ᠰᠡᠷᠵᠢᠮ ᠡᠷᠭᠦᠭᠦ ᠶᠤᠰᠤ
ᠨᠡᠶᠢᠲᠡᠯᠡᠭᠰᠡᠨ ᠴᠠᠭ᠄
2019-05-13
     ᠠᠷᠢᠭᠢ ᠲᠠᠢ ᠬᠤᠯᠪᠤᠭ᠎ᠠ ᠲᠠᠢ ᠨᠢᠭᠡ ᠵᠠᠩᠰᠢᠯ ᠪᠤᠯ ᠰᠡᠷᠵᠢᠮ ᠡᠷᠭᠦᠭᠦ ᠶᠤᠰᠤ ᠶᠤᠮ᠃ ᠲᠡᠭᠦᠨ ᠢ ᠢᠳᠠᠮ ᠬᠤᠷᠤᠭᠤ ᠪᠠᠷ ᠭᠤᠷᠪᠠᠨ ᠤᠳᠠᠭ᠎ᠠ ᠡᠷᠭᠦᠳᠡᠭ᠃ ᠭᠤᠷᠪᠠᠨ ᠤᠳᠠᠭ᠎ᠠ ᠡᠷᠭᠦᠭᠦ ᠶᠢᠨ ᠤᠴᠢᠷ ᠨᠢ ︽ᠭᠦᠭᠡ ᠲᠡᠭᠷᠢ ᠠᠮᠤᠭᠤᠯᠠᠩ ᠪᠠᠶᠢᠭ︾᠂ ︽ᠭᠦᠷᠦᠰᠦᠳᠤ ᠲᠡᠯᠡᠭᠡᠢ ᠠᠮᠤᠭᠤᠯᠠᠩ ᠪᠠᠶᠢᠭ︾᠂ ︽ᠭᠦᠮᠦᠨ ᠵᠤᠨ ︵ᠠᠶᠢᠯ ᠠᠮᠢᠳᠠᠨ︶ ᠠᠮᠤᠭᠤᠯᠠᠩ ᠪᠠᠶᠢᠭ︾ ᠭᠡᠰᠡᠨ ᠤᠳᠬ᠎ᠠ ᠲᠠᠢ᠃ ᠢᠳᠠᠮ ᠬᠤᠷᠤᠭᠤ ᠪᠠᠷ ᠡᠷᠭᠦᠳᠡᠭ ᠶᠠᠮᠠᠷ ᠤᠴᠢᠷ ᠲᠠᠢ ᠶᠤᠮ ᠭᠡᠭᠦᠯᠡᠷ ᠲᠡᠷᠡ ᠨᠢ ᠭᠠᠷ ᠤᠨ ᠲᠠᠪᠤᠨ ᠬᠤᠷᠤᠭᠤᠨ ᠤ ᠲᠤᠳᠤᠷ᠎ᠠ ᠠᠴᠠ ᠪᠤᠯᠬᠤ ᠪᠤᠯᠬᠤ ᠦᠭᠡᠢ ᠶᠠᠭᠤᠮᠠᠨ ᠳᠤ ᠭᠦᠷᠳᠡᠭ ᠦᠭᠡᠢ ᠬᠠᠮᠤᠭ ᠤᠨ ᠴᠡᠪᠡᠷ ᠶᠤᠮ᠃ ᠶᠠᠭᠠᠭᠢᠭᠠᠳ ᠢᠳᠠᠮ ᠬᠤᠷᠤᠭᠤ ᠭᠡᠵᠤ ᠨᠡᠷᠡᠯᠡᠳᠡᠭ ᠶᠤᠮ ᠭᠡᠪᠡᠯ᠄ ᠮᠤᠩᠭᠤᠯ ᠤᠨ ᠨᠦᠯᠦᠭᠡ ᠪᠦᠭᠦᠢ ᠲᠤᠮᠤ ᠨᠤᠶᠠᠳ ᠢ ᠮᠠᠨᠵᠤ ᠶᠢᠨ ᠬᠠᠭᠠᠨ ᠤᠷᠢᠵᠠᠢ᠃ ᠤᠷᠢᠬᠤ ᠳᠠᠭᠠᠨ ᠴᠢᠩᠭᠢᠰ ᠤᠨ ᠤᠳᠤᠮ ᠤᠨ ᠲᠡᠭᠡᠳᠤ ᠨᠤᠶᠠᠳ ᠢ ᠤᠰᠠᠳᠬᠠᠶ᠎ᠠ ᠭᠡᠰᠡᠨ ᠲᠠᠯᠳᠠ ᠰᠠᠨᠠᠭ᠎ᠠ ᠲᠠᠢ ᠪᠠᠶᠢᠭᠰᠠᠨ ᠶᠤᠮᠰᠠᠨᠵᠠᠢ᠃ ᠲᠤᠮᠤ ᠭᠦᠯᠢᠶᠡᠨ ᠠᠪᠤᠯᠳᠠ ᠭᠢᠵᠤ ᠪᠦᠭᠦᠳᠡ ᠳᠤᠨᠢ ᠡᠷᠳᠡᠨᠢ ᠶᠢᠨ ᠬᠠᠰ ᠬᠤᠨᠳᠠᠭ᠎ᠠ ᠲᠠᠢ ᠠᠷᠢᠭᠢ ᠪᠠᠷᠢᠵᠠᠢ᠃ ᠲᠡᠷᠡ ᠨᠢ ᠪᠦᠭᠦᠳᠡ ᠬᠤᠤᠷ᠎ᠠ ᠲᠠᠢ ᠪᠠᠶᠢᠵᠠᠢ᠃ ᠰᠡᠵᠢᠭ ᠠᠪᠤᠭᠤᠯᠬᠤ ᠦᠭᠡᠢ ᠶᠢᠨ ᠲᠤᠯᠠᠳᠠ ᠬᠤᠤᠷ᠎ᠠ ᠶᠢ ᠲᠡᠷᠡ ᠲᠤᠤᠷ᠎ᠠ ᠪᠠᠨ ᠦᠭᠦᠭᠦᠯᠭᠦ ᠦᠭᠡᠢ ᠤᠳᠠᠭᠠᠨ ᠦᠢᠯᠡᠴᠢᠯᠡᠭᠡ ᠲᠠᠢ᠂ ᠶᠠᠩᠵᠤ ᠪᠦᠷᠢ ᠪᠠᠷ ᠨᠠᠶᠢᠷᠠᠭᠤᠯᠤᠭᠰᠠᠨ ᠪᠠᠶᠢᠭᠰᠠᠨ ᠢ ᠢᠳᠠᠮ ᠲᠦᠰᠢᠮᠡᠯ ᠮᠡᠳᠡᠩᠭᠦᠳᠡ  ᠪᠠᠨ᠄ ᠲᠡᠭᠡᠳᠤᠰ ᠢ ᠲᠠᠭᠠᠵᠤ ᠢᠷᠡᠭᠰᠡᠨ ᠤ ᠬᠢ ᠶᠠᠭᠤ ᠪᠢᠯᠡ᠂ ᠪᠢ ᠨᠢᠭᠡ ᠭᠦᠨᠳᠡᠷᠴᠢᠭᠡᠶ᠎ᠡ ᠭᠡᠳ ᠬᠤᠨᠳᠠᠭ᠎ᠠ ᠪᠠᠨ ᠲᠤᠰᠴᠠᠢ᠃ ᠴᠢᠩᠭᠢᠭᠡᠳ ᠦᠭᠭᠦᠭᠦᠯᠡᠷ ᠨᠢ ᠬᠤᠷᠤᠭᠤ ᠪᠠᠨ ᠲᠦᠷᠦᠭᠡᠳ ᠰᠡᠷᠵᠢᠮ ᠡᠷᠭᠦᠭᠦ ᠳᠤ ᠯᠠ ᠬᠤᠷᠤᠭᠤ ᠨᠢ ᠬᠤᠪᠠᠭ᠋ᠠᠢ ᠴᠠᠶᠢᠵᠤ ᠮᠢᠬ᠎ᠠ ᠨᠢ ᠰᠢᠪᠳᠤᠷᠠᠭᠠᠳ ᠶᠠᠰᠤ ᠨᠢ ᠭᠤᠵᠤᠶᠢᠨ ᠦᠯᠡᠳᠡᠵᠡᠢ᠂ ᠢᠩᠭᠢᠵᠤ ᠮᠤᠩᠭᠤᠯ ᠤᠨ ᠨᠤᠶᠠᠳ  ᠢ ᠠᠪᠤᠷᠠᠭᠰᠠᠨ ᠢᠳᠠᠮ ᠲᠦᠰᠢᠮᠡᠯ ᠤᠨ ᠨᠡᠷ᠎ᠡ ᠪᠠᠷ ᠨᠡᠷᠡᠯᠡᠭᠰᠡᠨ ᠶᠤᠮ ᠭᠡᠳᠡᠭ ᠲᠤᠮᠤᠭ ᠶᠠᠷᠢᠶ᠎ᠠ ᠪᠠᠶᠢᠳᠠᠭ᠃
 
ᠢᠷᠡᠯᠲᠡ᠄ ᠲᠤᠮᠳᠠᠳᠣ ᠣᠯᠤᠰ ᠤᠨ ᠮᠤᠩᠭᠤᠯ ᠬᠡᠯᠡᠨ ᠤ ᠰᠣᠨᠢᠨ ᠮᠡᠳᠡᠭᠡ ᠶᠢᠨ ᠰᠦᠯᠵᠢᠶ᠎ᠡ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号