ᠮᠠᠨᠳᠤᠯ ᠰᠦᠮ᠎ᠡ
ᠨᠡᠶᠢᠲᠡᠯᠡᠭᠰᠡᠨ ᠴᠠᠭ᠄
2019-05-15
     ᠮᠠᠨᠳᠤᠯ ᠰᠦᠮ᠎ᠡ ︵ᠲᠡᠭᠦᠰ ᠪᠠᠶᠠᠰᠬᠤᠯᠠᠩᠲᠦ ᠨᠤᠮ ᠤᠨ ᠬᠦᠷᠲᠦ ᠶᠢᠨ ᠰᠦᠮ᠎ᠡ︶ ᠶᠢ ᠲᠦᠭᠡᠮᠡᠯ ᠡᠯᠪᠡᠭᠲᠦ ᠶᠢᠨ ᠶᠢᠰᠦᠳᠦᠭᠡᠷ ᠤᠨ ︵1859 ᠤᠨ︶ ᠤ ᠬᠠᠷᠠᠬᠴᠢᠨ ᠬᠤᠨᠢᠨ ᠵᠢᠯ ᠳᠤ᠂ ᠲᠠᠷᠢᠭᠦᠨ ᠵᠡᠷᠭᠡ ᠶᠢᠨ ᠲᠠᠶᠢᠵᠢ ᠭᠤᠮᠪᠤᠳᠠ ᠬᠢᠷ᠎ᠡ ᠠᠶᠢᠮᠠᠭ ︵ᠬᠢᠯᠢ ᠬᠢᠵᠠᠭᠠᠷ ᠤᠨ ᠬᠢᠷ᠎ᠡ ᠭᠠᠵᠠᠷ ᠢᠶᠠᠷ ᠰᠠᠭᠤᠷᠢᠰᠢᠬᠰᠡᠨ ᠠᠶᠢᠮᠠᠭ︶ ᠤᠨ ᠵᠠᠷᠤᠲᠡᠯ ᠢᠶᠠᠷ ᠴᠠᠭᠠᠨ ᠮᠠᠨᠳᠤᠯ ᠭᠡᠰᠡᠨ ᠭᠠᠵᠠᠷ ᠪᠠᠶᠢᠭᠤᠯᠵᠠᠢ᠃ ᠬᠤᠵᠢᠮ ᠨᠢ ᠬᠦᠮᠦᠰ ᠭᠠᠵᠠᠷ ᠤᠨ ᠨᠠᠷ᠎ᠡ ᠪᠠᠷ ᠨᠢ ᠮᠠᠨᠳᠤᠯ ᠰᠦᠮ᠎ᠡ ᠭᠡᠵᠦ ᠲᠠᠭᠤᠳᠠᠭᠰᠡᠨ ᠪᠠᠶᠢᠨ᠎ᠡ᠃      ᠭᠤᠮᠪᠤᠳᠠ ᠬᠠᠯᠬ᠎ᠠ ᠶᠢᠨ ᠲᠦᠰᠢᠶᠠᠲᠦ ᠬᠠᠨ ᠠᠶᠢᠮᠠᠭ ᠠᠴᠠ ᠴᠦᠷᠬᠦᠮᠨᠠᠮᠵᠢᠯᠵᠠᠮᠰᠦ ᠱᠠᠪᠷᠤᠩ ᠢ ᠰᠢᠷᠡᠭᠡᠨ ᠳᠤ ᠵᠠᠯᠠᠵᠦ᠂ ᠬᠤᠵᠢᠮ ᠨᠢ ᠴᠦᠷᠬᠦᠮᠨᠠᠮᠵᠢᠯᠵᠠᠯᠰᠠᠨ — ᠴᠦᠷᠬᠦᠮᠨᠠᠮᠵᠢᠯᠳᠠᠸᠠ ᠵᠡᠷᠭᠡ ᠭᠤᠷᠪᠠᠨ ᠦᠶ᠎ᠡ ᠶᠢᠨ ᠱᠠᠪᠷᠤᠩ ᠲᠤᠳᠤᠷᠠᠵᠠᠢ᠃ ᠬᠤᠵᠢᠮ ᠨᠢ ᠪᠠᠰᠡ ᠢᠰᠢᠭᠤᠮᠪᠤ ᠶᠢ ᠱᠠᠪᠷᠤᠩ ᠤᠨ ᠰᠢᠷᠡᠭᠡᠨ ᠳᠤ ᠵᠠᠯᠠᠵᠦ᠂ ᠲᠡᠭᠦᠨ ᠤ ᠬᠤᠶᠠᠳᠤᠭᠠᠷ ᠲᠦᠷᠢ ᠶᠢᠨ ᠱᠠᠪᠷᠤᠩ ᠳ᠋ᠠᠮᠪᠢᠵᠠᠯᠰᠡᠨ᠂ ᠭᠤᠷᠪᠠᠳᠤᠭᠠᠷ ᠲᠦᠷᠢ ᠶᠢᠨ ᠱᠠᠪᠷᠤᠩ ᠭᠤᠩᠴᠤᠬᠳᠠᠮᠪᠢᠨᠢᠮ᠎ᠡ ᠶᠢ ᠲᠤᠳᠤᠷᠠᠭᠤᠯᠤᠨ ᠵᠠᠯᠠᠵᠠᠢ᠃ ᠭᠤᠷᠪᠠᠳᠤᠭᠠᠷ ᠲᠦᠷᠢ ᠶᠢᠨ ᠱᠠᠪᠷᠤᠩ ᠭᠤᠩᠴᠤᠬᠳᠠᠮᠪᠢᠨᠢᠮ᠎ᠡ ᠡᠮᠴᠢ ᠪᠠᠳᠤᠬᠠᠭᠠᠯᠭ᠎ᠠ ᠰᠦᠮ᠎ᠡ ᠶᠢᠨ ᠯᠠᠮᠠ ᠶᠢᠨ ᠵᠦᠪᠯᠡᠯ ᠤᠨ ᠡᠷᠬᠢᠯᠡᠭᠴᠢ᠂ ᠬᠤᠰᠢᠭᠤᠨ ᠤ ᠮᠤᠩᠭᠤᠯ ᠡᠮᠨᠡᠯᠭᠡ ᠶᠢᠨ ᠬᠤᠷᠢᠶᠠᠨ ᠤ ᠲᠡᠳ᠋ ᠲᠠᠷᠤᠭ᠎ᠠ ᠶᠢᠨ ᠲᠤᠰᠢᠶᠠᠯ ᠢ ᠡᠭᠦᠷᠭᠡᠯᠡᠵᠦ ᠪᠠᠶᠢᠵᠠᠢ᠃      ᠲᠤᠰ ᠰᠦᠮ᠎ᠡ ᠴᠤᠬᠴᠢᠨ᠂ ᠴᠤᠶᠢᠷᠸ᠎ᠠ᠂ ᠮᠠᠶᠢᠳᠠᠷᠢ ᠬᠡᠭᠦ ᠭᠤᠷᠪᠠᠨ ᠲᠤᠭᠠᠩ ᠪᠡ ᠵᠦᠳᠪᠡ᠂ ᠮᠠᠮᠪᠡ ᠵᠡᠷᠭᠡ ᠰᠠᠩ ᠵᠢᠰᠡ ᠲᠠᠢ ᠪᠠᠶᠢᠵᠠᠢ᠃ ᠯᠠᠮᠠ ᠱᠠᠪᠢ ᠨᠠᠷ ᠬᠠᠮᠤᠭ ᠤᠨ ᠤᠯᠠᠨ ᠳᠠᠭᠠᠨ 150 ᠬᠦᠮᠦᠨ ᠲᠠᠢ ᠪᠠᠶᠢᠵᠠᠢ᠃ ᠰᠠᠩ ᠵᠢᠰᠡ  ᠶᠢᠨ ᠪᠤᠳᠡ ᠮᠠᠯ ᠲᠠᠪᠤᠨ ᠵᠠᠭᠤ᠂ ᠪᠤᠭ ᠮᠠᠯ ᠶᠢᠰᠦᠨ ᠮᠢᠩᠭ᠎ᠠ ᠪᠠᠶᠢᠵᠠᠢ᠃      ᠰᠦᠮ᠎ᠡ ᠶᠢᠨ ᠶᠡᠭᠡᠭᠡᠨ ᠬᠤᠷᠡᠯ ᠨᠤᠮ ᠬᠡᠪᠡᠯ᠄ ᠴᠠᠭᠠᠨ ᠰᠡᠷ᠎ᠡ ᠶᠢᠨ ᠳ᠋ᠤᠷᠤᠪ᠂ ᠠᠷᠪᠠᠨ ᠰᠠᠷ᠎ᠡ ᠶᠢᠨ ᠵᠤᠯᠠ ᠶᠢᠨ ᠬᠤᠷᠡᠯ ᠵᠡᠷᠭᠡ ᠪᠠᠶᠢᠵᠦ᠂ ᠪᠦᠬᠦ ᠯᠠᠮᠠ ᠨᠠᠷ ᠤᠷᠤᠯᠴᠠᠳᠠᠭ ᠪᠠᠶᠢᠵᠠᠢ᠃ ᠭᠤᠷᠪᠠᠨ ᠵᠢᠯ ᠳᠤ ᠨᠢᠭᠡ ᠤᠳᠠᠭ᠎ᠠ ᠷᠠᠪᠠᠨᠢ ᠶᠢᠨ ᠨᠠᠶᠢᠷ ᠬᠢᠵᠦ ᠶᠢᠰᠦᠨ ᠴᠠᠭᠠᠨ ᠮᠤᠷᠢ ᠲᠠᠢ ᠬᠦᠮᠦᠨ ᠰᠤᠮᠤ ᠠᠳᠬᠤᠵᠦ ᠰᠦᠮ᠎ᠡ ᠲᠤᠭᠤᠷᠢᠨ ᠲᠠᠯᠠᠯᠭ᠎ᠠ ᠠᠪᠴᠦ ᠰᠦᠯᠲᠡ ᠲᠠᠬᠢᠵᠦ᠂ ᠡᠷ᠎ᠡ ᠶᠢᠨ ᠭᠤᠷᠪᠠᠨ ᠨᠠᠭᠠᠳᠤᠮ ᠬᠢᠵᠦ ᠶᠡᠭᠡ ᠨᠠᠶᠢᠷ ᠪᠤᠯᠳᠠᠭ ᠪᠠᠶᠢᠵᠠᠢ᠃      1966 ᠤᠨ ᠳᠤ ᠮᠠᠨᠳᠤᠯ ᠰᠦᠮ᠎ᠡ ᠡᠪᠳᠡᠭᠳᠠᠵᠦ ᠨᠤᠳᠤᠭ ᠨᠢ ᠬᠠᠷᠠᠯᠠᠨ᠂ ᠦᠯᠡᠲᠡᠭᠲᠡᠯ ᠪᠠᠭᠤᠷᠢ ᠨᠢ ᠤᠳᠤ  ᠶᠢᠨ ᠮᠠᠨᠳᠤᠯ ᠪᠠᠯᠭᠠᠰᠤᠨ ᠳᠤ ᠬᠤᠴᠤᠷᠴᠠᠢ᠃
 
ᠢᠷᠡᠯᠲᠡ᠄ ᠲᠠᠷᠬᠠᠨ ᠮᠤᠤᠮᠢᠩᠭᠠᠨ ᠤ ᠵᠠᠰᠠᠭ ᠤᠨ ᠤᠷᠳᠤᠨ ᠤ ᠮᠤᠩᠭᠤᠯ ᠰᠦᠯᠵᠢᠶ᠎ᠡ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号