ᠬᠠᠰᠠᠷ ᠪᠤᠬᠲᠡ ᠶᠢᠨ ᠬᠠᠪᠦᠷ ᠤᠨ ᠲᠠᠬᠢᠯᠭ᠎ᠠ ᠦᠪᠡᠲᠡᠭᠰᠢ ᠶᠠᠪᠤᠭᠳᠠᠭᠰᠡᠨ
ᠨᠡᠶᠢᠲᠡᠯᠡᠭᠰᠡᠨ ᠴᠠᠭ᠄
2019-04-08
                                       ᠰᠤᠷᠪᠤᠯᠵᠢᠯᠠᠬᠴᠢ᠄ ᠽᠠᠨᠳᠠᠨᠮᠦ᠋ᠴᠢᠷ   ᠤᠳᠬᠤᠨ      4 ᠰᠡᠷ᠎ᠡ ᠶᠢᠨ 2 ᠤ ᠡᠳᠤᠷ᠂ ᠲᠠᠷᠬᠠᠨ ᠮᠤᠤᠮᠢᠩᠭᠠᠨ ᠬᠤᠯᠪᠤᠭᠠᠲᠦ ᠬᠤᠰᠢᠭᠤᠨ ᠤ ᠮᠢᠩᠭᠠᠨ ᠪᠠᠯᠭᠠᠰᠤᠨ ᠤ ᠰᠠᠷᠠᠭᠤᠯᠳᠠᠯ᠎ᠡ ᠭᠠᠴᠠᠭᠠᠨ ᠤ ᠨᠠᠷᠢᠨ ᠵᠢᠯᠠᠭ᠎ᠠ ᠳᠤ ᠬᠠᠪᠤᠲᠦ ᠬᠠᠰᠠᠷ ᠤᠨ ᠬᠠᠪᠤᠷ ᠤᠨ ᠤᠯᠠᠷᠢᠯ ᠤᠨ ᠲᠠᠬᠢᠯᠭ᠎ᠠ ᠶᠢ ᠶᠠᠪᠤᠭᠳᠠᠭᠤᠯᠵᠠᠢ᠃ ᠲᠤᠰ ᠤᠳᠠᠭᠠᠨ ᠤ ᠲᠠᠬᠢᠯᠭ᠎ᠠ ᠳᠤ ᠤᠶᠢᠷ᠎ᠡ ᠬᠠᠪᠢ ᠶᠢᠨ ᠰᠤᠮᠤ ᠭᠠᠴᠠᠭᠠᠨ ᠤ ᠮᠠᠯᠴᠢᠳ ᠢᠳᠡᠪᠬᠢᠲᠠᠢ ᠤᠷᠤᠯᠴᠠᠵᠦ᠂ ᠲᠠᠬᠢᠯᠭ᠎ᠠ ᠶᠢ ᠬᠦᠢᠴᠡᠳᠭᠡᠭᠰᠡᠨ ᠪᠠᠶᠢᠨ᠎ᠡ᠃ ᠲᠠᠬᠢᠯᠭ᠎ᠠ ᠳᠤ ᠪᠤᠭᠤᠷᠤᠯᠴᠤᠳ ᠠᠴᠠ ᠲᠠᠬᠢᠯᠭ᠎ᠠ ᠶᠢᠨ ᠰᠠᠩ᠂ ᠲᠠᠬᠢᠯ ᠤᠨ ᠤᠩᠰᠢᠯᠭ᠎ᠠ ᠶᠢ ᠤᠯᠠᠮᠵᠢᠯᠠᠯ ᠶᠤᠰᠤᠭᠠᠷ ᠬᠦᠢᠴᠡᠳᠭᠡᠨ᠂ ᠮᠦᠷᠭᠦᠯᠴᠢᠳ ᠡᠷᠭᠦᠯ ᠡᠷᠭᠦᠵᠦ᠂ ᠠᠮᠢᠳᠠᠨ ᠵᠢᠷᠭᠤᠭᠠᠨ ᠵᠦᠢᠯ ᠤᠨ ᠰᠠᠶᠢᠨ ᠰᠠᠶᠢᠬᠠᠨ ᠢ ᠲᠠᠭᠠᠳᠬᠠᠵᠦ᠂ ᠲᠠᠬᠢᠯᠭ᠎ᠠ ᠶᠢᠨ ᠬᠡᠰᠢᠭ ᠬᠦᠷᠲᠡᠵᠡᠭᠡᠭᠰᠡᠨ ᠪᠠᠶᠢᠨ᠎ᠡ᠃      ᠬᠠᠪᠤᠲᠦ ᠬᠠᠰᠠᠷ ᠪᠤᠯ ᠶᠢᠰᠦᠭᠡᠢ ᠪᠠᠭᠠᠳᠤᠷ ᠤᠨ ᠬᠤᠶᠠᠳᠤᠭᠠᠷ ᠬᠦᠪᠡᠭᠦᠨ᠂ ᠴᠢᠩᠭᠢᠰ ᠬᠠᠭᠠᠨ ᠤ ᠲᠡᠭᠦᠦ ᠶᠤᠮ᠃ 1164 ᠤᠨ ᠳᠤ ᠮᠠᠨᠳᠤᠯᠠᠵᠠᠢ᠂ ᠬᠠᠪᠤᠲᠦ ᠬᠠᠰᠠᠷ ᠪᠤᠯ ᠮᠤᠩᠭᠤᠯᠴᠤᠳ ᠲᠦᠮᠡᠨ ᠳᠡᠭᠡᠨ ᠡᠷᠡᠮᠡᠭᠡᠢ ᠪᠠᠭᠠᠳᠤᠷ ᠬᠠᠰᠠᠷ᠂ ᠬᠠᠷᠪᠤᠯᠭ᠎ᠠ ᠨᠠᠮᠨᠠᠬᠤ ᠳᠤ ᠮᠡᠷᠭᠡᠰᠢᠭᠰᠡᠨ ᠵᠦᠴᠢ ᠬᠠᠰᠠᠷ᠂ ᠲᠠᠶᠢᠯ ᠪᠤᠬᠲᠡ ᠬᠡᠮᠡᠨ ᠠᠯᠳᠠᠷᠰᠢᠬᠰᠡᠨ ᠪᠠᠶᠢᠳᠠᠭ᠃ ᠬᠠᠪᠤᠲᠦ ᠬᠠᠰᠠᠷ ᠤᠨ ᠲᠠᠬᠢᠯᠭ᠎ᠠ ᠳᠤ ᠵᠢᠯ ᠤᠨ ᠲᠦᠷᠪᠠᠨ ᠤᠯᠠᠷᠢᠯ ᠤᠨ ᠲᠠᠬᠢᠯᠭ᠎ᠠ ᠶᠢ ᠶᠠᠪᠤᠭᠳᠠᠭᠤᠯᠵᠦ᠂ ᠬᠠᠪᠤᠲᠦ ᠬᠠᠰᠠᠷ ᠤᠨ ᠲᠠᠬᠢᠯᠭ᠎ᠠ ᠶᠢᠨ ᠬᠠᠮᠢᠶᠠᠷᠤᠯᠲᠡ ᠶᠢᠨ ᠭᠠᠵᠠᠷ ᠠᠴᠠ ᠭᠤᠤᠯᠯᠠᠨ ᠬᠦᠢᠴᠡᠳᠭᠡᠲᠡᠭ ᠪᠠᠶᠢᠨ᠎ᠡ᠃ 1987 ᠤᠨ  ᠳᠤ ᠠᠩᠬ᠎ᠠ ᠲᠠᠬᠢᠯᠭ᠎ᠠ ᠶᠢ ᠰᠡᠷᠭᠦᠭᠡᠵᠦ ᠡᠬᠢᠯᠡᠭᠰᠡᠨ ᠠᠴᠠ ᠤᠳᠤ ᠪᠤᠯᠳᠠᠯ᠎ᠡ ᠲᠦᠷᠪᠠᠨ ᠤᠯᠠᠷᠢᠯ ᠤᠨ ᠲᠠᠬᠢᠯᠭ᠎ᠠ ᠪᠠᠨ ᠲᠠᠰᠤᠯᠲᠡᠯ ᠦᠭᠡᠢ ᠲᠠᠬᠢᠬᠰᠠᠭᠠᠷ ᠢᠷᠡᠵᠠᠢ᠃      ᠲᠤᠰ ᠣᠳᠠᠭᠠᠨ ᠤ ᠬᠠᠪᠤᠷ ᠤᠨ ᠲᠠᠬᠢᠯᠭ᠎ᠠ ᠳᠤ ᠪᠠᠰᠡ ᠰᠤᠷ ᠬᠠᠷᠪᠤᠬᠤ ᠤᠷᠤᠯᠳᠤᠭᠠᠨ ᠢ ᠵᠤᠬᠢᠶᠠᠨ ᠪᠠᠶᠢᠭᠤᠯᠤᠨ ᠶᠠᠪᠤᠭᠳᠠᠭᠤᠯᠵᠦ᠂ ᠡᠷᠡᠭᠲᠠᠢ ᠶᠢᠨ ᠲᠤᠭᠤᠶᠢᠯᠠᠩ ᠳᠤ ᠲᠠᠷᠬᠠᠨ ᠮᠤᠤᠮᠢᠩᠭᠠᠨ ᠬᠤᠰᠢᠭᠤᠨ ᠤ ᠪᠠᠶᠠᠨᠬᠤᠸᠠ ᠪᠠᠯᠭᠠᠰᠤᠨ ᠤ ᠪᠤᠯᠤᠳ ᠲᠡᠷᠢᠭᠦᠯᠡᠵᠦ᠂ ᠪᠠᠶᠠᠠᠨᠠᠭᠤᠷ ᠬᠤᠲᠡ ᠶᠢᠨ ᠤᠷᠠᠳ ᠤᠨ ᠲᠤᠮᠳᠠᠲᠦ ᠬᠤᠰᠢᠭᠤᠨ ᠤ ᠨᠤᠭᠤᠨᠵᠢᠶᠠᠭ᠎ᠠ ᠡᠮᠡᠭᠲᠠᠢ ᠶᠢᠨ ᠲᠤᠭᠤᠶᠢᠯᠠᠩ ᠳᠤ ᠲᠠᠷᠢᠭᠦᠯᠡᠭᠰᠡᠨ ᠪᠠᠶᠢᠨ᠎ᠡ᠃

                                      ᠨᠠᠶᠢᠷᠠᠭᠤᠯᠤᠭᠴᠢ᠄ ᠽᠠᠨᠳᠠᠨᠮᠦ᠋ᠴᠢᠷ

                                      ᠬᠢᠨᠠᠬᠴᠢ᠄ ᠸᠠᠩ ᠸᠧᠨ ᠶᠢᠩ

                                      ᠶᠡᠷᠦᠩᠬᠡᠢ ᠬᠢᠨᠠᠬᠴᠢ᠄ ᠵᠠᠩ ᠬᠦᠢ ᠵᠧᠨ

                            ︽ᠪᠠᠭᠠᠳᠤᠷᠯᠢᠭ ᠲᠠᠷᠬᠠᠨ ᠮᠤᠤᠮᠢᠩᠭᠠᠨ︾ ᠵᠢᠷᠬᠢᠶ᠎ᠡ ᠠᠴᠠ ᠪᠠᠭᠤᠯᠭᠠᠪᠡ

 
ᠢᠷᠡᠯᠲᠡ᠄ ᠲᠠᠷᠬᠠᠨ ᠮᠤᠤᠮᠢᠩᠭᠠᠨ ᠤ ᠵᠠᠰᠠᠭ ᠤᠨ ᠤᠷᠳᠤᠨ ᠤ ᠮᠤᠩᠭᠤᠯ ᠰᠦᠯᠵᠢᠶ᠎ᠡ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号