ᠪᠠᠷᠠᠭᠤᠨ ᠴᠠᠭᠠᠨ ᠬᠠᠳᠠ ᠰᠦᠮ᠎ᠡ
ᠨᠡᠶᠢᠲᠡᠯᠡᠭᠰᠡᠨ ᠴᠠᠭ᠄
2019-05-21
     ᠪᠠᠷᠠᠭᠤᠨ ᠴᠠᠭᠠᠨ ᠬᠠᠳᠠ ᠰᠦᠮ᠎ᠡ ︵ᠶᠡᠭᠡ ᠨᠤᠮ ᠤᠨ ᠬᠦᠷᠲᠦ ᠶᠢᠨ ᠲᠡᠯᠭᠡᠷᠡᠭᠦᠯᠦᠭᠴᠢ ᠰᠦᠮ᠎ᠡ︶ ᠶᠢ ᠰᠠᠶᠢᠰᠢᠶᠠᠯᠲᠦ ᠢᠷᠦᠭᠡᠯᠲᠦ ᠶᠢᠨ ᠠᠷᠪᠠᠨ ᠭᠤᠷᠪᠠᠳᠤᠭᠠᠷ ᠤᠨ ︵1807 ᠤᠨ︶ ᠤ ᠤᠯᠠᠬᠴᠢᠨ ᠲᠠᠦᠯᠠᠢ ᠵᠢᠯ ᠳᠤ ᠯᠠᠪᠷᠤᠩ ᠭᠡᠶᠢᠳ ᠤᠨ ᠬᠦᠩᠭᠠᠨᠢᠮᠪᠤ ᠭᠡᠰᠡᠨ ᠳ᠋ᠤᠷᠠᠮᠪᠡ ᠯᠠᠮᠠ ᠪᠠᠷᠠᠭᠤᠨ ᠴᠠᠭᠠᠨ ᠬᠠᠳᠡ ᠭᠡᠰᠡᠨ ᠭᠠᠵᠠᠷ ᠴᠤᠬᠴᠢᠨ ᠲᠤᠭᠠᠩ᠂ ᠭᠦᠩᠷᠧᠭ ᠤᠨ ᠲᠤᠭᠠᠩ ᠭᠡᠰᠡᠨ ᠬᠤᠶᠠᠷ ᠲᠤᠭᠠᠩ ᠲᠠᠢ ᠪᠠᠭᠠᠬᠠᠨ ᠰᠦᠮ᠎ᠡ ᠪᠠᠶᠢᠭᠤᠯᠵᠦ᠂ ᠦᠪᠡᠷ ᠢᠶᠠᠨ ᠬᠠᠮᠪᠤ ᠯᠠᠮᠠ ᠪᠠᠷ ᠰᠢᠷᠡᠭᠡᠨ ᠳᠤ ᠰᠠᠭᠤᠵᠦ ᠬᠤᠶᠢᠰᠢᠲᠡ ᠲᠦᠷᠦᠯ ᠠᠷᠠᠯᠵᠢᠵᠦ ᠵᠠᠯᠭᠠᠮᠵᠢᠯᠠᠭᠤᠯᠬᠤ ᠪᠠᠷ ᠲᠤᠬᠳᠠᠵᠠᠢ᠃      ᠲᠤᠰ ᠰᠦᠮ᠎ᠡ ᠨᠠᠶᠢᠲᠡ ᠭᠤᠷᠪᠠᠨ ᠲᠦᠷᠢ ᠬᠤᠪᠢᠯᠵᠠᠢ᠃ ᠰᠡᠭᠦᠯᠴᠢ ᠶᠢᠨ ᠬᠠᠮᠪᠤ ᠯᠠᠮᠠ ᠨᠢ ᠠᠬᠸᠠᠩᠴᠦ᠋ᠷᠭᠦᠮ ᠭᠡᠰᠡᠨ ᠬᠤᠪᠢᠯᠭᠠᠨ ᠪᠠᠶᠢᠵᠠᠢ᠃      ᠲᠤᠰ ᠰᠦᠮ᠎ᠡ ᠶᠢᠨ ᠬᠤᠷᠡᠯ ᠨᠤᠮ ᠭᠡᠪᠡᠯ᠄ ᠵᠢᠯ ᠪᠦᠷᠢ ᠶᠢᠨ ᠪᠢᠯᠢᠭ ᠤᠨ ᠤᠯᠠᠷᠢᠯ ᠤᠨ ᠲᠦᠷᠪᠠᠨ ᠰᠠᠷ᠎ᠡ ᠳᠤ ᠭᠠᠨᠵᠤᠤᠷ ᠬᠤᠷᠠᠵᠦ᠂ ᠲᠤᠯᠤᠭᠠᠨ ᠰᠡᠷ᠎ᠡ ᠳᠤ ᠮᠠᠶᠢᠳᠠᠷᠢ ᠶᠢᠨ ᠬᠤᠷᠡᠯ᠂ ᠠᠷᠪᠠᠨ ᠰᠡᠷ᠎ᠡ ᠳᠤ ᠳ᠋ᠤᠩᠴᠤᠳ ᠬᠤᠷᠠᠵᠦ᠂ ᠬᠦᠭᠡᠭᠡ ᠰᠡᠷ᠎ᠡ ᠶᠢᠨ ᠪᠢᠲᠡᠭᠦᠨ ᠳᠤ ᠢᠷᠦᠭᠡᠯ ᠮᠠᠲᠦ ᠶᠢᠨ ᠬᠤᠷᠡᠯ ᠨᠤᠮ ᠢ ᠲᠤᠰ ᠲᠤᠰ ᠬᠤᠷᠠᠳᠠᠭ ᠪᠠᠶᠢᠵᠠᠢ᠃ ᠯᠠᠮᠠ ᠱᠠᠪᠢ ᠬᠠᠮᠤᠭ ᠤᠨ ᠤᠯᠠᠨ ᠳᠠᠭᠠᠨ ᠶᠡᠷᠡᠨ ᠬᠦᠮᠦᠨ ᠲᠠᠢ ᠪᠠᠶᠢᠵᠠᠢ᠃      ᠲᠤᠰ ᠰᠦᠮ᠎ᠡ ᠭᠦᠩᠷᠧᠭ ᠤᠨ ᠰᠠᠩ᠂ ᠳ᠋ᠤᠩᠴᠤᠳ ᠤᠨ ᠰᠠᠩ ᠭᠡᠰᠡᠨ ᠬᠤᠶᠠᠷ ᠰᠠᠩ ᠲᠠᠢ ᠪᠠᠶᠢᠵᠦ᠂ ᠬᠤᠷᠢᠳᠤᠭᠠᠷ ᠵᠠᠭᠤᠨ ᠤ ᠬᠤᠷᠢᠭᠠᠳ ᠤᠨ ᠤ ᠦᠶ᠎ᠡ ᠳᠤ ᠬᠤᠶᠠᠷ ᠭᠤᠷᠪᠠᠨ ᠵᠠᠭᠤᠨ ᠪᠤᠭ ᠮᠠᠯ ᠲᠠᠢ ᠪᠠᠶᠢᠵᠠᠢ᠃ ᠬᠤᠵᠢᠮ ᠨᠢ ᠪᠦᠷ ᠦᠭᠡᠢ ᠪᠤᠯᠵᠦ᠂ ᠵᠦᠪᠭᠡᠨ ᠦᠭᠯᠢᠭᠡ ᠶᠢᠨ ᠡᠵᠡᠳ ᠤᠨ ᠡᠷᠭᠦᠴᠡ ᠪᠠᠷᠢᠴᠡ ᠪᠠᠷ ᠬᠤᠷᠡᠯ ᠨᠤᠮ ᠤᠨ ᠵᠠᠷᠤᠲᠡᠯ ᠢᠶᠠᠨ ᠪᠤᠯᠭᠠᠵᠦ ᠪᠠᠶᠢᠪᠡ᠃      ᠵᠢᠯ ᠪᠦᠷᠢ ᠶᠢᠨ ᠮᠠᠶᠢᠳᠠᠷᠢ ᠶᠢᠨ ᠬᠤᠷᠡᠯ ᠲᠡᠭᠡᠷ᠎ᠡ ᠦᠭᠯᠢᠭᠡ ᠶᠢᠨ ᠡᠵᠡᠳ ᠤᠨ ᠬᠦᠰᠡᠯ ᠢ ᠦᠨᠳᠦᠰᠦᠯᠡᠵᠦ᠂ ᠲᠠᠷᠠᠭ᠎ᠠ ᠵᠢᠯ ᠤᠨ ᠬᠤᠷᠡᠯ ᠨᠤᠮ ᠢ ᠲᠠᠭᠠᠭᠠᠬᠤ ᠬᠦᠮᠦᠨ ᠢ ᠲᠤᠬᠳᠠᠭᠠᠵᠦ ᠨᠢᠷᠪᠡ ᠡᠷᠭᠦᠮᠵᠢᠯᠡᠲᠡᠭ ᠪᠠᠶᠢᠨ᠎ᠡ᠃ ᠡᠨᠡ ᠬᠦ ᠨᠢᠷᠪᠡ ᠶᠢ ᠯᠠᠮᠠ ᠬᠠᠷ᠎ᠡ ᠭᠡᠵᠦ ᠢᠯᠭᠠᠳᠠᠭ ᠦᠭᠡᠢ ᠪᠤᠯᠬᠤᠷ ᠰᠡᠭᠦᠯ ᠳᠡᠭᠡᠨ ᠪᠦᠷ ᠬᠠᠷ᠎ᠡ ᠬᠦᠮᠦᠨ ᠨᠢᠷᠪᠡ ᠰᠠᠭᠤᠳᠠᠭ ᠪᠤᠯᠵᠠᠢ᠃ ᠲᠤᠰ ᠰᠦᠮ᠎ᠡ ᠰᠤᠶᠤᠯ ᠤᠨ ᠶᠡᠭᠡ ᠬᠤᠪᠢᠰᠬᠠᠯ ᠤᠨ ᠦᠢᠮᠡᠭᠡᠨ ᠳᠤ ᠰᠦᠢᠳᠭᠡᠭᠲᠡᠭᠡᠳ ᠦᠯᠡᠲᠡᠭᠰᠡᠨ ᠪᠠᠭᠤᠷᠢ ᠨᠢ ᠤᠳᠤ ᠶᠢᠨ ᠮᠠᠨᠳᠤᠯ ᠪᠠᠯᠭᠠᠰᠤᠨ ᠳᠤ ᠪᠤᠢ᠃
 
ᠢᠷᠡᠯᠲᠡ᠄ ᠲᠠᠷᠬᠠᠨ ᠮᠤᠤᠮᠢᠩᠭᠠᠨ ᠤ ᠵᠠᠰᠠᠭ ᠤᠨ ᠤᠷᠳᠤᠨ ᠤ ᠮᠤᠩᠭᠤᠯ ᠰᠦᠯᠵᠢᠶ᠎ᠡ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号