ᠭᠠᠰᠢᠭᠤᠨ ᠤ ᠰᠦᠮ᠎ᠡ
ᠨᠡᠶᠢᠲᠡᠯᠡᠭᠰᠡᠨ ᠴᠠᠭ᠄
2019-05-24
     ᠭᠠᠰᠢᠭᠤᠨ ᠤ ᠰᠦᠮ᠎ᠡ ︵ᠦᠯᠵᠠᠶᠢᠲᠦ ᠬᠤᠳᠤᠭ ᠤᠷᠤᠰᠢᠬᠤ ᠰᠦᠮ᠎ᠡ︶ ᠶᠢ ᠲᠡᠭᠷᠢ ᠲᠡᠳᠭᠦᠭᠴᠢ ᠶᠢᠨ ᠬᠤᠷᠢ ᠶᠢᠰᠦᠳᠦᠭᠡᠷ ᠤᠨ ︵1764 ᠤᠨ︶ ᠤ ᠬᠦᠭᠡ ᠪᠡᠴᠢᠨ ᠵᠢᠯ ᠳᠤ ᠴᠤᠶᠢᠮᠪᠠᠯ ᠯᠤᠤᠶᠧ ᠬᠡᠰᠡᠨ ᠬᠦᠮᠦᠨ᠂ ᠭᠠᠰᠢᠭᠤᠨ ᠭᠡᠰᠡᠨ ᠭᠠᠵᠠᠷ ᠪᠠᠶᠢᠭᠤᠯᠵᠠᠢ᠃ ᠴᠤᠶᠢᠮᠪᠠᠯ ᠯᠤᠤᠶᠧ ᠬᠡᠰᠡᠨ ᠬᠦᠮᠦᠨ ᠲᠡᠭᠷᠢ ᠲᠡᠳᠭᠦᠭᠴᠢ ᠬᠠᠭᠠᠨ ᠤ ᠦᠶ᠎ᠡ ᠳᠤ ᠪᠡᠭᠡᠵᠢᠩ ᠳᠤ ᠭᠠᠨᠵᠤᠤᠷ ᠰᠤᠳᠤᠷ ᠢ ᠮᠤᠩᠭᠤᠯᠴᠢᠯᠠᠬᠤ ᠬᠤᠷᠡᠯ ᠳᠤ ᠤᠷᠤᠯᠴᠠᠭᠠᠳ ᠶᠡᠭᠡ ᠨᠡᠷ᠎ᠡ ᠬᠦᠨᠲᠦ ᠤᠯᠤᠭᠰᠡᠨ  ᠳᠤ ᠬᠤᠰᠢᠭᠤ ᠵᠠᠰᠠᠭ ᠤᠨ ᠭᠠᠵᠠᠷ ᠠᠴᠠ ᠵᠠᠷᠤᠲᠡᠯ ᠭᠠᠷᠭᠠᠵᠦ ᠰᠦᠮ᠎ᠡ ᠪᠠᠶᠢᠭᠤᠯᠬᠤ ᠶᠢ ᠨᠢ ᠵᠦᠪᠰᠢᠶᠡᠷᠡᠵᠦ ᠬᠡᠨ᠎ᠡ᠃ ᠰᠦᠮ᠎ᠡ ᠪᠠᠶᠢᠭᠤᠯᠤᠭᠰᠡᠨ ᠤ ᠲᠠᠷᠠᠭ᠎ᠠ ᠲᠠᠶᠢᠵᠢ ᠰᠤᠮᠤᠨ ᠤ ᠬᠠᠮᠢᠶᠠᠷᠤᠯ ᠲᠤᠤᠷ᠎ᠡ ᠵᠠᠬᠢᠷᠤᠬᠳᠠᠵᠦ ᠪᠠᠶᠢᠵᠠᠢ᠃      ᠲᠤᠰ ᠰᠦᠮ᠎ᠡ ᠨᠢᠭᠡ ᠴᠤᠬᠴᠢᠨ ᠲᠤᠭᠠᠩ᠂ ᠬᠤᠶᠠᠷ ᠰᠠᠩ ᠲᠠᠢ᠂ ᠭᠤᠤᠯ ᠰᠠᠬᠢᠭᠤᠰᠦ ᠨᠢ ᠯᠾᠠᠮᠦ ᠪᠤᠷᠬᠠᠨ ᠪᠤᠯᠤᠨ᠎ᠡ᠃ ᠵᠢᠯ ᠪᠦᠷᠢ ᠯᠾᠠᠮᠦ ᠶᠢᠨ ᠲᠠᠬᠢᠯᠭ᠎ᠠ ᠲᠡᠭᠡᠷ᠎ᠡ ᠬᠤᠸᠠ ᠮᠤᠷᠢ ᠰᠡᠳᠡᠷᠯᠡᠬᠦ ᠪᠤᠶᠦ ᠰᠡᠳᠡᠷ ᠰᠡᠷᠭᠦᠭᠡᠲᠡᠭ ᠪᠠᠶᠢᠨ᠎ᠡ᠃      ᠲᠤᠰ ᠰᠦᠮ᠎ᠡ ᠶᠢᠨ ᠶᠡᠭᠡᠭᠡᠨ ᠬᠤᠷᠡᠯ ᠨᠤᠮ ᠨᠢ ᠪᠤᠯ ᠪᠢᠯᠢᠭ ᠤᠨ ᠤᠯᠠᠷᠢᠯ ᠤᠨ ᠲᠦᠷᠪᠠᠨ ᠰᠠᠷ᠎ᠡ ᠳᠤ ᠨᠦᠩᠨᠠᠢ ᠶᠢᠨ ᠬᠤᠷᠡᠯ᠂ ᠠᠷᠪᠠᠨ ᠰᠡᠷ᠎ᠡ ᠳᠤ ᠳ᠋ᠤᠩᠴᠤᠳ ᠬᠤᠷᠠᠳᠠᠭ ᠪᠠᠶᠢᠨ᠎ᠡ᠃ ᠯᠠᠮᠠ ᠱᠠᠪᠢ ᠨᠠᠷ ᠤᠨ ᠲᠤᠭ᠎ᠠ ᠬᠠᠮᠤᠭ  ᠤᠨ ᠤᠯᠠᠨ ᠳᠠᠭᠠᠨ 70 ᠭᠠᠷᠤᠢ ᠪᠠᠶᠢᠵᠠᠢ᠃      ᠲᠤᠰ ᠰᠦᠮ᠎ᠡ ᠶᠢᠨ ᠰᠠᠩ ᠵᠢᠰᠡ ᠶᠢᠨ ᠮᠠᠯ ᠰᠦᠷᠦᠭ ᠨᠢ ᠪᠤᠲᠡ ᠮᠠᠯ ᠵᠠᠭᠤ ᠭᠠᠷᠤᠢ᠂ ᠪᠤᠭ ᠮᠠᠯ ᠮᠢᠩᠭ᠎ᠠ ᠭᠠᠷᠤᠢ ᠯᠡ ᠪᠠᠶᠢᠵᠠᠢ᠃      ᠰᠤᠶᠤᠯ ᠤᠨ ᠬᠤᠪᠢᠰᠬᠠᠯ ᠤᠨ ᠲᠤᠮᠲᠡ ᠲᠤᠰ ᠰᠦᠮ᠎ᠡ ᠡᠪᠳᠡᠭᠳᠡᠨ᠂ ᠬᠠᠷᠠᠯᠠᠵᠦ ᠬᠤᠴᠤᠷᠤᠭᠰᠡᠨ ᠪᠠᠭᠤᠷᠢ ᠨᠢ ᠤᠳᠤ ᠶᠢᠨ ᠪᠠᠶ᠋ᠬᠠᠤᠪᠤᠭ᠎ᠠ ᠰᠤᠮᠤᠨ ᠳᠤ ᠪᠠᠶᠢᠨ᠎ᠡ᠃
 
ᠢᠷᠡᠯᠲᠡ᠄ ᠲᠠᠷᠬᠠᠨ ᠮᠤᠤᠮᠢᠩᠭᠠᠨ ᠤ ᠵᠠᠰᠠᠭ ᠤᠨ ᠤᠷᠳᠤᠨ ᠤ ᠮᠤᠩᠭᠤᠯ ᠰᠦᠯᠵᠢᠶ᠎ᠡ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号