᠬᠤ ᠪᠤᠯᠵᠠᠢ᠃      ᠲᠤᠰ ᠰᠦᠮ᠎ᠡ ᠴᠤᠬᠴᠢᠨ ᠲᠤᠭᠠᠩ᠂ ᠬᠤᠩᠬᠢᠨ ︵ᠲᠤᠭᠰᠢᠳ ᠤᠨ︶ ᠲᠤᠭᠠᠩ᠂ ᠭᠠᠨᠵᠤᠤᠷ ᠲᠤᠭᠠᠩ ᠭᠡᠬᠦ ᠭᠤᠷᠪᠠᠨ ᠲᠤᠭᠠᠩ ᠲᠠᠢ ᠪᠠᠶᠢᠵᠠᠢ᠃ ᠭᠤᠤᠯ ᠰᠠᠬᠢᠭᠤᠯᠰᠤᠨ ᠨᠢ ᠯᠾᠠᠮᠦ ᠪᠤᠷᠬᠠᠨ ᠪᠢᠯᠡ᠃      ᠲᠤᠰ ᠰᠦᠮ᠎ᠡ ᠶᠢᠨ ᠯᠠᠮᠠ ᠱᠠᠪᠢ ᠬᠠᠮᠤᠭ ᠤᠯᠠᠨ ᠳᠠᠭᠠᠨ 150 ᠬᠦᠮᠦᠨ ᠪᠠᠶᠢᠵᠦ᠂ ᠱᠠᠪᠷᠤᠩ ᠬᠤᠳᠤᠬᠲᠦ ᠮᠡᠲᠦ ᠶᠢᠨ ᠬᠤᠪᠢᠯᠭᠠᠨ ᠭᠡᠵᠦ ᠪᠠᠶᠢᠭᠰᠡᠨ ᠦᠭᠡᠢ᠃ ᠲᠤᠰ ᠰᠦᠮ᠎ᠡ ᠶᠢᠨ ᠯᠠᠮᠠ ᠮᠡᠲᠡᠭᠡᠴᠢᠳ ᠢ ᠤᠤᠯ ᠤᠨ ᠬᠠᠯᠬ᠎ᠠ ᠪᠠᠷᠠᠭᠤᠨ ᠭᠠᠷᠤᠨ ᠬᠤᠰᠢᠭᠤᠨ ᠤ ᠵᠡᠭᠦᠨ ᠰᠤᠮᠤ ᠠᠴᠠ ᠬᠠᠮᠢᠶᠠᠷᠴᠦ ᠬᠤᠰᠢᠭᠤ ᠶᠠᠮᠤᠨ ᠢᠶᠠᠷ ᠵᠦᠪᠰᠢᠶᠡᠷᠡᠭᠦᠯᠦᠨ ᠲᠤᠮᠢᠯᠠᠳᠠᠭ ᠪᠠᠶᠢᠵᠠᠢ᠃      ᠲᠤᠰ ᠰᠦᠮ᠎ᠡ ᠶᠢᠨ ᠬᠤᠷᠡᠯ ᠨᠤᠮ ᠬᠡᠪᠡᠯ᠄ ᠴᠠᠭᠠᠨ ᠰᠡᠷ᠎ᠡ ᠳᠤ ᠢᠷᠦᠭᠡᠯ ᠤᠩᠰᠢᠵᠦ᠂ ᠲᠦᠷᠪᠠᠨ ᠰᠠᠷ᠎ᠡ ᠳᠤ ᠭᠠᠨᠵᠤᠤᠷ ᠡᠷᠬᠢᠲᠡᠭ ᠪᠠᠶᠢᠨ᠎ᠡ᠃ ᠲᠤᠯᠤᠳᠤᠭᠠᠷ ᠰᠡᠷ᠎ᠡ ᠳᠤ ᠮᠠᠶᠢᠳᠠᠷᠢ ᠡᠷᠬᠢᠵᠦ ︽ᠨᠠᠷᠠᠨ ᠬᠠᠵᠠᠳ ᠴᠠᠭᠠᠨ ᠡᠪᠦᠭᠡᠨ︾ ᠴᠠᠮᠨᠠᠳᠠᠭ ᠪᠠᠶᠢᠵᠠᠢ᠃      ᠲᠤᠰ ᠰᠦᠮ᠎ᠡ ᠳᠤ ᠪᠠᠰᠡ ᠶᠡᠭᠡ ᠰᠠᠩ᠂ ᠮᠠᠨᠳᠠᠯ ᠱᠠᠪᠡ ︵ᠪᠠᠷᠠᠭᠤᠨ︶ ᠰᠠᠩ ᠭᠡᠵᠦ ᠬᠤᠶᠠᠷ ᠰᠠᠩ ᠵᠢᠰᠡ ᠲᠠᠢ ᠪᠠᠶᠢᠵᠦ᠂ ᠴᠢᠯᠦᠭᠡᠯᠡᠭᠲᠡᠬᠦ ᠦᠶ᠎ᠡ ᠳᠤ ᠪᠤᠲᠡ ᠮᠠᠯ ᠭᠤᠷᠪᠠᠨ ᠵᠠᠭᠤ ᠭᠠᠷᠤᠢ᠂ ᠪᠤᠭ ᠮᠠᠯ ᠬᠤᠶᠠᠷ ᠮᠢᠩᠭ᠎ᠠ ᠢᠯᠡᠭᠦᠦ ᠪᠠᠶᠢᠵᠠᠢ᠃      ᠴᠢᠯᠦᠭᠡᠯᠡᠭᠲᠡᠭᠰᠡᠨ ᠤ ᠲᠠᠷᠠᠭ᠎ᠠ ᠴᠠᠭᠠᠨᠬᠠᠲᠡ ᠰᠤᠮᠤ ᠪᠡ ᠪᠠᠶᠠᠨᠳᠠᠯ᠎ᠡ ᠮᠠᠯᠵᠢᠯ ᠤᠨ ᠲᠠᠯᠠᠪᠠᠢ ᠶᠢᠨ ᠠᠵᠢᠯᠯᠠᠬᠤ ᠭᠠᠵᠠᠷ ᠨᠢ ᠠᠲᠡ ᠪᠠᠶᠢᠵᠦ᠂ ᠰᠤᠶᠤᠯ ᠤᠨ ᠶᠡᠭᠡ ᠬᠤᠪᠢᠰᠬᠠᠯ ᠳᠤ ᠲᠤᠰ ᠰᠦᠮ᠎ᠡ ᠦᠷᠡᠭᠲᠡᠵᠦ᠂ ᠪᠠᠭᠤᠷᠢ ᠨᠢ ᠤᠳᠤ ᠪᠠᠶᠠᠨᠳᠠᠯ᠎ᠡ ᠰᠤᠮᠤᠨ ᠳᠤ ᠪᠠᠶᠢᠨ᠎ᠡ᠃
 
ᠢᠷᠡᠯᠲᠡ᠄ ᠲᠠᠷᠬᠠᠨ ᠮᠤᠤᠮᠢᠩᠭᠠᠨ ᠤ ᠵᠠᠰᠠᠭ ᠤᠨ ᠤᠷᠳᠤᠨ ᠤ ᠮᠤᠩᠭᠤᠯ ᠰᠦᠯᠵᠢᠶ᠎ᠡ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号