ᠴᠤᠭᠴᠡ ᠶᠢᠨ ᠰᠦᠮ᠎ᠡ
ᠨᠡᠶᠢᠲᠡᠯᠡᠭᠰᠡᠨ ᠴᠠᠭ᠄
2019-05-13
     ᠴᠤᠬᠴᠡ ᠶᠢᠨ ᠰᠦᠮ᠎ᠡ ︵ᠶᠡᠭᠡ ᠦᠯᠵᠠᠶᠢᠲᠦ ᠪᠠᠶᠠᠰᠬᠤᠯᠠᠩᠲᠦ ᠰᠦᠮ᠎ᠡ︶ ᠶᠢ ᠪᠦᠷᠢᠨᠲᠦ ᠵᠠᠰᠠᠬᠴᠢ ᠶᠢᠨ ᠲᠠᠪᠤᠳᠤᠭᠠᠷ ᠤᠨ ︵1866 ᠤᠨ︶ ᠤ ᠤᠯᠠᠭᠠᠨ ᠪᠠᠷᠰ ᠵᠢᠯ᠂ ᠪᠤᠨᠳᠠᠷ ᠤᠨ ᠬᠤᠶᠠᠳᠤᠭᠠᠷ ᠲᠡᠭᠦᠦ ᠬᠠᠯᠬ᠎ᠠ ᠪᠠᠷᠠᠭᠤᠨ ᠭᠠᠷ ᠢ ᠬᠠᠮᠢᠶᠠᠷᠴᠦ ᠪᠠᠶᠢᠬᠰᠡᠨ ᠪᠠᠶᠢᠰᠡ ᠪᠠᠮᠰᠢᠨᠾᠢ ᠶᠢᠨ ᠶᠢᠰᠦᠳᠦᠭᠡᠷ ᠦᠶ᠎ᠡ ᠶᠢᠨ ᠵᠠᠯᠭᠠᠮᠵᠢᠯᠠᠬᠴᠢ ᠪᠠᠶᠢᠰᠡ ᠨᠤᠶᠠᠨ ᠰᠢᠷᠦᠪᠭᠦ᠋ᠩᠭᠡ ᠦᠪᠡᠷ ᠤᠨ ᠬᠦᠷᠦᠩᠭᠡ ᠮᠦᠩᠭᠦ ᠪᠠᠷ ᠢᠶᠠᠨ ᠪᠠᠶᠢᠭᠤᠯᠤᠭᠰᠡᠨ ᠨᠢᠭᠡ ᠲᠤᠭᠠᠩ ᠬᠤᠶᠠᠷ ᠰᠤᠪᠤᠷᠭ᠎ᠠ ᠪᠡ ᠭᠤᠷᠢᠶ᠎ᠡ ᠬᠦᠷᠢᠶ᠎ᠡ ᠲᠠᠢ ᠬᠤᠪᠢ ᠶᠢᠨ ᠰᠢᠳᠦᠭᠡᠨ ᠤ ᠰᠦᠮ᠎ᠡ ᠪᠤᠯᠤᠨ᠎ᠡ᠃ ᠲᠤᠰ ᠰᠦᠮ᠎ᠡ ᠶᠢ ᠪᠠᠶᠢᠭᠤᠯᠤᠭᠰᠡᠨ ᠭᠠᠵᠠᠷ  ᠤᠨ ᠨᠠᠷ᠎ᠡ ᠨᠢ ᠴᠤᠬᠴᠡ ᠭᠡᠳᠡᠭ ᠪᠤᠯᠬᠤᠷ ᠬᠦᠮᠦᠰ ᠴᠦᠮ ᠴᠤᠬᠴᠡ ᠶᠢᠨ ᠰᠦᠮ᠎ᠡ ᠭᠡᠲᠡᠭ ᠪᠠᠶᠢᠨ᠎ᠡ᠃ ᠪᠠᠰᠡ ᠵᠠᠷᠢᠮ  ᠨᠢ ᠵᠡᠭᠦᠨ ᠪᠡᠶᠢᠰᠡ ᠶᠢᠨ ᠰᠦᠮ᠎ᠡ ᠴᠦ ᠭᠡᠲᠡᠭ ᠪᠠᠶᠢᠵᠠᠢ᠃      ᠲᠤᠬᠠᠢ ᠶᠢᠨ ᠦᠶ᠎ᠡ ᠳᠤ᠂ ᠲᠤᠰ ᠰᠦᠮ᠎ᠡ ᠳᠤ ᠵᠦᠪᠭᠡᠨ ᠬᠤᠶᠠᠷ ᠭᠤᠨᠢᠷ ᠡᠭᠡᠯᠵᠢᠯᠠᠨ ᠰᠠᠭᠤᠵᠦ᠂ ᠡᠳᠤᠷ ᠪᠦᠷᠢ  ᠶᠢᠨ ᠤᠩᠰᠢᠯᠭ᠎ᠠ ᠬᠢᠲᠡᠭ ᠪᠠᠶᠢᠨ᠎ᠡ᠃ ᠵᠢᠯ ᠪᠦᠷᠢ ᠶᠢᠨ ᠪᠢᠯᠢᠭ ᠤᠨ ᠤᠯᠠᠷᠢᠯ ᠤᠨ ᠲᠠᠪᠤᠨ ᠰᠡᠷ᠎ᠡ ᠶᠢᠨ ᠠᠷᠪᠠᠨ ᠭᠤᠷᠪᠠᠨ ᠤ ᠡᠳᠤᠷ ︽ᠰᠦᠯᠲᠡ︾ ᠲᠠᠬᠢᠵᠦ᠂ ᠠᠷᠪᠠᠨ ᠭᠤᠷᠪᠠᠨ ᠬᠠᠷ᠎ᠡ ᠬᠦᠮᠦᠨ ᠨᠤᠮᠤ ᠰᠠᠭᠠᠳᠠᠭ ᠠᠬᠰᠠᠵᠦ ᠰᠤᠮᠤ ᠠᠳᠬᠤᠨ ᠲᠤᠰ ᠪᠦᠷᠢ ᠴᠠᠭᠠᠨ ᠪᠤᠶᠦ ᠴᠠᠶᠢᠪᠦᠷ ᠵᠢᠰᠤᠮ ᠤᠨ ᠮᠤᠷᠢ ᠤᠨᠤᠵᠦ ᠰᠦᠮ᠎ᠡ ᠭᠤᠷᠢᠶ᠎ᠡ ᠶᠢ ᠲᠤᠭᠤᠷᠢᠨ ᠲᠠᠯᠠᠯᠭ᠎ᠠ ᠠᠪᠳᠠᠭ ᠪᠠᠶᠢᠵᠠᠢ᠃ ᠲᠤᠰ ᠲᠠᠯᠠᠯᠭ᠎ᠠ ᠳᠤ ︽ᠪᠤᠶᠠᠨ ᠢ ᠪᠠᠳᠠᠷᠠᠭᠤᠯᠤᠭᠴᠢ ᠰᠦᠮ᠎ᠡ︾ ᠠᠴᠠ ᠭᠡᠰᠡᠭ ᠯᠠᠮᠠ ᠨᠠᠷ  ᠢ ᠵᠠᠯᠠᠵᠦ ᠤᠩᠰᠢᠯᠭ᠎ᠠ ᠬᠢᠯᠭᠡᠬᠦ ᠶᠢᠨ ᠬᠠᠮᠲᠦ ᠮᠢᠯᠡ ᠶᠢᠨ ᠴᠠᠮ ︵ᠶᠠᠭ ᠡᠨᠡᠳᠭᠡᠭ ᠮᠠᠶ᠋ᠢᠭ ᠤᠨ ᠴᠠᠮ︶ ᠴᠠᠮᠨᠠᠳᠠᠭ ᠪᠠᠶᠢᠵᠠᠢ᠃ ᠲᠠᠯᠠᠯᠭ᠎ᠠ ᠳᠤ ᠤᠶᠢᠷ᠎ᠡ ᠬᠠᠪᠢ ᠶᠢᠨ ᠮᠠᠯᠴᠢᠳ ᠬᠢᠭᠡᠳ ᠲᠦᠷᠦᠯ ᠰᠠᠳᠤᠨ ᠨᠢ ᠴᠤᠬᠯᠠᠷᠠᠵᠦ ᠨᠠᠯᠢᠶᠠᠳ ᠬᠦᠷ ᠬᠦᠭᠵᠢᠶᠠᠨ ᠲᠠᠢ ᠨᠠᠶᠢᠷ ᠮᠦᠷᠭᠦᠯ ᠪᠤᠯᠳᠠᠭ ᠪᠠᠶᠢᠨ᠎ᠡ᠃      ᠪᠠᠳᠠᠷᠠᠭᠤᠯᠲᠦ ᠲᠦᠷᠦ ᠶᠢᠨ ᠭᠤᠴᠢᠨ ᠭᠤᠷᠪᠠᠳᠤᠭᠠᠷ ᠤᠨ ︵1907 ᠤᠨ︶ ᠤ ᠤᠯᠠᠬᠴᠢᠨ ᠬᠤᠨᠢᠨ ᠵᠢᠯ᠂ ᠲᠤᠰ ᠰᠦᠮ᠎ᠡ ᠲᠡᠭᠡᠷᠡᠮ ᠤᠨ ᠭᠠᠷ ᠲᠤ ᠦᠷᠡᠭᠳᠠᠵᠠᠢ᠃ ᠦᠯᠡᠲᠡᠭᠰᠡᠨ ᠪᠤᠷᠬᠠᠨ᠂ ᠲᠠᠬᠢᠯ᠂ ᠨᠤᠮ ᠰᠤᠳᠤᠷ ᠵᠡᠷᠭᠡ ᠶᠢ ᠴᠦᠮ ︽ᠪᠤᠶᠠᠨ ᠢ ᠪᠠᠳᠠᠷᠠᠭᠤᠯᠤᠭᠴᠢ ᠰᠦᠮ᠎ᠡ︾ ᠶᠢᠨ ᠵᠠᠮᠰᠠᠷᠠᠩ ᠤᠨ ᠲᠤᠭᠠᠩ ᠳᠤ ᠬᠦᠷᠭᠡᠵᠦ ᠲᠠᠬᠢᠬᠰᠡᠨ ᠪᠠᠶᠢᠨ᠎ᠡ᠃      ᠲᠤᠰ ᠰᠦᠮ᠎ᠡ ᠶᠢᠨ ᠤᠯᠠᠮᠵᠢᠯᠠᠯᠲᠦ ᠮᠢᠯᠡ ᠶᠢᠨ ᠴᠠᠮ ᠢ ᠦᠷᠭᠦᠯᠵᠢᠯᠠᠨ ᠤᠯᠠᠮᠵᠢᠯᠠᠬᠤ ᠶᠢᠨ ᠲᠦᠯᠦᠭᠡ ︽ᠪᠤᠶᠠᠨ ᠢ ᠪᠠᠳᠠᠷᠠᠭᠤᠯᠤᠭᠴᠢ ᠰᠦᠮ᠎ᠡ︾ ᠵᠢᠯ ᠪᠦᠷᠢ ᠶᠢᠨ ᠪᠢᠯᠢᠭ ᠤᠨ ᠤᠯᠠᠷᠢᠯ ᠤᠨ ᠵᠢᠷᠭᠤᠭᠠᠨ ᠰᠠᠷ᠎ᠡ ᠶᠢᠨ ᠠᠷᠪᠠᠨ ᠲᠤᠯᠤᠭᠠᠨ ᠤ ᠡᠳᠤᠷ ᠤᠨ ᠴᠠᠮ ᠳᠠᠭᠠᠨ ᠮᠢᠯᠠ ᠶᠢᠨ ᠴᠠᠮ ᠢ ᠪᠠᠰᠡ ᠴᠠᠮᠨᠠᠬᠤ ᠪᠠᠷ ᠲᠤᠬᠢᠷᠠᠭᠤᠯᠵᠠᠢ᠃      ᠲᠤᠰ ᠰᠦᠮ᠎ᠡ ᠶᠢᠨ ᠪᠠᠷᠢᠯᠭ᠎ᠠ ᠶᠢ ᠲᠠᠬᠢᠵᠦ ᠰᠡᠷᠭᠦᠭᠡᠭᠰᠡᠨ ᠦᠭᠡᠢ᠃ ᠦᠯᠡᠲᠡᠭᠲᠡᠯ ᠪᠠᠭᠤᠷᠢ ᠨᠢ ᠤᠳᠤ ᠶᠢᠨ ᠲᠠᠷᠬᠠᠨ ᠮᠤᠤᠮᠢᠩᠭᠠᠨ ᠬᠤᠯᠪᠤᠭᠠᠲᠦ ᠬᠤᠰᠢᠭᠤᠨ ᠤ ᠡᠷᠳᠠᠨᠢᠠᠤᠪᠤᠭ᠎ᠠ ᠭᠠᠴᠠᠭ᠎ᠠ ᠳᠤ ᠪᠤᠢ᠃                           ︽ᠪᠤᠭᠤᠲᠦ ᠶᠢᠨ ᠰᠦᠢᠳᠦᠭᠰᠡᠨ ᠰᠦᠮ᠎ᠡ ᠭᠡᠶᠢᠳ︾ ᠨᠤᠮ ᠠᠴᠠ ᠪᠠᠭᠤᠯᠭᠠᠪᠡ
 
ᠢᠷᠡᠯᠲᠡ᠄ ᠲᠠᠷᠬᠠᠨ ᠮᠤᠤᠮᠢᠩᠭᠠᠨ ᠤ ᠵᠠᠰᠠᠭ ᠤᠨ ᠤᠷᠳᠤᠨ ᠤ ᠮᠤᠩᠭᠤᠯ ᠰᠦᠯᠵᠢᠶ᠎ᠡ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号