ᠭᠠᠷᠮᠠᠭᠠᠢ ᠴᠢᠳᠡᠯ ᠢᠶᠠᠨ ᠭᠢᠯᠠᠯᠵᠠᠭᠤᠯᠵᠦ ᠭᠠᠪᠢᠶ᠎ᠡ ᠵᠢᠳᠭᠦᠯ ᠢᠶᠠᠨ ᠮᠠᠨᠳᠤᠭᠤᠯᠵᠦ ᠶᠠᠪᠤᠭᠰᠡᠨ ᠬᠠᠪᠤᠲᠦ ᠬᠠᠰᠠᠷ ᠤᠨ ᠬᠤᠶᠢᠴᠢ ᠦᠶ᠎ᠡ ᠶᠢᠨ ᠬᠢᠨ — ᠬᠠᠪᠤᠲᠦ ᠬᠠᠰᠠᠷ ᠤᠨ ᠠᠷᠪᠠᠨ ᠲᠤᠯᠤᠳᠤᠭᠠᠷ ᠦᠶ᠎ᠡ ᠶᠢᠨ ᠠᠴᠢ ᠬᠦᠪᠡᠭᠦᠨ ᠨᠤᠷᠪᠤ ᠴᠡᠭᠡᠨ
ᠨᠡᠶᠢᠲᠡᠯᠡᠭᠰᠡᠨ ᠴᠠᠭ᠄
2019-04-28
     ᠨᠤᠷᠪᠤ ᠴᠡᠭᠡᠨ ᠪᠤᠯ ︵ᠴᠤᠯᠡ ᠸᠴᠢᠷᠲᠦ ᠬᠠᠨ︶ ᠮᠤᠤᠮᠢᠩᠭᠠᠨ ᠠᠶᠢᠮᠠᠭ ᠤᠨ ᠪᠤᠶᠠᠨᠲᠦ ᠬᠠᠨ ᠲᠤᠷᠵᠢ ᠶᠢᠨ ᠬᠦᠪᠡᠭᠦᠨ ᠪᠤᠯᠤᠨ᠎ᠡ᠃ ᠨᠤᠷᠪᠤ ᠴᠡᠭᠡᠨ ᠨᠤᠶᠠᠨ 1633 ᠤᠨ ᠳᠤ ᠮᠠᠨᠵᠦ ᠳᠤ ᠤᠷᠤᠵᠦ ᠦᠭᠭᠦᠭᠰᠡᠨ ᠤ ᠲᠠᠷᠠᠭ᠎ᠠ᠂ 1633 ᠤᠨ ᠳᠤ ᠴᠢᠩ ᠤᠯᠤᠰ ᠤᠨ ᠨᠢᠬᠠᠨ ᠢ ᠲᠠᠭᠠᠵᠦ ᠰᠤᠯᠤᠩᠭᠤᠰ ᠢ ᠪᠠᠶᠢᠯᠳᠤᠪᠡ᠃ 1638 ᠤᠨ ᠳᠤ ᠮᠡᠷᠭᠡᠨ ᠴᠢᠨ ᠸᠠᠩ ᠲᠦᠷᠺᠦ᠋ᠨ ︵ᠲᠤᠷᠭᠤᠨ︶ ᠢ ᠲᠠᠭᠠᠵᠦ ᠮᠢᠩ ᠤᠯᠤᠰ ᠤᠨ ᠴᠡᠷᠢᠭ ᠲᠠᠢ ᠪᠠᠶᠢᠯᠳᠤᠭᠠᠳ ᠱᠠᠨᠳᠦ᠋ᠩ  ᠤᠨ ᠵᠢᠨᠠᠨ ᠹᠦ᠋ ᠶᠢ ᠡᠵᠡᠯᠡᠭᠰᠡᠨ ᠤ ᠲᠠᠷᠠᠭ᠎ᠠ ᠪᠤᠴᠠᠵᠦ ᠢᠷᠡᠭᠰᠡᠨ ᠪᠠᠶᠢᠨ᠎ᠡ᠃ ᠡᠶᠢᠮᠦ ᠠᠴᠠ ᠮᠤᠤᠮᠢᠩᠭᠠᠨ ᠢ ᠨᠢᠭᠡᠨ ᠬᠤᠰᠢᠭᠤ ᠪᠤᠯᠭᠠᠬᠤ ᠦᠶᠡᠰ ᠴᠡᠭᠡᠨ ᠢ ᠲᠡᠷᠢᠭᠦᠨ ᠵᠡᠷᠭᠡ ᠶᠢᠨ ᠲᠠᠶᠢᠵᠢ ᠪᠤᠯᠭᠠᠭᠠᠳ ᠵᠠᠰᠠᠭ ᠪᠠᠶᠢᠭᠤᠯᠵᠠᠢ᠃      ᠴᠡᠭᠡᠨ ᠨᠤᠶᠠᠨ ᠬᠤᠰᠢᠭᠤᠨ ᠤ ᠵᠠᠰᠠᠭ ᠨᠤᠶᠠᠨ ᠪᠤᠯᠤᠭᠰᠡᠨ ᠤ ᠲᠠᠷᠠᠭ᠎ᠠ ᠬᠦᠮᠦᠪᠠᠭᠠᠳᠤᠷ ᠠᠪᠠᠭ᠎ᠠ ᠶᠢᠨ ᠢᠶᠠᠨ ᠬᠠᠮᠲᠦ ᠡᠪᠦᠭᠡ ᠲᠡᠭᠡᠲᠦ ᠬᠠᠪᠤᠲᠦ ᠬᠠᠰᠠᠷ ᠤᠨ ᠰᠦᠯᠲᠡ ᠶᠢ ᠰᠢᠳᠦᠨ ᠲᠠᠬᠢᠵᠦ ᠬᠦᠨᠳᠦᠳᠭᠡᠨ ᠲᠡᠭᠡᠳᠦᠯᠡᠬᠦ ᠳᠡᠭᠡᠨ ᠲᠠᠬᠢᠯᠭ᠎ᠠ ᠶᠢᠨ ᠦᠷᠦᠭᠡ ᠪᠠᠶᠢᠭᠤᠯᠵᠦ᠂ ︽ᠲᠠᠶᠢᠯ ᠪᠤᠬᠲᠡ ᠶᠢᠨ ᠬᠦᠷᠦᠭ︾ ᠢ ᠦᠨᠳᠦᠷ ᠲᠤ ᠵᠠᠯᠠᠵᠦ ᠦᠷᠭᠦᠯᠵᠢ ᠲᠠᠬᠢᠳᠠᠭ ᠪᠠᠶᠢᠪᠡ᠃ ᠡᠶᠢᠮᠦ ᠠᠴᠠ ᠬᠠᠪᠤᠲᠦ ᠬᠠᠰᠠᠷ ᠤᠨ ᠲᠠᠬᠢᠯᠭ᠎ᠠ ᠶᠢ ᠮᠤᠤᠮᠢᠩᠭᠠᠨᠴᠤᠳ ᠤᠨ ᠦᠶ᠎ᠡ ᠪᠦᠷᠢ ᠶᠢᠨ ᠨᠤᠶᠠᠳ ᠨᠢ ᠠᠯᠭᠠᠰᠡᠯ ᠦᠭᠡᠢ ᠵᠠᠯᠭᠠᠨ ᠲᠠᠬᠢᠳᠠᠭ ᠵᠤᠷᠰᠢᠯ ᠲᠠᠢ ᠶᠤᠮ᠃                                            ︽ᠬᠠᠪᠤᠲᠦ ᠬᠠᠰᠠᠷ︾ ᠨᠤᠮ ᠠᠴᠠ ᠪᠠᠭᠤᠯᠭᠠᠪᠡ
 
ᠢᠷᠡᠯᠲᠡ᠄ ᠲᠠᠷᠬᠠᠨ ᠮᠤᠤᠮᠢᠩᠭᠠᠨ ᠤ ᠵᠠᠰᠠᠭ ᠤᠨ ᠤᠷᠳᠤᠨ ᠤ ᠮᠤᠩᠭᠤᠯ ᠰᠦᠯᠵᠢᠶ᠎ᠡ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号