ᠮᠣᠩᠭᠤᠯᠴᠣᠳ ᠤᠨ ᠰᠦ ᠶᠢ ᠳᠡᠭᠡᠳᠦᠯᠡᠬᠦ ᠶᠣᠰᠣᠨ ᠵᠢᠴᠢ ᠴᠠᠭᠠᠨ ᠢᠳᠡᠭᠡᠨ ᠤ ᠲᠣᠬᠠᠢ ᠴᠡᠭᠡᠷ ᠶᠣᠰᠦ
ᠨᠡᠶᠢᠲᠡᠯᠡᠭᠰᠡᠨ ᠴᠠᠭ᠄
2019-05-27
     ᠮᠣᠩᠭᠤᠯᠴᠣᠳ ᠮᠠᠯ ᠤᠨ ᠢᠶᠠᠨ ᠰᠦ ᠶᠢ ᠢᠳᠡᠭᠡᠨ ᠪᠦᠬᠦᠨ ᠤ ᠳᠡᠭᠡᠳᠦ ᠭᠡᠵᠦ ᠶᠡᠬᠡᠲᠡ ᠨᠠᠨᠳᠢᠩᠨᠠᠨ ᠬᠦᠨᠳᠦᠳᠭᠡᠳᠡᠭ᠃      ᠠᠯᠢᠪᠠ ᠡᠳ᠋ ᠶᠠᠭᠤᠮᠠᠰ᠂ ᠬᠦᠮᠦᠨ ᠪᠦᠬᠦᠨ ᠤ ᠰᠡᠳᠬᠢᠯ ᠰᠠᠨᠠᠭ᠎ᠠ ᠶᠢ ᠰᠦ ᠰᠢᠭ ᠠᠷᠢᠭᠤᠨ ᠴᠠᠶᠢᠯᠭᠠᠨ ᠪᠠᠶᠢᠭᠠᠰᠠᠢ ᠭᠡᠵᠦ ᠪᠡᠯᠭᠡᠳᠡᠨ ᠢᠷᠦᠭᠡᠳᠡᠭ᠃      ᠬᠠᠨᠢ ᠨᠦᠬᠦᠷ᠂ ᠦᠷ᠎ᠡ ᠬᠡᠣᠭᠡᠳ ᠨᠢ ᠠᠯᠣᠰ ᠬᠤᠯᠠ ᠶᠠᠪᠣᠬᠤ ᠳᠤ ᠵᠢᠷᠣᠮᠳᠦ ᠭᠡᠷᠬᠡᠢ᠂ ᠬᠠᠯᠠᠮᠵᠢᠯᠠᠯᠳᠦ ᠡᠬᠡ ᠨᠢ ᠲᠦᠷᠦᠭᠡᠨ ᠳᠤᠨᠢ ᠰᠦ ᠲᠣᠰᠣᠭᠠᠨ᠂ ᠬᠤᠶᠢᠨ᠎ᠠ ᠠᠴᠠ ᠨᠢ ᠰᠦ ᠡᠷᠭᠦᠳᠡᠭ᠃      ᠮᠣᠩᠭᠤᠯᠴᠣᠳ ᠰᠦ ᠶᠢ ︽ᠢᠳᠡᠭᠡᠨ ᠤ ᠳᠡᠭᠡᠵᠢ ᠴᠠᠭᠠᠨ ᠰᠦ᠂ ᠢᠳᠡᠭᠡᠯ ᠤᠨ ᠳᠡᠭᠡᠳᠦ ᠴᠠᠭᠠᠨ ᠰᠡᠳᠬᠢᠯ︾ ᠭᠡᠳᠡᠭ᠃ ᠰᠦᠨ ᠤ ᠴᠠᠭᠠᠨ ᠦᠩᠭᠡ ᠶᠢ ᠠᠷᠢᠭᠤᠨ ᠰᠢᠳᠣᠷᠭᠤ᠂ ᠰᠠᠶᠢᠨ ᠰᠠᠶᠢᠬᠠᠨ ᠤ ᠪᠡᠯᠭᠡ ᠲᠡᠮᠳᠡᠭ ᠢᠶᠠᠷ ᠦᠵᠡᠳᠡᠭ᠃      ᠰᠦ ᠰᠠᠭᠠᠯᠢ ᠶᠢᠨ ᠢᠶᠠᠨ ᠳᠡᠭᠡᠵᠢ ᠶᠢ ᠶᠢᠰᠦᠨ ᠨᠦᠬᠡ ᠲᠠᠢ ᠰᠠᠴᠣᠯᠢ ᠪᠠᠷ ᠡᠬᠡ ᠳᠡᠯᠡᠬᠡᠢ ᠠᠭᠤᠯᠠ ᠣᠰᠣᠨ ᠬᠠᠨ ᠲᠡᠭᠷᠢ ᠳᠡᠭᠡᠨ ᠡᠷᠭᠦᠳᠡᠭ ᠨᠢ ᠬᠤᠷᠸ᠎ᠠ ᠳᠡᠯᠡᠬᠡᠢ ᠮᠢᠨᠢ ᠭᠡᠰᠢᠭ ᠪᠣᠶᠠᠨ ᠢᠶᠠᠨ ᠢᠪᠡᠭᠡᠵᠦ ᠲᠡᠳᠭᠦᠬᠦ ᠶᠢ ᠪᠡᠯᠭᠡᠳᠡᠨ ᠬᠦᠰᠡᠭᠰᠡᠨ ᠪᠡᠯᠭᠡᠳᠡᠯ ᠤᠨ ᠳᠡᠭᠡᠳᠦ ᠰᠣᠶᠣᠯ ᠪᠢᠯᠡ᠃      ᠮᠣᠩᠭᠤᠯᠴᠣᠳ ᠴᠠᠭᠠᠨ ᠢᠳᠡᠭᠡᠨ ᠢ ᠶᠡᠷᠣᠳᠡᠭᠡᠨ ᠢᠳᠡᠭᠡᠨ ᠤ ᠳᠡᠭᠡᠳᠦ ᠪᠣᠯᠭᠠᠨ ᠨᠠᠨᠳᠢᠩᠨᠠᠨ ᠦᠵᠡᠳᠡᠭ ᠪᠣᠯᠬᠤᠷ ᠪᠣᠯᠪᠠᠰᠣᠷᠠᠭᠤᠯᠵᠦ ᠡᠳ᠋ᠯᠡᠬᠦ ᠲᠠᠯ᠎ᠠ ᠪᠠᠷ ᠨᠠᠷᠢᠨ ᠶᠣᠰᠦ ᠭᠤᠷᠢᠮ ᠲᠠᠢ ᠪᠠᠶᠢᠳᠠᠭ᠃ ᠳᠡᠭᠡᠵᠢ ᠢᠳᠡᠭᠡ ᠵᠠᠰᠠᠬᠤ ᠪᠣᠶᠣ ᠠᠮᠰᠠᠬᠤ ᠳᠤ ᠲᠣᠯᠣᠭᠠᠢ ᠨᠢᠴᠦᠭᠦᠨ ᠪᠠᠶᠢᠵᠦ ᠪᠣᠯᠳᠠᠭ ᠦᠬᠡᠢ᠃      ᠰᠠᠨᠠᠭᠠᠨ ᠳᠤ ᠦᠭᠡᠢ ᠰᠦ ᠠᠰᠬᠠᠪᠠᠯ ᠲᠣᠮᠳᠠ ᠬᠤᠷᠣᠭᠤ ᠪᠠᠷ ᠢᠶᠠᠨ ᠠᠪᠴᠦ ᠲᠣᠬᠤᠨ ᠳᠡᠭᠡᠷ᠎ᠡ ᠪᠠᠨ ᠲᠦᠷᠬᠢᠭᠡᠳ ᠴᠡᠭᠡᠷ ᠢᠶᠠᠨ ᠲᠠᠶᠢᠯᠳᠠᠭ᠃      ᠣᠭᠤᠷᠠᠭ ᠢ ᠵᠣᠬᠰᠤᠭ᠎ᠠ ᠪᠠᠷ ᠢᠳᠡᠪᠡᠯ ᠮᠠᠯ ᠵᠣᠬᠰᠤᠭ᠎ᠠ ᠪᠠᠷ ᠲᠥᠯᠯᠡᠨ᠎ᠡ ᠭᠡᠳᠡᠭ ᠲᠣᠯᠠ ᠴᠡᠭᠡᠷᠯᠡᠳᠡᠭ᠃      ᠬᠤᠨᠢᠨ ᠰᠦ ᠶᠢᠨ ᠲᠠᠷᠠᠭ ᠢ ᠬᠠᠪᠣᠷ ᠴᠠᠭ ᠲᠤ ᠴᠢᠭᠢᠭ ᠪᠠᠮ ᠡᠪᠡᠳᠴᠢᠨ ᠲᠠᠢ ᠬᠦᠮᠦᠨ ᠡᠳ᠋ᠯᠡᠪᠡᠯ ᠬᠤᠣᠷ ᠪᠣᠯᠣᠨ᠎ᠠ ᠭᠡᠵᠦ ᠴᠡᠭᠡᠷᠯᠡᠳᠡᠭ᠃      ᠬᠢᠷᠠᠮ᠎ᠠ ᠬᠢᠬᠦ ᠳᠡᠭᠡᠨ ᠵᠠᠪᠠᠯ ᠣᠰᠣᠨ ᠳᠤ ᠰᠦ ᠪᠠᠨ ᠬᠢᠳᠡᠭ᠂ ᠬᠠᠷᠢᠨ ᠰᠦᠨ ᠳᠤ ᠣᠰᠦ ᠬᠢᠳᠡᠭ ᠦᠭᠡᠢ᠂ ᠡᠰᠡ ᠳᠡᠭᠡᠪᠡᠯ ᠰᠠᠭᠠᠯᠢ ᠶᠢᠨ ᠡᠵᠡᠨ ᠬᠢᠯᠢᠩᠨᠡᠨ᠎ᠡ ᠭᠡᠳᠡᠭ᠃      ᠴᠠᠭᠠᠨ ᠢᠳᠡᠭᠡᠨ ᠢ ᠭᠡᠭᠡᠵᠦ ᠠᠰᠬᠠᠪᠠᠯ ᠠᠮᠠᠨ ᠭᠡᠰᠢᠭ ᠮᠠᠭᠤᠳᠠᠨ᠎ᠠ ᠭᠡᠳᠡᠭ᠃ ᠴᠠᠭᠠᠨ ᠢᠳᠡᠭᠡᠨ ᠳᠤ ᠰᠠᠪᠬ᠎ᠠ ᠬᠡᠷᠡᠭᠯᠡᠪᠡᠯ ᠴᠠᠭᠠᠨ ᠢᠳᠡᠭᠡᠨ ᠤ ᠠᠮᠠᠨ ᠭᠡᠰᠢᠭ ᠬᠠᠵᠠᠶᠢᠨ᠎ᠠ ᠭᠡᠳᠡᠭ᠃      ᠴᠠᠭᠠᠨ ᠢᠳᠡᠭᠡᠨ ᠤ ᠰᠠᠪᠠ ᠨᠢ ᠬᠦᠮᠦᠷᠢᠪᠡᠯ ᠰᠦ ᠴᠠᠭᠠᠨ ᠢᠳᠡᠭᠡᠨ ᠤ ᠡᠭᠦᠳᠡ ᠬᠠᠭᠠᠬᠳᠠᠨ᠎ᠠ ᠭᠡᠳᠡᠭ᠃ ᠴᠠᠭᠠᠨ ᠢᠳᠡᠭᠡᠨ ᠢ ᠣᠷᠢᠳᠦ ᠵᠦᠭ ᠬᠠᠷᠠᠭᠤᠯᠣᠨ ᠠᠶᠠᠭᠠᠯᠠᠵᠦ ᠰᠠᠪᠠᠯᠠᠪᠠᠯ ᠭᠠᠷᠣᠵᠠ ᠨᠢᠭᠤᠷᠯᠠᠨ᠎ᠠ ᠭᠡᠳᠡᠭ᠃      ᠴᠠᠭᠠᠨ ᠢᠳᠡᠭᠡᠨ ᠢ ᠢᠳᠡᠮ ᠬᠤᠷᠣᠭᠤ ᠠᠴᠠ ᠪᠣᠰᠣᠳ ᠬᠤᠷᠣᠭᠤ ᠪᠠᠷ ᠢᠶᠠᠨ ᠡᠷᠭᠦᠯ ᠰᠠᠴᠣᠯᠢ ᠡᠷᠭᠦᠬᠦ ᠪᠣᠶᠣ ᠠᠮᠰᠠᠬᠤ ᠶᠢ ᠴᠡᠭᠡᠷᠯᠡᠳᠡᠭ᠃      ᠴᠠᠭᠠᠨ ᠢᠳᠡᠭᠡᠨ ᠢ ᠵᠣᠬᠰᠤᠭ᠎ᠠ ᠪᠠᠷ ᠪᠣᠶᠣ ᠶᠠᠪᠣᠭᠤᠳᠠ ᠠᠮᠰᠠᠵᠦ ᠢᠳᠡᠬᠦ ᠶᠢ ᠬᠦᠨᠳᠦᠳᠭᠡᠯ ᠤᠨ ᠶᠣᠰᠦ ᠶᠢ ᠠᠯᠳᠠᠬᠰᠠᠨ ᠢᠶᠠᠷ ᠦᠵᠡᠳᠡᠭ᠃
 
ᠢᠷᠡᠯᠲᠡ᠄ ᠦᠪᠦᠷ ᠮᠤᠩᠭᠤᠯ ᠤᠷᠤᠨ ᠤ ᠪᠠᠶᠢᠲᠡᠯ ᠤᠨ ᠰᠦᠯᠵᠢᠶ᠎ᠡ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号