| ᠲᠦᠪᠳᠠᠨᠵᠠᠮᠰᠦ ᠯᠠᠮᠠᠬᠠᠢ ᠪᠤᠯ ᠲᠠᠷᠬᠠᠨ ᠪᠡᠶᠢᠯᠡ ᠶᠢᠨ ᠬᠤᠰᠢᠭᠤᠨ ᠤ ᠠᠩᠭᠠᠷᠬᠠᠢ ᠴᠠᠭᠠᠨ ᠴᠢᠯᠠᠭᠤ ᠭᠡᠲᠡᠭ | ᠭᠠᠵᠠᠷ ᠲᠤ ᠲᠡᠮᠡᠭᠡᠨ ᠲᠤᠶᠢᠭ ᠢ ᠵᠠᠯᠬᠢᠳᠠᠭ ᠲᠠᠨᠡᠭ ᠮᠠᠩᠭᠠᠳ ᠭᠡᠲᠡᠭ ᠬᠤᠴᠢ ᠲᠠᠢ᠂ ᠮᠠᠩᠭᠠᠳ ᠤᠪᠤᠭᠳᠠᠨ ᠠᠳ᠋᠂ | ᠨᠤᠷᠵᠢᠮ᠎ᠡ ᠭᠡᠭᠴᠢ ᠡᠴᠢᠭᠡ ᠡᠬᠡ ᠲᠠᠢ ᠬᠠᠷᠠᠴᠦ ᠠᠷᠡᠳ ᠤᠨ ᠭᠡᠷ ᠲᠤ ᠲᠦᠷᠦᠵᠠᠢ᠃ 7 ᠨᠠᠰᠤᠳᠠᠢ ᠳᠠᠭᠠᠨ ᠴᠠᠭᠠᠨ | ᠤᠪᠤᠭᠠᠨ ᠤ ᠱᠠᠰᠢᠨ ᠠᠮᠤᠭᠤᠯᠠᠩ ᠭᠡᠶᠢᠳ ᠤᠨ ᠲᠠᠷᠬᠠᠨ ᠯᠠᠮᠠ ᠠᠴᠠ ᠰᠠᠬᠢᠯ ᠠᠪᠴᠦ ᠯᠠᠮᠠ ᠪᠤᠯᠵᠠᠢ᠃ 15 | ᠨᠠᠰᠤᠳᠠᠢ ᠳᠠᠭᠠᠨ᠂ ᠬᠦᠮᠪᠤᠮ᠂ ᠯᠠᠪᠷᠤᠩ ᠬᠡᠶᠢᠳ ᠲᠤ ᠶᠠᠪᠤᠵᠦ ᠨᠤᠮ ᠰᠤᠷᠴᠦ ᠪᠠᠶᠢᠭᠠᠳ 1958 ᠤᠨ ᠳᠤ ᠤᠷᠤᠨ | ᠨᠤᠳᠤᠭ ᠲᠠᠭᠠᠨ ᠪᠤᠴᠠᠵᠦ ᠢᠷᠡᠵᠠᠢ᠃ ᠪᠠᠭ᠎ᠠ ᠵᠠᠯᠠᠭᠤ ᠨᠠᠰᠤᠨ ᠳᠠᠭᠠᠨ ᠠᠷᠪᠠᠳᠤᠭᠠᠷ ᠲᠦᠷᠢ ᠶᠢᠨ ᠪᠠᠨᠴᠢᠨ ᠲᠠᠢ | ᠬᠠᠮᠲᠦ ᠨᠤᠮ ᠳᠤ ᠰᠠᠭᠤᠵᠦ ᠦᠩᠭᠡᠷᠡᠭᠰᠡᠨ᠂ ᠲᠦᠪᠡᠳ ᠬᠡᠯᠡᠨ ᠳᠤ ᠨᠠᠪᠳᠡᠷᠭᠡᠢ᠂ ᠨᠤᠮ ᠤᠨ ᠵᠠᠶᠠᠭ ᠶᠤᠰᠤ ᠰᠠᠶᠢᠨ | ᠮᠡᠲᠡᠲᠡᠭ ᠬᠦᠮᠦᠨ ᠶᠤᠮ᠃ | ᠲᠠᠷᠡ ᠬᠤᠷᠢᠨ ᠲᠦᠷᠪᠡᠲᠠᠢ ᠳᠡᠭᠡᠨ ᠶᠡᠭᠡ ᠵᠤᠤ ᠠᠶᠢᠮᠠᠭ ᠤᠨ ᠨᠠᠩᠰᠦ ᠶᠢᠨ ᠰᠦᠮ᠎ᠡ ᠳᠤ ᠬᠦᠷᠴᠦ ᠪᠠᠷᠢᠮᠡᠯ | ᠱᠤᠭᠤᠮᠠᠯ ᠤᠨ ᠲᠤᠬᠠᠢ ᠠᠩᠬᠠᠨ ᠤ ᠲᠠᠳᠤᠯᠭ᠎ᠠ ᠪᠠᠨ ᠬᠢᠬᠦ ᠳᠡᠭᠡᠨ ᠵᠢᠯ ᠤᠨ ᠬᠤᠭᠤᠴᠠᠭ᠎ᠠ ᠶᠢ ᠬᠡᠷᠡᠭᠰᠡᠨ ᠪᠠᠭᠰᠢ ᠶᠢᠨ | ᠢᠶᠠᠨ ᠲᠠᠭᠠᠭᠤᠯᠭ᠎ᠠ ᠪᠠᠷ ︽ᠴᠤᠶᠢᠵᠤᠩ︾ ᠪᠤᠷᠬᠠᠨ ᠢ ᠬᠢᠵᠦ ᠪᠦᠲᠦᠭᠡᠭᠡᠳ ᠪᠠᠰᠡ ᠬᠡᠲᠦ ᠬᠡᠳᠦᠨ ᠵᠢᠷᠤᠮᠠᠯ ᠪᠤᠷᠬᠠᠨ ᠢ | ᠵᠢᠷᠤᠵᠦ ᠭᠠᠷᠭᠠᠭᠰᠡᠨ ᠢᠶᠠᠷ ᠲᠦᠷᠦᠭᠦᠦ ᠠᠯᠬᠤᠮ ᠢᠶᠠᠨ ᠠᠮᠵᠢᠯᠲᠡ ᠲᠠᠢ ᠡᠬᠢᠯᠡᠵᠡᠢ᠃ | 1958 ᠤᠨ ᠳᠤ ᠨᠤᠳᠤᠭ ᠲᠠᠭᠠᠨ ᠪᠤᠴᠠᠵᠦ ᠵᠢᠷᠠᠨ ᠲᠦᠢᠨ ᠯᠠᠮᠠ ᠶᠢᠨ ᠰᠦᠮ᠎ᠡ ᠳᠤ ᠰᠠᠭᠤᠵᠦ ᠪᠠᠶᠢᠬᠤ | ᠳᠠᠭᠠᠨ ︽ᠰᠤᠶᠤᠯ ᠤᠨ ᠶᠡᠭᠡ ᠬᠤᠪᠢᠰᠬᠠᠯ︾ ᠤᠨ ᠬᠤᠤᠷ ᠬᠦᠨᠦᠬᠡᠯ ᠢ ᠬᠠᠰᠢᠷᠡᠲᠡᠯᠡ ᠪᠠᠨ ᠠᠮᠰᠠᠵᠠᠢ᠃ | 1985 ᠤᠨ ᠳᠤ ᠲᠠᠷᠬᠠᠨ ᠮᠤᠤᠮᠢᠩᠭᠠᠨ ᠬᠤᠯᠪᠤᠭᠠᠲᠦ ᠬᠤᠰᠢᠭᠤᠨ ᠤ ᠨᠠᠮ ᠵᠠᠰᠠᠭ ᠤᠨ ᠤᠳᠤᠷᠢᠳᠤᠯᠭ᠎ᠠ᠂ | ᠬᠠᠮᠢᠶ᠎ᠡ ᠪᠦᠬᠦᠢ ᠨᠢᠭᠡᠴᠡ ᠠᠴᠠ ︽ᠪᠤᠶᠠᠨ ᠢ ᠪᠠᠳᠠᠷᠠᠭᠤᠯᠤᠭᠴᠢ ᠰᠦᠮ᠎ᠡ︾ ︵ᠪᠠᠳᠤᠬᠠᠭᠠᠯᠭ᠎ᠠ ᠰᠦᠮ᠎ᠡ︶ ᠶᠢ ᠰᠡᠷᠭᠦᠭᠡᠨ | ᠪᠠᠶᠢᠭᠤᠯᠬᠤ ᠦᠶ᠎ᠡ ᠳᠤ ᠲᠦᠪᠳᠠᠨᠵᠠᠮᠰᠦ ᠯᠠᠮᠠᠬᠠᠢ ᠪᠠᠳᠤᠬᠠᠭᠠᠯᠭ᠎ᠠ ᠰᠦᠮ᠎ᠡ ᠳᠤ ᠢᠷᠡᠵᠦ ᠰᠡᠷᠭᠦᠭᠡᠨ ᠪᠠᠶᠢᠭᠤᠯᠬᠤ | ᠠᠵᠢᠯ ᠳᠤ ᠢᠲᠡᠪᠬᠢᠲᠠᠢ ᠤᠷᠤᠯᠴᠠᠪᠡ᠃ | 1986 ᠤᠨ ᠳᠤ᠂ ᠲᠡᠷᠡ ᠰᠠᠷ᠎ᠠ ᠭᠠᠷᠤᠢ ᠶᠢᠨ ᠬᠤᠭᠤᠴᠠᠭ᠎ᠠ ᠬᠡᠷᠡᠭᠯᠡᠵᠦ ᠰᠢᠷᠭᠠᠭᠤ ᠠᠵᠢᠯᠯᠠᠭᠰᠡᠨ ᠢᠶᠠᠷ | ︽ᠤᠳᠰᠦ᠋ᠷᠦᠩ︾᠂ ︽ᠱᠠᠬᠢᠮᠤᠨᠢ︾᠂ ︽ᠮᠠᠶᠢᠳᠠᠷᠢ︾ ᠭᠤᠷᠪᠠᠨ ᠴᠠᠭ ᠤᠨ ᠪᠤᠷᠬᠠᠨ ᠢ ᠠᠮᠢᠲᠦ ᠰᠡᠷᠡᠭᠦᠨ ᠮᠠᠲᠦ | ᠲᠦᠷᠰᠦᠯᠢᠭ ᠰᠠᠶᠢᠬᠠᠨ ᠱᠤᠭᠤᠵᠠᠢ᠃ ᠲᠠᠷᠠᠭ᠎ᠠ ᠳᠤ ᠨᠢ ᠨᠠᠢᠮᠠᠨ ᠪᠤᠳᠢᠰᠡᠳ᠋ᠸᠡ᠂ ᠬᠤᠶᠠᠷ ᠰᠠᠬᠢᠭᠤᠯᠰᠤᠨ᠂ ᠱᠠᠬᠢᠮᠤᠨᠢ ᠶᠢᠨ | ᠬᠤᠶᠠᠷ ᠱᠠᠪᠢ ᠶᠢ ᠱᠤᠭᠤᠮᠠᠯᠯᠠᠵᠦ ᠭᠠᠷᠭᠠᠭᠰᠡᠨ ᠪᠦᠭᠡᠳ ᠰᠡᠭᠦᠯᠡᠷ ᠨᠢ ᠬᠠᠪᠤᠲᠦ ᠬᠠᠰᠠᠷ ᠤᠨ ᠬᠦᠷᠦᠭ ᠢ ᠱᠤᠭᠤᠵᠦ | ᠭᠠᠷᠭᠠᠵᠠᠢ᠃ | 1987 ᠤᠨ ᠳᠤ᠂ ᠰᠦᠮ᠎ᠡ ᠶᠢᠨ ᠵᠠᠰᠠᠯ ᠴᠢᠮᠡᠭ ᠢ ᠬᠡᠪ ᠶᠠᠩᠵᠦ ᠲᠠᠭᠠᠷᠠᠭᠤᠯᠤᠨ ᠡᠰᠭᠡᠵᠦ ᠤᠶᠤᠬᠤ ᠠᠵᠢᠯ | ᠢᠶᠠᠨ ᠡᠬᠢᠯᠡᠵᠠᠢ᠃ ᠡᠭᠦᠨ ᠳᠤ ᠠᠷᠪᠠᠨ ᠲᠤᠯᠤᠭᠠᠨ ᠲᠤᠬᠤᠢ ᠦᠨᠳᠦᠷ ᠤᠨ ᠵᠠᠩ ᠴᠢᠮᠡᠭ 3᠂ ᠵᠠᠩᠴᠢᠨ ᠴᠢᠮᠡᠭ 3 ᠶᠢ | ᠤᠶᠤᠵᠦ᠂ ᠲᠤᠮᠲᠡ ᠶᠢᠨ ᠵᠠᠩ ᠴᠢᠮᠡᠭ 14᠂ ᠪᠠᠭ᠎ᠠ ᠵᠠᠩᠴᠢᠨ ᠴᠢᠮᠡᠭ 91 ᠢ ᠡᠰᠭᠡᠵᠦ ᠤᠶᠤᠭᠰᠡᠨ ᠪᠠᠶᠢᠨ᠎ᠡ᠃ ᠪᠠᠰᠠ | ᠲᠤᠯᠤᠭᠠᠨ ᠰᠡᠷ᠎ᠡ ᠭᠠᠷᠤᠢ ᠶᠢᠨ ᠬᠤᠭᠤᠴᠠᠭ᠎ᠠ ᠶᠢ ᠬᠡᠷᠡᠭᠰᠡᠵᠦ ᠰᠠᠬᠢᠭᠤᠯᠰᠤᠨ ᠤ ᠬᠦᠷᠦᠭ ᠢ ᠵᠢᠷᠤᠵᠠᠢ᠃ ᠲᠠᠷᠡ ᠪᠠᠰᠡ | ᠯᠠᠩᠪᠤ ᠭᠤᠸᠠᠢ ᠲᠠᠢ ᠬᠠᠮᠳᠤᠷᠡᠨ ᠪᠠᠳᠤᠬᠠᠭᠠᠯᠭ᠎ᠠ ᠰᠦᠮ᠎ᠡ ᠶᠢᠨ ᠬᠦᠷᠢᠶᠡᠨ ᠳᠠᠬᠢ 12.13 ᠮᠧᠲᠷ ᠦᠨᠳᠦᠷ ᠬᠤᠶᠠᠷ | ᠴᠠᠭᠠᠨ ᠰᠤᠪᠤᠷᠭ᠎ᠠ ᠶᠢ ᠵᠢᠷᠤᠵᠦ ᠲᠦᠯᠦᠪᠯᠡᠨ ᠪᠠᠷᠢᠵᠦ ᠪᠤᠰᠬᠠᠵᠠᠢ᠃ ᠤᠳᠤ ᠡᠨᠡᠬᠦ ︽ᠨᠠᠮᠵᠢᠯ︾᠂ ︽ᠪᠤᠳᠢ︾ ᠬᠡᠭᠴᠢ | ᠬᠤᠶᠠᠷ ᠴᠠᠭᠠᠨ ᠰᠤᠪᠤᠷᠭ᠎ᠠ ᠪᠠᠳᠤᠬᠠᠭᠠᠯᠭ᠎ᠠ ᠰᠦᠮ᠎ᠡ ᠶᠢᠨ ᠪᠠᠰᠡ ᠨᠢᠭᠡᠨ ᠭᠤᠶᠦ ᠦᠵᠡᠮᠵᠢ ᠪᠤᠯᠤᠨ ᠰᠦᠨᠳᠡᠷᠯᠡᠵᠦ | ᠪᠤᠢ᠃ ᠰᠡᠭᠦᠯᠡᠷ ᠨᠢ ᠲᠠᠷᠡ ᠪᠠᠰᠡ ᠰᠦᠮ᠎ᠡ ᠶᠢᠨ ᠡᠮᠦᠨ᠎ᠡ ᠬᠤᠶᠢᠨ᠎ᠡ ᠲᠦᠷᠪᠠᠨ ᠮᠠᠨᠢ ᠶᠢᠨ ᠬᠦᠷᠲᠦ ᠶᠢ ᠪᠦᠲᠦᠭᠡᠵᠦ᠂ | ᠲᠤᠶᠢᠩᠬᠤᠷ ᠤᠨ ᠬᠤᠲᠡ ᠮᠠᠨᠳᠤᠯ ᠢ ᠲᠠᠪᠤᠨ ᠲᠤᠬᠤᠢ ᠶᠢᠨ ᠬᠡᠮᠵᠢᠶ᠎ᠡ ᠪᠠᠷ ᠵᠢᠷᠤᠵᠦ᠂ ᠲᠤᠶᠢᠩᠬᠤᠷ ᠤᠨ ᠵᠢᠨᠰᠠᠷᠡᠭ ᠤᠨ | ᠬᠤᠷᠡᠯ ᠢ ᠰᠢᠨ᠎ᠡ ᠪᠠᠷ ᠡᠬᠢᠯᠡᠵᠦ ᠬᠤᠷᠠᠭᠰᠡᠨ ᠤ ᠬᠠᠮᠲᠦ 1996 ᠤᠨ ᠳᠤ᠂ ᠶᠢᠰᠦᠳᠤᠭᠡᠷ ᠲᠦᠷᠢ ᠶᠢᠨ ᠪᠠᠨᠴᠢᠨ | ᠡᠷᠳᠠᠨᠢ ᠶᠢᠨ ᠦᠶ᠎ᠡ ᠠᠴᠠ ᠡᠬᠢᠯᠡᠵᠦ ᠰᠤᠶᠤᠯ ᠤᠨ ᠬᠤᠪᠢᠰᠬᠠᠯ ᠤᠨ ᠲᠤᠮᠲᠡ ᠦᠭᠡᠢ ᠪᠤᠯᠤᠭᠰᠡᠨ ᠲᠤᠶᠢᠩᠬᠤᠷ ᠤᠨ | ᠴᠠᠮ ᠢ ᠬᠦᠮᠪᠤᠮ ᠰᠦᠮ᠎ᠡ ᠳᠤ ᠤᠴᠢᠵᠦ ᠰᠤᠷᠴᠦ ᠢᠷᠡᠭᠡᠳ ᠲᠡᠬᠢᠠ ᠰᠦᠮ᠎ᠡ ᠭᠡᠶᠢᠳ ᠲᠡᠭᠡᠨ ᠡᠨᠡᠬᠦ ᠴᠠᠮ ᠢ | ᠰᠡᠷᠭᠦᠭᠡᠨ ᠤᠯᠠᠮᠵᠢᠯᠠᠵᠦ ᠴᠠᠮᠨᠠᠬᠤ ᠪᠤᠯᠪᠡ᠃ ᠡᠶᠢᠮᠦ ᠠᠴᠠ ᠲᠦᠪᠳᠠᠨᠵᠠᠮᠰᠦ ᠯᠠᠮᠠᠬᠠᠢ ᠴᠦ ᠠᠶᠢᠮᠠᠭ ᠤᠷᠤᠨ ᠤ ᠰᠤᠨᠢᠨ | ᠰᠡᠳᠭᠦᠯ ᠳᠤ ᠨᠡᠷ᠎ᠡ ᠪᠠᠨ ᠲᠠᠮᠳᠡᠭᠯᠡᠭᠦᠯᠵᠦ ᠦᠩᠭᠡᠷᠡᠭᠰᠡᠨ ᠤᠳᠠᠭ᠎ᠠ ᠲᠠᠢ ᠪᠢᠯᠡ᠃ | | ︽ᠪᠠᠳᠤᠬᠠᠭᠠᠯᠭ᠎ᠠ ᠰᠦᠮ᠎ᠡ︾ ᠨᠤᠮ ᠠᠴᠠ ᠪᠠᠭᠤᠯᠭᠠᠪᠡ | |