| ᠮᠣᠩᠭᠤᠯᠴᠤᠳ ᠶᠢᠰᠦ ᠶᠢ ᠡᠷᠲᠡᠨ ᠠᠴᠠ ᠨᠠᠰᠢ ᠥᠯᠵᠡᠢ ᠪᠡᠯᠭᠡ ᠶᠢᠨ ᠲᠤᠭ᠎ᠠ ᠭᠡᠵᠤ ᠦᠵᠡᠭᠰᠡᠬᠡᠷ ᠢᠷᠡᠭᠰᠡᠨ | ᠶᠤᠮ᠃ ᠶᠢᠰᠦᠨ ᠴᠠᠭᠠᠨ ᠬᠦᠰᠡᠯ ᠭᠡᠳᠡᠭ ᠨᠢ᠄ | ᠨᠢᠭᠡ᠂ ᠮᠥᠩᠬᠡ ᠶᠢᠨ ᠬᠦᠰᠡᠯ — ᠮᠣᠩᠭᠤᠯ ᠬᠥᠮᠥᠨ ᠤ ᠣᠶᠣᠨ ᠰᠠᠨᠠᠭᠠᠨ ᠳᠤ ᠮᠠᠰᠢ ᠡᠷᠲᠡᠨ ᠠᠴᠠ | ᠮᠥᠩᠬᠡ ᠶᠢᠨ ᠰᠡᠳᠬᠢᠯᠭᠡ ᠲᠣᠰᠣᠭᠰᠠᠨ ᠶᠤᠮ᠃ ᠡᠩᠭᠡ ᠵᠢᠷᠭᠠᠯ ᠲᠠᠢ ᠮᠥᠩᠬᠡ ᠦᠬᠦᠰᠢ ᠦᠭᠡᠢ ᠮᠥᠩᠬᠡ ᠪᠠᠶᠢᠬᠤ ᠶᠢᠨ | ᠬᠦᠰᠡᠯ ᠲᠠᠢ᠃ | ᠬᠤᠶᠠᠷ᠂ ᠵᠢᠷᠭᠠᠯ ᠤᠨ ᠬᠦᠰᠡᠯ — ᠠᠮᠢᠳᠤ ᠶᠢᠨ ᠵᠢᠷᠭᠠᠯ ᠭᠡᠳᠡᠭ᠃ ᠵᠢᠷᠭᠠᠯ ᠤᠨ ᠳᠡᠭᠡᠳᠦ ᠨᠢ ᠰᠡᠳᠬᠢᠯ ᠤᠨ | ᠵᠢᠷᠭᠠᠯ᠂ ᠵᠢᠷᠭᠠᠯ ᠠᠴᠠ ᠰᠠᠶᠢᠬᠠᠨ ᠶᠠᠭᠤᠮ᠎ᠠ ᠦᠭᠡᠢ᠃ ᠥᠰᠬᠦ ᠨᠠᠰᠤᠨ ᠤ ᠵᠢᠷᠭᠠᠯ ᠢ ᠵᠢᠷᠭᠠᠯ ᠭᠡᠵᠤ ᠪᠦᠦ ᠪᠣᠳᠣ᠃ | ᠭᠤᠷᠪᠠ᠂ ᠦᠷ᠎ᠡ ᠶᠢᠨ ᠬᠦᠰᠡᠯ — ᠠᠶᠢᠯ ᠭᠡᠷ ᠤᠨ ᠪᠠᠳᠠᠷᠠᠨ ᠳᠡᠭᠵᠢᠬᠦ ᠶᠢᠨ ᠡᠬᠢ ᠪᠣᠯ ᠭᠠᠯ | ᠭᠤᠯᠣᠮᠲᠠ ᠪᠠᠨ ᠰᠠᠬᠢᠵᠦ ᠭᠠᠯ ᠢᠶᠠᠨ ᠪᠠᠳᠠᠷᠠᠭᠠᠬᠤ ᠭᠡᠷ ᠢᠶᠠᠨ ᠵᠠᠰᠠᠬᠤ ᠦᠷ᠎ᠡ ᠭᠡᠦᠭᠡᠳ ᠶᠤᠮ᠃ ᠡᠶᠢᠮᠦ ᠤᠴᠢᠷ ᠠᠴᠠ | ᠮᠤᠩᠭᠤᠯᠴᠤᠳ ︽ᠦᠷ᠎ᠡ ᠶᠢᠨ ᠪᠤᠶᠠᠨ︾ ᠭᠡᠵᠤ ᠦᠷ᠎ᠡ ᠬᠡᠦᠬᠡᠳ ᠢ ᠮᠦᠷᠦᠭᠡᠳᠴᠦ ᠪᠠᠶᠢᠳᠠᠭ᠃ ᠦᠷ᠎ᠡ ᠲᠠᠢ ᠬᠥᠮᠥᠨ ᠤ | ᠡᠪᠦᠷ ᠳᠤᠯᠠᠭᠠᠨ᠂ ᠦᠷ᠎ᠡ ᠦᠭᠡᠢ ᠬᠥᠮᠥᠨ ᠤ ᠡᠪᠦᠷ ᠬᠦᠢᠲᠡᠨ᠂ ᠦᠷ᠎ᠡ ᠲᠠᠢ ᠬᠥᠮᠥᠨ ᠤ ᠡᠪᠦᠷ ᠨᠦᠢᠲᠠᠨ᠂ ᠦᠷ᠎ᠡ | ᠦᠭᠡᠢ ᠬᠥᠮᠥᠨ ᠤ ᠨᠢᠳᠦ ᠨᠦᠢᠲᠠᠨ ᠭᠡᠳᠡᠭ᠃ | ᠲᠦᠷᠪᠠ᠂ ᠡᠷᠳᠡᠮ ᠤᠨ ᠬᠦᠰᠡᠯ — ᠡᠷᠳᠡᠮ ᠪᠣᠯ ᠭᠤᠷᠪᠠᠨ ᠪᠠᠶᠠᠨ ᠤ ᠳᠡᠭᠡᠳᠦ ᠳᠤ ᠣᠷᠣᠳᠠᠭ᠃ | ᠬᠥᠮᠥᠨ ᠤ ᠣᠶᠣᠨ ᠤᠬᠠᠭᠠᠨ ᠨᠢ ᠬᠠᠮᠤᠭ ᠢ ᠪᠦᠲᠦᠭᠡᠵᠦ ᠪᠣᠯᠬᠤ ᠳᠤ ᠣᠷᠣᠰᠢᠵᠤ ᠪᠠᠶᠢᠨ᠎ᠠ᠃ ᠮᠣᠩᠭᠤᠯ ᠬᠥᠮᠥᠨ | ︽ᠡᠷᠳᠡᠮ ᠤᠨ ᠬᠦᠰᠡᠯ︾ ᠢ ︽ᠨᠣᠮ ᠤᠨ ᠡᠷᠳᠡᠮ︾᠂ ︽ᠤᠷᠠᠯᠠᠬᠤ ᠡᠷᠳᠡᠮ︾᠂ ︽ᠪᠦᠲᠦᠭᠡᠬᠦ ᠡᠷᠳᠡᠮ︾ ᠭᠡᠵᠤ ᠦᠵᠡᠳᠡᠭ᠃ | ᠡᠷᠳᠡᠮᠲᠡᠨ ᠬᠥᠮᠥᠨ ᠳᠠᠯᠠᠢ᠂ ᠡᠷᠳᠡᠮ ᠦᠭᠡᠢ ᠬᠥᠮᠥᠨ ᠪᠠᠯᠠᠢ᠃ | ᠲᠠᠪᠤ᠂ ᠡᠷᠡᠭᠦᠯ ᠤᠨ ᠬᠦᠰᠡᠯ — ᠮᠣᠩᠭᠤᠯ ᠬᠥᠮᠥᠨ ᠤ ᠬᠡᠯᠡᠳᠡᠭ ︽ᠠᠮᠢᠳᠤ ᠶᠢᠨ ᠵᠢᠷᠭᠠᠯ︾ ᠭᠡᠳᠡᠭ ᠨᠢ | ᠡᠷᠡᠭᠦᠯ ᠤᠨ ᠬᠦᠰᠡᠯ ᠶᠤᠮ᠃ ᠠᠮᠢᠳᠤ ᠶᠠᠪᠤᠪᠠᠯ ᠠᠷᠭ᠎ᠠ ᠨᠢ ᠣᠯᠳᠠᠨ᠎ᠠ᠃ ᠠᠮᠢᠳᠤ ᠶᠠᠪᠤᠭᠰᠠᠨ ᠬᠥᠮᠥᠨ ᠠᠯᠲᠠᠨ | ᠠᠶᠠᠭᠠᠨ ᠠᠴᠠ ᠤᠰᠤ ᠤᠤᠭᠤᠨ᠎ᠠ᠃ ᠡᠷᠡᠭᠦᠯ ᠶᠠᠪᠤᠪᠠᠯ ᠡᠷᠳᠡᠨᠢ ᠴᠦ ᠣᠯᠣᠨ᠎ᠠ᠂ ᠰᠠᠷᠠᠭᠤᠯ ᠶᠠᠪᠤᠪᠠᠯ ᠰᠤᠪᠤᠳ ᠴᠦ | ᠤᠯᠤᠨ᠎ᠡ᠃ | ᠵᠢᠷᠭᠤᠭ᠎ᠠ᠂ ᠡᠨᠡᠷᠢᠯ ᠤᠨ ᠬᠦᠰᠡᠯ — ᠮᠣᠩᠭᠤᠯ ᠬᠥᠮᠥᠨ ᠤ ᠰᠡᠳᠬᠢᠯᠭᠡ ᠳᠤ ︽ᠰᠠᠶᠢᠨ ᠰᠠᠨᠠᠭ᠎ᠠ︾ ᠭᠡᠵᠤ | ᠪᠠᠶᠢᠳᠠᠭ᠃ ᠡᠨᠡ ᠨᠢ ᠥᠷᠭᠡᠨ ᠣᠶᠢᠯᠠᠭᠠᠯᠲᠠ ᠪᠠ ᠬᠥᠮᠥᠨ ᠬᠥᠮᠥᠨ ᠳᠡᠭᠡᠨ ᠨᠥᠬᠦᠷ ᠪᠣᠯᠵᠤ ᠲᠡᠭᠦᠨ ᠢ ᠪᠠᠨ ᠡᠨᠡᠷᠢᠨ | ᠬᠠᠶᠢᠷᠠᠯᠠᠬᠤ ᠨᠢᠭᠦᠯᠡᠰᠦᠩᠭᠦᠢ ᠰᠡᠳᠬᠢᠯ ᠢᠶᠠᠷ ᠡᠯᠪᠡᠷᠢᠬᠦ ᠤᠬᠠᠭᠠᠨ ᠶᠤᠮ᠃ ᠡᠯᠪᠡᠷᠢᠯ ᠡᠯᠢᠭᠡᠨ ᠳᠡᠭᠡᠨ᠂ ᠰᠡᠳᠬᠢᠯ | ᠡᠨᠡᠷᠢᠭᠴᠢ ᠵᠢᠷᠦᠬᠡᠨ ᠳᠡᠭᠡᠨ᠃ | ᠳᠤᠯᠤᠭ᠎ᠠ᠂ ᠡᠪ ᠡᠶ᠎ᠡ ᠶᠢᠨ ᠬᠦᠰᠡᠯ — ᠴᠢᠩᠭᠢᠰ ᠬᠠᠭᠠᠨ ᠤ ᠰᠤᠷᠭᠠᠯ ᠳᠤ ᠡᠷᠳᠡᠮ ᠤᠨ ᠳᠡᠭᠡᠳᠦ ᠡᠪ | ᠬᠡᠮᠡᠭᠰᠡᠨ᠂ ᠡᠷᠳᠡᠮ ᠭᠡᠳᠡᠭ ᠨᠢ ᠵᠥᠪᠬᠡᠨ ᠨᠣᠮ ᠪᠢᠴᠢᠭ ᠢ ᠬᠡᠯᠡᠭᠰᠡᠨ ᠪᠢᠰᠢ ᠬᠥᠮᠥᠨ ᠤ ᠣᠶᠣᠨ ᠤᠬᠠᠭᠠᠨ ᠤ ᠳᠡᠭᠡᠳᠦ | ᠴᠢᠨᠠᠷ ᠢ ᠬᠡᠯᠡᠵᠡᠢ᠃ ᠲᠡᠷᠡ ᠨᠢ ᠨᠡᠶᠢᠭᠡᠮ ᠤᠨ ᠦᠵᠡᠯ ᠰᠠᠨᠠᠭᠠᠨ ᠤ ᠡᠪ ᠡᠶ᠎ᠡ ᠪᠣᠯᠬᠤ ᠶᠢ ᠬᠡᠯᠡᠪᠡ᠃ ︽ᠡᠪ ᠢᠶᠠᠷ | ᠪᠦᠲᠦᠭᠡᠵᠦ ᠡᠩᠬᠡ ᠪᠠᠷ ᠵᠢᠷᠭᠠᠨ᠎ᠠ᠂ ᠡᠪ ᠭᠡᠳᠡᠭ ᠬᠢᠵᠠᠭᠠᠷ ᠦᠭᠡᠢ᠂ ᠡᠷᠳᠡᠮ ᠭᠡᠳᠡᠭ ᠢᠷᠤᠭᠠᠷ ᠦᠭᠡᠢ᠂ ᠲᠥᠷᠥ | ᠲᠦᠪᠰᠢᠨ ᠲᠦᠮᠡᠨ ᠠᠮᠤᠭᠤᠯᠠᠩ᠂ ᠡᠪᠯᠡᠭᠦᠯᠪᠡᠯ ᠡᠪᠡᠷ ᠲᠤᠭᠤᠷᠠᠢ ᠬᠤᠶᠠᠷ ᠴᠦ ᠨᠡᠶᠢᠯᠡᠨ᠎ᠡ᠂ ᠡᠪ ᠦᠭᠡᠢ ᠪᠣᠯ ᠡᠯᠢᠭᠡ | ᠪᠥᠭᠡᠷ᠎ᠡ ᠬᠤᠶᠠᠷ ᠴᠦ ᠨᠡᠶᠢᠯᠡᠬᠦ ᠦᠭᠡᠢ︾ ᠭᠡᠳᠡᠭ᠃ | ᠨᠠᠢᠮᠠ᠂ ᠪᠤᠶᠠᠨ ᠤ ᠬᠦᠰᠡᠯ — ᠠᠮᠢᠳᠤᠷᠠᠬᠤᠢ ᠶᠢᠨ ᠶᠣᠰᠣᠨ ᠤ ᠨᠢᠭᠡ ᠵᠦᠢ ᠨᠢ ︽ᠪᠤᠶᠠᠨ︾ ᠭᠡᠵᠤ | ᠮᠣᠩᠭᠤᠯ ᠬᠥᠮᠥᠨ ᠪᠢᠰᠢᠷᠡᠵᠦ ᠢᠷᠠᠵᠠᠢ᠃ ᠡᠨᠡ ᠪᠢᠰᠢᠷᠡᠯ ᠢᠶᠠᠷ ᠲᠥᠷᠥᠯᠬᠢ ᠶᠢᠨ ᠵᠠᠶᠠᠭ᠎ᠠ ᠪᠠᠷ ᠡᠳ᠋ᠯᠡᠬᠦ ᠵᠢᠷᠭᠠᠯ᠂ ᠡᠳ᠋ | ᠮᠠᠯ ᠢ ᠪᠠᠶᠠᠵᠢᠭᠤᠯᠬᠤ ᠪᠤᠶᠠᠨ ᠭᠡᠵᠤ ᠦᠵᠡᠵᠦ ᠪᠠᠶᠢᠪᠠ᠃ ᠦᠷ᠎ᠡ ᠶᠢᠨ ᠪᠤᠶᠠᠨ ᠲᠠᠢ ᠬᠥᠮᠥᠨ ᠳᠤ ᠦᠷ᠎ᠡ ᠵᠠᠶᠠᠭᠠᠳᠠᠭ᠂ | ᠦᠷᠢᠶ᠎ᠡ ᠶᠢᠨ ᠪᠤᠶᠠᠨ ᠲᠠᠢ ᠬᠥᠮᠥᠨ ᠳᠤ ᠤᠨᠠᠭ᠎ᠠ ᠵᠠᠶᠠᠭᠠᠳᠠᠭ᠃ ᠳᠠᠯᠠᠢ ᠬᠤᠰᠢᠭᠤᠨ ᠤ ᠶᠠᠳᠠᠭᠤ ᠠᠷᠠᠳ 10 | ᠬᠡᠦᠬᠡᠳ ᠲᠠᠢ ᠪᠠᠶᠢᠵᠤ ᠲᠡᠷᠡ ᠨᠤᠲᠤᠭ ᠤᠨ ᠨᠢᠭᠡ ᠪᠠᠶᠠᠨ ᠲᠠᠢ ᠮᠠᠷᠭᠤᠯᠳᠤᠬᠤ ᠳᠠᠭᠠᠨ ᠴᠢᠨᠦ ᠲᠦᠮᠡᠨ ᠠᠳᠤᠭᠤ ᠨᠢᠭᠡ | ᠰᠥᠨᠢ ᠶᠢᠨ ᠰᠢᠭᠤᠷᠭᠠᠨ ᠳᠤ ᠪᠠᠶᠢᠬᠤ ᠦᠭᠡᠢ ᠪᠣᠯᠬᠤ ᠳᠤ᠂ ᠮᠢᠨᠤ 10 ᠬᠡᠦᠬᠡᠳ 10 ᠣᠪᠣᠬᠠᠢ ᠪᠣᠰᠬᠠᠵᠤ᠂ 10 | ᠭᠠᠯ ᠠᠰᠠᠭᠠᠵᠤ᠂ 10 ᠲᠣᠭᠤᠭ᠎ᠠ ᠴᠠᠢ ᠴᠢᠨᠠᠵᠤ ᠨᠠᠮ᠎ᠡ ᠶᠢ ᠴᠠᠶᠢᠯᠠᠨᠠ ᠭᠡᠰᠡᠨ ᠨᠢ ᠦᠷ᠎ᠡ ᠲᠠᠢ ᠬᠥᠮᠥᠨ ᠡᠪᠦᠷ | ᠳᠦᠭᠦᠷᠡᠩ᠂ ᠦᠷ᠎ᠡ ᠦᠭᠡᠢ ᠬᠥᠮᠥᠨ ᠡᠮᠡᠭᠡᠯ ᠳᠦᠭᠦᠷᠡᠩ ᠭᠡᠰᠡᠨ ᠰᠠᠨᠠᠭ᠎ᠠ ᠶᠢ ᠭᠠᠷᠭᠠᠵᠠᠢ᠃ | ᠶᠢᠰᠤ᠂ ᠪᠠᠶᠠᠨ ᠤ ᠬᠦᠰᠡᠯ — ᠮᠣᠩᠭᠤᠯᠴᠤᠳ ᠶᠢᠷᠲᠢᠨᠴᠦ ᠶᠢᠨ ᠭᠤᠷᠪᠠᠨ ᠪᠤᠶᠠᠨᠲᠠᠨ ᠡᠷᠳᠡᠮ ᠨᠣᠮ ᠳᠡᠭᠡᠳᠦ | ᠪᠠᠶᠠᠨ᠂ ᠦᠷ᠎ᠡ ᠬᠡᠦᠬᠡᠳ ᠳᠤᠮᠳᠠ ᠪᠠᠶᠠᠨ᠂ ᠡᠳ᠋ ᠬᠥᠷᠥᠩᠭᠡ ᠠᠳᠠᠭ ᠤᠨ ᠪᠠᠶᠠᠨ ᠭᠡᠳᠡᠭ᠃ ᠡᠳ᠋ ᠬᠥᠷᠥᠩᠭᠡ ᠮᠠᠯ | ᠰᠦᠷᠦᠭ ᠢ ᠪᠠᠶᠠᠨ ᠭᠡᠵᠤ ᠦᠵᠡᠨ᠎ᠡ᠃ ᠪᠠᠶᠠᠨ ᠨᠢᠭᠡ ᠰᠢᠭᠤᠷᠭᠠᠨ ᠳᠤ ᠪᠠᠭᠠᠲᠤᠷ ᠨᠢᠭᠡ ᠰᠤᠮᠤᠨ ᠳᠤ ᠭᠡᠳᠡᠭ᠃ ᠪᠠᠶᠠᠨ | ᠭᠡᠭᠴᠢ ᠮᠥᠩᠬᠡ ᠪᠤᠰᠤ᠂ ᠪᠠᠭᠠᠲᠤᠷ ᠭᠡᠭᠴᠢ ᠦᠷᠭᠦᠯᠵᠢ ᠪᠢᠰᠢ᠃ ᠪᠠᠶᠠᠨ ᠬᠥᠮᠥᠨ ᠤ ᠭᠡᠷ ᠲᠤ ᠪᠢᠯᠳᠠᠦᠴᠢ ᠤᠯᠠᠨ | ᠴᠤᠭᠯᠠᠨᠡ᠃ | | |