ᠴᠢᠯᠠᠭᠤᠨᠪᠠᠳᠤ | | ᠳᠡᠭᠷᠢ ᠭᠠᠵᠠᠷ ᠲᠤ ᠰᠠᠴᠤᠯᠢ ᠡᠷᠭᠦᠭᠦ ᠵᠠᠩ ᠳᠠᠳᠬᠠᠯ ᠮᠤᠩᠭᠤᠯᠴᠤᠳ ᠤᠨ ᠳᠤᠮᠳᠠ ᠡᠷᠳᠡ | ᠤᠵᠣᠭᠤᠷ ᠠᠴᠠ ᠪᠠᠨ ᠶᠠᠪᠤᠭᠳᠠᠵᠦ ᠢᠷᠡᠵᠡᠢ᠃ ᠪᠠᠯᠠᠷ ᠡᠷᠳᠡᠨ ᠤ ᠭᠦᠮᠦᠰ ᠤᠨ ᠶᠡᠭᠡ ᠪᠠᠶᠢᠭᠠᠯᠢ ᠶᠢ ᠰᠢᠳᠦᠭᠦ | ᠰᠡᠳᠭᠢᠯᠭᠡ ᠶᠢᠨ ᠰᠠᠭᠤᠷᠢᠨ ᠳᠤ ᠪᠤᠢ ᠪᠤᠯᠤᠭᠰᠠᠨ ᠡᠨᠡ ᠭᠦ ᠵᠠᠩ ᠦᠢᠯᠠ ᠨᠢ ᠮᠤᠩᠭᠤᠯᠴᠤᠳ ᠤᠨ ᠳᠤᠬᠠᠢ ᠳᠡᠦᠭᠡᠨ | ᠳᠡᠮᠳᠡᠭᠯᠡᠯ ᠳᠤ ᠳᠡᠮᠳᠡᠭᠯᠡᠭᠳᠡᠵᠦ ᠪᠤᠢ᠃ ᠮᠤᠩᠭᠤᠯ ᠠᠶᠢᠯ ᠤᠨ ᠬᠢᠨ ᠦᠷᠯᠦᠭᠡ ᠴᠠᠢ ᠪᠠᠨ ᠴᠢᠨᠠᠭᠠᠳ ᠦᠪᠡᠷᠰᠡᠳ ᠢᠶᠠᠨ | ᠤᠤᠭᠤᠬᠤ ᠠᠴᠠ ᠡᠮᠦᠨ᠎ᠠ ᠰᠢᠨᠠᠭᠠᠨ ᠳᠤ ᠪᠠᠭ᠎ᠠ ᠭᠢᠵᠦ ᠠᠪᠤᠭᠠᠳ ᠭᠠᠳᠠᠨ᠎ᠠ ᠭᠠᠷᠴᠤ ︽ᠳᠡᠭᠷᠢ ᠠᠪᠤ ᠮᠢᠨᠢ︾ ᠭᠡᠵᠦ | ᠳᠡᠭᠡᠭᠰᠢ ᠰᠠᠴᠤᠵᠦ ᠪᠠᠶᠢᠭᠰᠠᠨ ᠢ ᠪᠢᠳᠡ ᠪᠠᠭ᠎ᠠ ᠳᠤ ᠪᠠᠨ ᠤᠯᠠᠨ ᠦᠵᠡᠭᠰᠡᠨ ᠪᠢᠯᠡ᠃ ᠴᠠᠭᠠᠨ ᠰᠠᠷ᠎ᠠ ᠶᠢᠨ | ᠠᠶᠢᠯᠴᠢᠯᠠᠯᠳᠠ ᠪᠤᠶᠤ ᠬᠤᠷᠢᠮ ᠨᠠᠶᠢᠷ ᠲᠤ ᠤᠷᠤᠯᠴᠠᠭᠰᠠᠨ ᠮᠤᠩᠭᠤᠯ ᠭᠦᠮᠦᠰ ᠠᠩᠬᠠᠨ ᠤ ᠬᠤᠨᠳᠠᠭ᠎ᠠ | ᠠᠷᠢᠭᠢᠨ ᠳᠤ ᠪᠠᠨ ᠪᠠᠷᠠᠭᠤᠨ ᠭᠠᠷ ᠤᠨ ᠢᠳᠡᠮ ᠬᠤᠷᠤᠭᠤ ᠪᠠᠨ ᠪᠠᠭ᠎ᠠ ᠲᠦᠷᠦᠰᠭᠢᠵᠦ᠂ ᠳᠡᠭᠡᠭᠰᠢ ᠪᠠᠨ ᠰᠠᠴᠤᠵᠦ | ᠰᠠᠴᠤᠯᠢ ᠡᠷᠭᠦᠳᠡᠭ ᠵᠠᠩ ᠳᠠᠳᠬᠠᠯ ᠡᠳᠦᠭᠡ ᠳᠤ ᠳᠤᠯᠳᠠᠯ᠎ᠠ ᠤᠯᠠᠮᠵᠢᠯᠠᠭᠳᠠᠭᠰᠠᠭᠠᠷ ᠪᠤᠢ᠃ ︽ᠬᠤᠷᠢᠨ ᠨᠠᠢᠮᠠᠳᠤ | ᠳᠠᠶᠢᠯᠪᠤᠷᠢ ᠳᠤᠯᠢ︾ ᠳᠤ ︽ᠠᠶᠢᠷᠠᠭ ᠴᠡᠭᠡ ᠶᠢᠨ ᠳᠡᠭᠡᠵᠢ ᠪᠠᠷ ᠳᠡᠭᠷᠢ ᠭᠠᠵᠠᠷ᠂ ᠤᠷᠤᠨ ᠳᠠᠯᠠᠪᠠᠢ᠂ ᠡᠵᠡᠳ ᠲᠤᠷ | ᠳᠠᠶᠢᠵᠦ ᠳᠠᠪᠠᠭᠯᠠᠬᠤᠢ ᠶᠢᠨ ᠳᠤᠯᠠ ᠶᠢᠰᠤᠨ ᠳᠠᠭᠢᠯ ᠭᠠᠷᠭᠠᠨ ᠦᠢᠯᠡᠳᠦᠭᠰᠡᠨ ᠡᠷᠭᠦᠯ ᠤᠨ ᠬᠤᠯᠪᠤᠭ᠎ᠠ ᠰᠠᠪᠠ ᠶᠢ | ᠰᠠᠴᠤᠯᠢ ᠭᠡᠮᠡᠮᠦᠢ︾ ᠭᠡᠵᠡᠢ᠃ ︽ᠮᠤᠩᠭᠤᠯ ᠭᠡᠯᠡᠨ ᠤ ᠵᠦᠪ ᠳᠠᠭᠤᠳᠠᠯᠭ᠎ᠠ ᠵᠦᠪ ᠪᠢᠴᠢᠯᠭᠡ ᠶᠢᠨ ᠳᠤᠯᠢ︾ ᠳᠤ | ᠰᠠᠴᠤᠯᠢ ᠶᠢ ︽ᠳᠡᠭᠡᠵᠢ ᠡᠷᠭᠦᠭᠦ ᠶᠢᠰᠦᠨ ᠨᠦᠭᠡ ᠲᠠᠢ ᠮᠤᠳᠤ︾ ᠭᠡᠵᠡᠢ᠃ ᠲᠦᠷᠦᠭᠦᠤ ᠭᠡᠳᠤᠨ ᠵᠢᠯ ᠬᠠᠭᠤᠴᠢᠨ ᠤ ᠡᠳ᠋ | ᠴᠤᠭᠯᠠᠭᠤᠯᠳᠠᠭ ᠭᠦᠮᠦᠨ ᠤ ᠭᠠᠷ ᠲᠤ ᠮᠤᠳᠤᠨ ᠬᠤᠰᠤᠭᠤᠷ ᠤᠨ ᠭᠡᠯᠪᠡᠷᠢᠳᠡᠢ᠂ ᠬᠤᠰᠤᠭᠤᠷ ᠤᠨ ᠳᠤᠯᠤᠭᠠᠢ ᠳᠤ ᠨᠢ | ᠶᠢᠰᠦᠨ ᠨᠢᠳᠤ ᠭᠠᠷᠭᠠᠭᠰᠠᠨ ᠰᠠᠴᠤᠯᠢ ᠡᠷᠭᠦᠭᠦ ᠭᠡᠷᠡᠭᠰᠡᠯ ᠢ ᠤᠯᠵᠦ ᠦᠵᠡᠭᠰᠡᠨ ᠶᠤᠮ᠃ ᠪᠠᠷᠤᠭᠯᠠᠬᠤ ᠳᠤ ᠶᠡᠭᠡ | ᠳᠠᠶᠢᠯᠭ᠎ᠠ ᠳᠡᠭᠢᠯᠭ᠎ᠠ ᠳᠤ ᠭᠡᠷᠡᠭᠯᠡᠳᠡᠭ ᠡᠳ᠋ ᠪᠤᠯᠤᠯᠳᠠᠢ᠃ ᠶᠡᠷᠦᠳᠡᠭᠡᠨ ᠡᠨᠡ ᠭᠦ ᠰᠠᠪᠠ ᠪᠠᠷ ᠨᠢᠭᠡ ᠰᠠᠴᠤᠬᠤ ᠳᠤ ᠶᠢᠰᠤ | ᠶᠢᠰᠤ ᠶᠢᠨ ᠨᠠᠶᠠᠨ ᠨᠢᠭᠡ ᠤᠳᠠᠭ᠎ᠠ ᠰᠠᠴᠤᠬᠤ᠂ ᠵᠢᠱᠢᠶᠠᠯᠠᠪᠠᠯ ᠴᠢᠩᠭᠢᠰ ᠤᠨ ᠡᠯ᠎ᠠ ᠳᠠᠶᠢᠯᠭ᠎ᠠ ᠳᠠᠭᠢᠯᠭ᠎ᠠ ᠳᠤ ᠨᠡᠶᠢᠳᠡᠮ | ᠭᠡᠷᠡᠭᠯᠡᠳᠡᠭ ᠨᠠᠶᠠᠨ ᠨᠢᠭᠡ ᠶᠢᠨ ᠰᠠᠴᠤᠯᠢ ᠡᠷᠭᠦᠭᠦ ᠵᠠᠩ ᠳᠠᠳᠬᠠᠯ ᠠᠴᠠ ᠢᠷᠡᠯᠳᠡ ᠲᠠᠢ ᠲᠠᠢ ᠶᠤᠮ᠃ | ᠰᠠᠴᠤᠯᠢ ᠳᠤ ᠭᠡᠷᠡᠭᠯᠡᠭᠦ ᠰᠠᠴᠤᠯᠢ ᠶᠢᠨ ᠶᠠᠭᠤᠮ᠎ᠠ ᠴᠤ ᠤᠯᠠᠨ ᠵᠦᠢᠯ ᠪᠠᠶᠢᠳᠠᠭ᠃ ᠶᠡᠷᠦᠳᠡᠭᠡᠨ ᠰᠦ ᠶᠢ ᠤᠯᠠᠨ | ᠭᠡᠷᠡᠭᠯᠡᠳᠡᠭ᠂ ᠭᠡᠭᠦᠤ ᠶᠢᠨ ᠰᠦ᠂ ᠴᠡᠭᠡ ᠶᠢᠨ ᠳᠤᠰᠬᠠᠢ ᠰᠠᠴᠤᠯᠢ ᠪᠠᠶᠢᠳᠠᠭ᠃ ᠵᠢᠱᠢᠶᠡᠯᠡᠪᠡᠯ ᠰᠡᠷᠵᠢᠮ ᠡᠷᠭᠦᠭᠦ ᠳᠤ | ᠤᠯᠠᠩᠭᠢ ᠳᠤ ᠪᠠᠨ ᠰᠦ ᠦᠭᠡᠢ ᠴᠢᠨᠠᠭᠰᠠᠨ ᠬᠠᠷ᠎ᠠ ᠴᠠᠢ ᠶᠢ ᠡᠷᠭᠦᠳᠡᠭ᠃ ᠡᠨᠡ ᠪᠤᠯ ᠪᠤᠷᠬᠠᠨ ᠱᠠᠰᠢᠨ ᠤ ᠦᠢᠯᠡ ᠳᠤ | ᠭᠡᠷᠡᠭᠯᠡᠳᠡᠭ ᠰᠠᠴᠤᠯᠢ ᠪᠤᠯᠤᠨ᠎ᠠ᠃ ᠪᠠᠰᠠ ᠨᠢᠭᠡ ᠵᠦᠢᠯ ᠤᠨ ᠰᠡᠷᠵᠢᠮ ᠭᠡᠪᠡᠯ ᠡᠪᠴᠢᠭᠦᠤ ᠴᠢᠨᠠᠭᠰᠠᠨ ᠱᠦᠯᠦᠨ ᠤ | ᠳᠤᠰᠤ᠂ ᠬᠠᠷ᠎ᠠ ᠠᠷᠢᠭᠢ᠂ ᠬᠠᠷ᠎ᠠ ᠪᠤᠷᠠᠮ ᠢ ᠬᠤᠯᠢᠵᠦ ᠭᠢᠭᠰᠡᠨ ᠰᠠᠴᠤᠯᠢ ᠪᠤᠯᠤᠨ᠎ᠠ᠃ ᠡᠨᠡ ᠪᠤᠯ ᠭᠠᠯ ᠳᠠᠭᠢᠬᠤ ᠳᠤ | ᠭᠡᠷᠡᠭᠯᠡᠳᠡᠭ ᠤᠨᠴᠠᠭᠠᠢ ᠰᠠᠴᠤᠯᠢ ᠪᠤᠯᠤᠨ᠎ᠠ᠃ ᠬᠠᠯᠢᠮ ᠭᠡᠳᠡᠭ ᠨᠢ ᠰᠢᠷ᠎ᠠ ᠳᠤᠰᠤ᠂ ᠡᠪᠴᠢᠭᠦᠤ ᠴᠢᠨᠠᠭᠰᠠᠨ ᠱᠦᠯᠦᠨ | ᠳᠤᠰᠤ᠂ ᠰᠦ᠂ ᠰᠢᠭᠢᠷ᠂ ᠪᠤᠷᠠᠮ᠂ ᠬᠠᠷ᠎ᠠ ᠠᠷᠢᠭᠢ ᠵᠠᠷᠭᠡ ᠪᠠᠷ ᠨᠠᠶᠢᠷᠠᠭᠤᠯᠤᠨ ᠭᠢᠭᠰᠡᠨ ᠰᠠᠴᠤᠯᠢ ᠪᠠᠶᠢᠳᠠᠭ᠃ | ᠰᠠᠴᠤᠯᠢ ᠡᠷᠭᠦᠭᠦ ᠵᠠᠩ ᠦᠢᠯᠡ ᠨᠢ ᠮᠤᠩᠭᠤᠯᠴᠤᠳ ᠤᠨ ᠡᠭᠡ ᠪᠠᠶᠢᠭᠠᠯᠢ᠂ ᠭᠦᠭᠡ ᠮᠦᠩᠭᠡ ᠳᠡᠭᠷᠢ ᠶᠢ ᠰᠢᠳᠤᠨ | ᠳᠡᠭᠡᠳᠤᠯᠡᠵᠦ᠂ ᠭᠦᠨᠳᠦᠳᠭᠡᠨ ᠳᠠᠭᠢᠵᠦ ᠳᠡᠳᠡᠨ ᠤ ᠦᠷᠦᠰᠢᠶᠠᠯ ᠢᠪᠡᠭᠡᠯ ᠢᠶᠠᠷ ᠡᠩᠭᠡ ᠳᠠᠶᠢᠪᠤᠩ᠂ ᠦᠨᠢᠷ ᠪᠠᠶᠠᠨ ᠠᠵᠤ | ᠲᠦᠷᠦᠭᠦ ᠶᠢ ᠭᠦᠰᠡᠮᠵᠢᠯᠡᠭᠰᠡᠨ ᠠᠭᠤᠯᠭ᠎ᠠ ᠪᠦᠭᠦᠢ ᠵᠠᠩ ᠦᠢᠯᠡ ᠪᠤᠯᠤᠨ᠎ᠠ᠃ ᠳᠡᠷᠡ ᠨᠢ ᠮᠤᠩᠭᠤᠯᠴᠤᠳ ᠤᠨ ᠡᠭᠡ | ᠪᠠᠶᠢᠭᠠᠯᠢ᠂ ᠡᠴᠢᠭᠡ ᠳᠡᠭᠷᠢ ᠵᠢᠴᠢ ᠤᠩᠭᠤᠨ ᠳᠠᠷᠬᠠᠨ ᠵᠦᠢᠯᠡᠰ ᠢ ᠶᠠᠭᠤᠨ ᠠᠴᠠ ᠴᠤ ᠡᠷᠭᠢᠮ ᠳᠤ ᠦᠵᠡᠨ | ᠳᠡᠭᠡᠳᠤᠯᠡᠵᠦ ᠶᠠᠪᠤᠳᠠᠭ ᠨᠠᠨᠳᠢᠨ ᠰᠢᠳᠦᠯᠭᠡ ᠪᠢᠰᠢᠷᠡᠯ ᠢ ᠢᠯᠡᠷᠡᠭᠦᠯᠦᠭᠰᠡᠨ ᠪᠠᠶᠢᠳᠠᠭ ᠢᠶᠠᠷ ᠢᠶᠠᠨ ᠤᠳᠤ ᠰᠢᠨ᠎ᠠ ᠴᠠᠭ | ᠦᠶ᠎ᠠ ᠳᠤ ᠠᠮᠢ ᠠᠬᠤᠢ ᠶᠢ ᠬᠠᠮᠠᠭᠠᠯᠠᠬᠤ ᠶᠢ ᠳᠡᠭᠡᠳᠤᠯᠠᠨ᠂ ᠡᠶ᠎ᠡ ᠨᠠᠶᠢᠷᠠᠮᠳᠠᠭᠤ ᠨᠠᠶᠢᠭᠡᠮ ᠢ ᠴᠤᠭᠴᠠᠯᠠᠬᠤ | ᠬᠠᠨᠳᠤᠰᠢ ᠲᠠᠢ ᠨᠢᠭᠡᠳᠤᠨ᠂ ᠰᠢᠨ᠎ᠠ ᠠᠮᠢᠯᠠᠯ ᠭᠦᠭᠵᠢᠯ ᠢᠶᠠᠨ ᠤᠯᠵᠦ ᠪᠠᠶᠢᠭ᠎ᠠ ᠪᠢᠯᠡ᠃ | |